【 ᠲᠣᠶᠢᠮᠣ ᠪᠠᠶᠢᠳᠠᠯ】 ᠣᠯᠣᠰ ᠤᠨ ᠦᠮᠴᠢᠯᠡᠯᠲᠦ ᠦᠷ᠎ᠡ ᠶᠢᠨ ᠮᠠᠯ ᠤᠨ ᠲᠠᠯᠠᠪᠠᠢ ᠨᠢ ᠵᠠᠯᠠᠶᠢᠳ ᠬᠤᠰᠢᠭᠤᠨ | ᠤ ᠪᠠᠷᠠᠭᠤᠨ ᠬᠤᠶᠢᠨ᠎ᠠ ᠬᠡᠰᠡᠭ ᠲᠤ ᠪᠠᠶᠢᠷᠢᠯᠠᠵᠣ ᠪᠠᠶᠢᠨ᠎ᠠ᠂ ᠢᠨᠳᠡᠷ ᠪᠠᠯᠭᠠᠰᠤ ᠠᠴᠠ 108 ᠺᠢᠯᠣᠮᠧᠲᠷ ᠵᠠᠢ ᠲᠠᠢ᠂ | ᠤᠯᠠᠭᠠᠨᠬᠤᠲᠠ ᠠᠴᠠ 122 ᠺᠢᠯᠣᠮᠧᠲᠷ ᠵᠠᠢ ᠲᠠᠢ᠃ ᠬᠤᠶᠢᠨ᠎ᠠ ᠪᠠᠨ ᠬᠦᠯᠦᠨ ᠪᠣᠶᠢᠷ ᠤᠨ ᠵᠠᠯᠠᠨ ᠠᠶᠢᠯ ᠬᠤᠲᠠ | ᠶᠢᠨ ᠬᠤᠷᠤᠭ᠎ᠠ ᠰᠢᠶᠠᠩ ᠲᠠᠢ ᠬᠠᠪᠢᠳᠠᠵᠤ᠂ ᠲᠦᠰᠢ ᠶᠢᠨ ᠭᠤᠣᠯ ᠢᠶᠠᠷ ᠵᠠᠭᠠᠭ ᠪᠣᠯᠭᠠᠨ᠎ᠠ᠃ ᠪᠠᠷᠠᠭᠤᠨ ᠢᠶᠠᠨ | ᠬᠤᠷᠴᠢᠨ ᠪᠠᠷᠠᠭᠤᠨ ᠭᠠᠷᠣᠨ ᠡᠮᠦᠨᠡᠲᠦ ᠬᠤᠰᠢᠭᠤᠨ ᠤ ᠬᠤᠷᠢᠨ ᠰᠤᠮᠣ ᠲᠠᠢ ᠬᠦᠷᠰᠢᠯᠳᠦᠵᠦ᠂ ᠲᠦᠮᠡᠨᠲᠦ ᠵᠢᠯᠠᠭ᠎ᠠ᠂ | ᠯᠡᠭᠵᠢᠮᠠ ᠶᠢᠨ ᠳᠠᠪᠠᠭ᠎ᠠ ᠪᠠᠷ ᠵᠠᠭᠠᠭ ᠪᠣᠯᠭᠠᠨ᠎ᠠ᠃ ᠡᠮᠦᠨ᠎ᠡ ᠪᠠᠨ ᠠᠯᠳᠠᠷᠲᠣ ᠰᠤᠮᠣ ᠲᠠᠢ ᠬᠦᠷᠰᠢᠯᠳᠦᠵᠦ ᠪᠠᠶᠢᠨ᠎ᠠ᠃ | ᠵᠡᠬᠦᠨ ᠢᠶᠠᠨ ᠪᠠᠶ᠋ᠬᠠᠣᠯᠠᠭᠠᠨ ᠰᠤᠮᠣ ᠲᠠᠢ ᠵᠠᠬ᠎ᠠ ᠨᠡᠶᠢᠯᠡᠵᠦ ᠪᠠᠶᠢᠨ᠎ᠠ᠂ ᠪᠠᠢ ᠴᠢ ᠱᠠᠨ ᠠᠭᠤᠯᠠ ᠪᠠᠷ ᠵᠠᠭᠠᠭ ᠪᠣᠯᠭᠠᠨ᠎ᠠ᠃ | ᠣᠯᠣᠰ ᠤᠨ ᠦᠮᠴᠢᠯᠡᠯᠲᠦ ᠦᠷ᠎ᠡ ᠶᠢᠨ ᠮᠠᠯ ᠤᠨ ᠲᠠᠯᠠᠪᠠᠢ ᠨᠢ ᠰᠠᠯᠠᠭᠠᠨ ᠳᠡᠰ ᠤᠨ ᠠᠵᠢᠯ ᠦᠢᠯᠡᠰ ᠤᠨ ᠨᠢᠭᠡᠴᠡ | ᠳᠤ ᠬᠠᠷᠢᠶᠠᠯᠠᠭᠳᠠᠨ᠎ᠠ᠃ ᠲᠠᠰᠢ ︵ᠳᠡᠰ︶᠂ ᠰᠢᠬᠦᠷᠲᠡᠢ᠂ ᠪᠠᠶᠠᠨᠬᠤᠸᠠ ᠭᠤᠷᠪᠠᠨ ᠭᠠᠴᠠᠭ᠎ᠠ ᠪᠣᠯᠣᠨ ᠳᠦᠷᠪᠡᠨ | ᠲᠣᠰᠬᠤᠨ ᠲᠠᠢ᠃ ᠦᠷ᠎ᠡ ᠶᠢᠨ ᠮᠠᠯ ᠤᠨ ᠲᠠᠯᠠᠪᠠᠢ ᠨᠢ ᠲᠠᠰᠢ ᠭᠠᠴᠠᠭᠠᠨ ᠳᠤ ᠪᠠᠶᠢᠷᠢᠯᠠᠵᠣ ᠪᠠᠶᠢᠨ᠎ᠠ᠃ ᠶᠡᠷᠦᠩᠬᠡᠢ | ᠲᠠᠯᠠᠪᠠᠢ ᠨᠢ 143 ᠲᠦᠮᠡᠨ ᠮᠣ᠋᠂ ᠡᠭᠦᠨ ᠳᠤ ᠨᠣᠲᠤᠭ ᠳᠡᠪᠢᠰᠭᠡᠷ ᠤᠨ ᠲᠠᠯᠠᠪᠠᠢ ᠨᠢ 44 ᠲᠦᠮᠡᠨ ᠮᠣ᠋᠂ ᠲᠠᠷᠢᠶᠠᠨ | ᠭᠠᠵᠠᠷ ᠤᠨ ᠲᠠᠯᠠᠪᠠᠢ ᠨᠢ 10.414 ᠲᠦᠮᠡᠨ ᠮᠣ᠋᠂ ᠣᠢ ᠰᠢᠭᠤᠢ ᠶᠢᠨ ᠲᠠᠯᠠᠪᠠᠢ ᠨᠢ 88.6 ᠲᠦᠮᠡᠨ ᠮᠣ᠋ | ᠪᠣᠯᠣᠨ᠎ᠠ᠃ | ᠦᠷ᠎ᠡ ᠶᠢᠨ ᠮᠠᠯ ᠤᠨ ᠲᠠᠯᠠᠪᠠᠢ ᠨᠢ ᠶᠡᠭᠡ ᠬᠢᠩᠭᠠᠨ ᠳᠠᠪᠠᠭ᠎ᠠ ᠶᠢᠨ ᠡᠮᠦᠨ᠎ᠡ ᠬᠤᠷᠮᠣᠢ ᠳᠤ ᠪᠠᠶᠢᠷᠢᠯᠠᠵᠣ᠂ ᠠᠭᠤᠯᠠᠰ | ᠢᠶᠠᠷ ᠬᠦᠷᠢᠶᠡᠯᠡᠭᠳᠡᠵᠦ᠂ ᠡᠷᠭᠦᠭᠳᠡᠴᠡ ᠨᠢ 400 ᠮᠧᠲᠷ ᠠᠴᠠ ᠳᠡᠭᠡᠭᠰᠢ᠂ ᠬᠠᠮᠤᠭ ᠦᠨᠳᠦᠷ ᠲᠤ ᠪᠠᠨ 1025 | ᠮᠧᠲᠷ ᠬᠦᠷᠴᠦ᠂ ᠠᠭᠤᠯᠠᠷᠬᠠᠭ ᠭᠠᠵᠠᠷ ᠤᠨ ᠣᠢ ᠰᠢᠭᠤᠢ ᠶᠢᠨ ᠲᠠᠯ᠎ᠠ ᠨᠣᠲᠤᠭ ᠤᠨ ᠣᠷᠣᠨ ᠳᠤ ᠪᠠᠭᠲᠠᠨ᠎ᠠ᠃ | ᠨᠣᠲᠤᠭ ᠳᠡᠪᠢᠰᠬᠡᠷ ᠲᠤ ᠭᠤᠣᠯ ᠮᠦᠷᠡᠨ ᠵᠠᠯᠭᠠᠯᠳᠣᠵᠣ᠂ ᠴᠣᠣᠯ ᠭᠤᠣᠯ᠂ ᠲᠦᠰᠢ ᠶᠢᠨ ᠭᠤᠣᠯ᠂ ᠲᠦᠢᠯ ᠤᠨ | ᠭᠤᠣᠯ᠂ ᠭᠤᠳᠢ ᠶᠢᠨ ᠭᠤᠣᠯ᠂ ᠰᠢᠬᠦᠷᠲᠡᠢ ᠭᠤᠣᠯ ᠵᠡᠷᠭᠡ ᠲᠠᠪᠣᠨ ᠭᠤᠣᠯ ᠲᠠᠢ᠃ ᠡᠭᠦᠨ ᠠᠴᠠ ᠭᠠᠳᠠᠨ᠎ᠠ ᠶᠡᠭᠡ | ᠪᠠᠭ᠎ᠠ ᠭᠤᠣᠯ ᠮᠦᠷᠡᠨ᠂ ᠪᠣᠯᠠᠭ ᠠᠷᠪᠠ ᠭᠠᠷᠣᠢ ᠪᠠᠶᠢᠵᠣ᠂ ᠪᠡᠯᠴᠢᠭᠡᠷ ᠤᠰᠤ ᠲᠡᠩᠴᠡᠭᠰᠡᠨ ᠦᠩ ᠰᠢᠮᠡᠯᠢᠭ ᠭᠠᠵᠠᠷ | ᠣᠷᠣᠨ ᠪᠣᠯᠣᠨ᠎ᠠ᠃ ᠬᠠᠬᠢᠷ ᠬᠦᠢᠲᠡᠨ ᠡᠬᠡ ᠬᠠᠭᠤᠷᠠᠢ ᠶᠢᠨ ᠴᠢᠨᠠᠷᠲᠠᠢ ᠠᠭᠤᠷ ᠠᠮᠢᠰᠬᠤᠯ ᠳᠤ ᠪᠠᠭᠲᠠᠨ᠎ᠠ᠂ ᠬᠢᠷᠠᠭᠤ | ᠦᠬᠡᠢ ᠬᠤᠭᠤᠴᠠᠭ᠎ᠠ ᠨᠢ ᠪᠠᠷᠤᠭ 115 ᠡᠳᠦᠷ᠂ ᠬᠠᠮᠤᠭ ᠬᠠᠯᠠᠭᠤᠨ ᠳᠤ ᠪᠠᠨ 36 ᠭᠷᠠᠳᠦ᠋ᠰ᠂ ᠬᠠᠮᠤᠭ ᠬᠦᠢᠲᠡᠨ | ᠳᠤ ᠪᠠᠨ ᠲᠡᠭ ᠠᠴᠠ ᠳᠣᠷᠣᠭᠰᠢ 38 ᠭᠷᠠᠳᠦ᠋ᠰ᠂ ᠵᠢᠯ ᠤᠨ ᠬᠤᠷᠠᠮᠠᠯ ᠳᠣᠯᠠᠭᠠᠨ ᠤ ᠬᠡᠮᠵᠢᠶ᠎ᠡ 2000~2200 | ᠭᠷᠠᠳᠦ᠋ᠰ᠂ ᠵᠢᠯ ᠤᠨ ᠲᠣᠨᠳᠠᠰᠤᠨ ᠤ ᠬᠡᠮᠵᠢᠶ᠎ᠡ ᠪᠠᠷᠤᠭ 450 ᠮᠢᠯᠢᠮᠧᠲᠷ ᠣᠷᠴᠢᠮ᠃ ᠲᠤᠰ ᠲᠠᠯᠠᠪᠠᠢ ᠳᠤ ᠠᠭᠤᠯᠠ | ᠬᠠᠳᠠ ᠰᠦᠨᠳᠡᠷᠯᠡᠨ ᠰᠡᠬᠦᠶᠢᠨ᠂ ᠪᠡᠯᠴᠢᠬᠡᠷ ᠤᠰᠤ ᠲᠠᠩᠰᠤᠭ ᠪᠠᠶᠠᠨ᠂ ᠲᠠᠷᠢᠶᠠᠯᠠᠩ ᠮᠠᠯ ᠠᠵᠣ ᠠᠬᠤᠢ ᠶᠢ | ᠬᠦᠭᠵᠢᠬᠦᠯᠬᠦ ᠳᠤ ᠶᠡᠭᠡ ᠰᠠᠶᠢᠬᠠᠨ ᠶᠣᠮ᠃ |