【 ᠲᠣᠶᠢᠮᠤ ᠪᠠᠶᠢᠳᠠᠯ】 ᠠᠷᠪᠡᠨᠭᠡᠷ ᠪᠠᠯᠭᠠᠰᠤ ᠶᠢᠨ ᠪᠠᠶᠢᠷᠢᠰᠢᠯ ᠨᠢ ᠵᠡᠬᠦᠨ ᠤᠷᠳᠣᠷᠢᠭ ᠤᠨ 122 ᠭᠷᠠᠳᠦ᠋ᠰ | ᠂ ᠤᠮᠠᠷᠠᠲᠣ ᠦᠷᠭᠡᠷᠢᠭ ᠤᠨ 47 ᠭᠷᠠᠳᠦ᠋ᠰ ᠲᠤ ᠪᠠᠶᠢᠵᠤ᠂ ᠵᠡᠬᠦᠨᠰᠢ ᠪᠠᠷᠠᠭᠤᠨᠰᠢ 34.5 ᠺᠢᠯᠣᠮᠧᠲᠷ ᠵᠠᠢ ᠲᠠᠢ᠂ | ᠡᠮᠦᠨᠡᠰᠢ ᠤᠮᠠᠷᠠᠰᠢ 32 ᠺᠢᠯᠣᠮᠧᠲᠷ ᠵᠠᠢ ᠲᠠᠢ᠃ ᠵᠠᠯᠠᠶᠢᠳ ᠬᠤᠰᠢᠭᠤᠨ ᠤ ᠤᠮᠠᠷᠠᠲᠣ᠂ ᠪᠣᠭᠲᠠ ᠠᠭᠤᠯᠠ ᠶᠢᠨ | ᠬᠤᠷᠮᠣᠢ᠂ ᠴᠣᠣᠯ ᠭᠤᠣᠯ ᠤᠨ ᠬᠦᠪᠡᠭᠡᠨ ᠳᠤ ᠪᠠᠶᠢᠷᠢᠯᠠᠵᠤ᠂ ᠬᠤᠶᠢᠨ᠎ᠠ ᠪᠠᠨ ᠬᠦᠯᠦᠨ ᠪᠣᠶᠢᠷ ᠬᠤᠲᠠ ᠲᠠᠢ | ᠵᠠᠯᠭᠠᠯᠳᠤᠵᠤ᠂ ᠵᠡᠬᠦᠨ ᠢᠶᠠᠨ ᠬᠠᠷᠠᠮᠦ᠋ᠷᠡᠨ ᠮᠣᠵᠢ ᠶᠢᠨ ᠯᠦᠩ ᠵᠢᠶᠠᠩ ᠰᠢᠶᠠᠨ ᠲᠠᠢ ᠬᠦᠷᠰᠢᠯᠡᠵᠦ᠂ ᠡᠮᠦᠨ᠎ᠡ ᠪᠠᠨ | ᠪᠠᠶᠠᠨᠵᠢᠯᠠᠭ᠎ᠠ ᠰᠢᠶᠠᠩ ᠲᠠᠢ ᠵᠠᠬ᠎ᠠ ᠨᠡᠶᠢᠯᠡᠵᠦ᠂ ᠪᠠᠷᠠᠭᠤᠨ ᠢᠶᠠᠨ ᠪᠠᠳᠠᠷᠠᠬᠤ ᠪᠠᠯᠭᠠᠰᠤ ᠪᠣᠯᠣᠨ ᠪᠠᠶ᠋ᠬᠠᠣᠯᠠᠭᠠᠨ ᠰᠣᠮᠣ | ᠪᠠᠷ ᠵᠠᠬ᠎ᠠ ᠨᠡᠶᠢᠯᠡᠵᠦ ᠪᠠᠶᠢᠨ᠎ᠠ᠃ ᠶᠡᠷᠦᠩᠬᠡᠢ ᠲᠠᠯᠠᠪᠠᠢ ᠨᠢ 687 ᠲᠡᠭᠰᠢ ᠳᠦᠷᠪᠡᠯᠵᠢᠨ ᠺᠢᠯᠣᠮᠧᠲᠷ᠃ ᠪᠦᠬᠦ | ᠪᠠᠯᠭᠠᠰᠤ ᠨᠢ 11 ᠭᠠᠴᠠᠭ᠎ᠠ᠂ 1 ᠨᠡᠶᠢᠬᠡᠮ ᠲᠣᠭᠤᠷᠢᠭ᠂ 43 ᠲᠣᠰᠬᠤᠨ ᠲᠠᠢ᠃ ᠮᠣᠩᠭᠤᠯ᠂ ᠬᠢᠲᠠᠳ᠂ ᠮᠠᠨᠵᠣ᠂ | ᠰᠢᠪᠡᠭᠡ ᠳᠦᠷᠪᠡᠨ ᠦᠨᠳᠦᠰᠦᠲᠡᠨ ᠲᠠᠢ᠂ ᠡᠭᠦᠨ ᠳᠤ᠂ ᠮᠣᠩᠭᠤᠯ ᠦᠨᠳᠦᠰᠦᠲᠡᠨ ᠤ ᠬᠦᠮᠦᠨ ᠠᠮᠠ ᠶᠢᠨ ᠲᠤᠭ᠎ᠠ ᠨᠢ | 1.78 ᠲᠦᠮᠡ᠂ ᠡᠨᠡ ᠨᠢ ᠪᠦᠬᠦ ᠬᠦᠮᠦᠨ ᠠᠮᠠ ᠶᠢᠨ 96 % ᠶᠢ ᠡᠵᠡᠯᠡᠨ᠎ᠡ᠃ ᠪᠠᠯᠭᠠᠰᠤᠨ ᠤ ᠠᠷᠠᠳ ᠤᠨ ᠵᠠᠰᠠᠭ | ᠤᠨ ᠣᠷᠳᠣᠨ ᠨᠢ ᠠᠷᠪᠡᠨᠭᠡᠷ ᠪᠠᠯᠭᠠᠰᠤᠨ ᠤ ᠲᠣᠰ ᠠᠶᠢᠯ ᠳᠤ ᠨᠢ ᠪᠠᠶᠢᠷᠢᠰᠢᠵᠣ᠂ ᠢᠨᠳᠠᠷ ᠪᠠᠯᠭᠠᠰᠤ ᠠᠴᠠ 55 | ᠺᠢᠯᠣᠮᠧᠲᠷ ᠵᠠᠶᠢᠲᠠᠢ᠃ | 111 ᠣᠯᠣᠰ ᠤᠨ ᠵᠠᠰᠠᠮᠠᠯ ᠵᠠᠮ ᠪᠣᠯᠣᠨ ᠮᠣᠵᠢ ᠶᠢᠨ ᠬᠤᠭᠤᠷᠣᠨᠳᠣᠬᠢ ᠵᠠᠰᠠᠮᠠᠯ ᠵᠠᠮ ︽ᠬᠤᠶᠠᠷ ᠶᠡᠭᠡ ᠵᠠᠮ︾ | ᠨᠢ ᠡᠮᠦᠨ᠎ᠡ ᠣᠮᠠᠷ᠎ᠠ 32 ᠺᠢᠯᠣᠮᠧᠲᠷ ᠰᠤᠨᠳᠠᠯᠠᠵᠡᠢ᠃ ᠤᠮᠠᠷᠠᠲᠣ ᠰᠡᠷᠢᠬᠦᠨ ᠪᠦᠰᠡ ᠶᠢᠨ ᠡᠬᠡ ᠬᠠᠭᠤᠷᠠᠢ ᠶᠢᠨ | ᠴᠢᠨᠠᠷᠲᠠᠢ ᠣᠯᠠᠷᠢᠯ ᠤᠨ ᠠᠭᠤᠷ ᠠᠮᠢᠰᠬᠤᠯ ᠳᠤ ᠪᠠᠭᠲᠠᠨ᠎ᠠ᠂ ᠵᠣᠨ ᠤ ᠣᠯᠠᠷᠢᠯ ᠨᠢ ᠳᠣᠯᠠᠭᠠᠨ ᠮᠦᠷᠲᠡᠭᠡᠨ ᠣᠬᠤᠷ᠂ | ᠡᠪᠦᠯ ᠤᠨ ᠣᠯᠠᠷᠢᠯ ᠨᠢ ᠬᠠᠬᠢᠷ ᠬᠦᠢᠲᠡᠨ ᠮᠦᠷᠲᠡᠭᠡᠨ ᠴᠠᠭ ᠨᠢ ᠣᠷᠳᠣ᠂ ᠡᠳᠦᠷ ᠰᠦᠨᠢ ᠶᠢᠨ ᠳᠣᠯᠠᠭᠠᠨ ᠤ ᠵᠦᠷᠢᠶ᠎ᠡ | ᠶᠡᠭᠡ᠂ ᠬᠠᠮᠤᠭ ᠬᠠᠯᠠᠭᠤᠨ ᠳᠤ ᠪᠠᠨ 38 ᠭᠷᠠᠳᠦ᠋ᠰ᠂ ᠬᠠᠮᠤᠭ ᠬᠦᠢᠲᠡᠨ ᠳᠤ ᠪᠠᠨ ᠲᠡᠭ ᠠᠴᠠ ᠳᠣᠷᠣᠭᠰᠢ 36 | ᠭᠷᠠᠳᠦ᠋ᠰ᠂ ᠳᠣᠮᠳᠠᠴᠢ ᠳᠤᠯᠠᠭᠠᠨ ᠨᠢ 4 ᠭᠷᠠᠳᠦ᠋ᠰ᠂ ᠪᠦᠬᠦ ᠵᠢᠯ ᠤᠨ ᠨᠠᠷᠠᠨ ᠤ ᠳᠣᠰᠣᠯᠲᠠ ᠪᠠᠷᠤᠭ 2918 ᠴᠠᠭ᠂ | ᠬᠢᠷᠠᠭᠤ ᠦᠬᠡᠢ ᠬᠤᠭᠤᠴᠠᠭ᠎ᠠ ᠨᠡᠯᠢᠶᠡᠳ ᠣᠬᠤᠷ᠂ ᠣᠯᠠᠩᠬᠢ ᠳᠤ ᠪᠠᠨ 95 — 105 ᠡᠳᠦᠷ᠂ ᠵᠢᠯ ᠤᠨ ᠬᠤᠷᠠᠮᠠᠯ | ᠳᠣᠯᠠᠭᠠᠨ ᠤ ᠬᠡᠮᠵᠢᠶ᠎ᠡ ᠨᠡᠯᠢᠶᠡᠳ ᠳᠣᠣᠷ᠎ᠠ᠂ ᠵᠢᠯ ᠤᠨ ᠬᠤᠷᠠᠮᠠᠯ ᠳᠤᠯᠠᠭᠠᠨ ᠨᠢ 2100 — 2400 ᠭᠷᠠᠳᠦ᠋ᠰ᠃ | ᠵᠢᠯ ᠤᠨ ᠲᠣᠨᠳᠠᠰᠤᠨ ᠤ ᠬᠡᠮᠵᠢᠶ᠎ᠡ 400 ᠮᠢᠯᠢᠮᠧᠲᠷ᠂ ᠬᠠᠪᠣᠷ ᠲᠤ ᠪᠠᠨ ᠭᠠᠩ ᠬᠠᠭᠰᠠᠷᠭᠠᠨ ᠲᠣᠯᠠ ᠦᠨᠳᠦᠷ | ᠤᠨᠠᠯᠲᠠ ᠲᠠᠢ ᠲᠠᠷᠢᠮᠠᠯ ᠤᠨ ᠵᠦᠢᠯ ᠢ ᠲᠠᠷᠢᠬᠤ ᠳᠤ ᠲᠣᠬᠢᠷᠠᠬᠤ ᠦᠬᠡᠢ᠃ ᠪᠦᠬᠦ ᠪᠠᠯᠭᠠᠰᠤ ᠨᠢ ᠲᠠᠷᠢᠶᠠᠯᠠᠩ ᠢᠶᠠᠷ | ᠭᠤᠣᠯᠯᠠᠵᠣ᠂ ᠲᠠᠷᠢᠮᠠᠯ ᠤᠨ ᠵᠦᠢᠯ ᠨᠢ ᠡᠷᠳᠡᠨᠢ ᠰᠢᠰᠢ᠂ ᠪᠣᠷᠴᠠᠭ ᠢᠶᠠᠷ ᠭᠤᠣᠯᠯᠠᠨ᠎ᠠ᠂ ᠴᠦᠬᠡᠨ ᠬᠡᠮᠵᠢᠶᠡᠨ ᠤ | ᠤᠰᠤᠨ ᠲᠣᠲᠣᠷᠭ᠎ᠠ᠂ ᠴᠡᠴᠡᠭᠲᠦ ᠴᠠᠭᠠᠨ ᠨᠣᠭᠤᠭ᠎ᠠ᠂ ᠰᠠᠭᠠᠭ᠂ ᠰᠢᠰᠢ᠂ ᠨᠠᠷᠢᠮᠣ᠂ ᠰᠢᠬᠢᠷ ᠯᠣᠣᠪᠠᠩ ᠵᠡᠷᠭᠡ ᠶᠢ | ᠲᠠᠷᠢᠵᠣ ᠪᠠᠶᠢᠨ᠎ᠠ᠃ ᠤᠰᠤᠨ ᠤ ᠡᠬᠢ ᠪᠠᠶᠠᠯᠢᠭ ᠲᠦᠢᠯ ᠤᠨ ᠡᠯᠪᠡᠭ᠂ ᠬᠠᠳᠠᠬᠢᠨ ᠭᠤᠣᠯ ᠪᠠᠯᠭᠠᠰᠤᠨ ᠤ ᠭᠤᠷᠪᠠᠨ | ᠭᠠᠴᠠᠭ᠎ᠠ ᠪᠠᠷ ᠣᠷᠣᠰᠣᠨ ᠦᠩᠭᠡᠷᠡᠵᠦ᠂ ᠣᠷᠳᠣ ᠨᠢ 25 ᠺᠢᠯᠣᠮᠧᠲᠷ᠃ ᠭᠠᠵᠠᠷ ᠳᠣᠣᠷᠠᠬᠢ ᠤᠰᠤᠨ ᠤ ᠢᠷᠡᠯᠲᠡ | ᠨᠢ ᠭᠤᠣᠯᠳᠠᠭᠤ ᠪᠣᠷᠣᠭᠠᠨ ᠤ ᠤᠰᠤ᠂ ᠪᠠᠰᠠ ᠭᠤᠣᠯ ᠮᠦᠷᠡᠨ ᠤ ᠤᠰᠤ ᠪᠣᠯᠣᠨ ᠪᠣᠴᠠᠯᠲᠠ ᠤᠰᠤ ᠪᠣᠯᠣᠨ᠎ᠠ᠂ | ᠤᠰᠤᠨ ᠲᠣᠲᠣᠷᠠᠬᠢ ᠡᠯ᠎ᠡ ᠵᠦᠢᠯ ᠤᠨ ᠪᠢᠴᠢᠯ ᠡᠯᠧᠮᠧᠨ᠋ᠲ ᠨᠢ ᠣᠣᠭᠤᠬᠤ ᠤᠰᠤᠨ ᠤ ᠪᠠᠷᠢᠮᠵᠢᠶᠠᠨ ᠳᠤ ᠬᠦᠷᠴᠦ᠂ | ᠬᠦᠮᠦᠨ᠂ ᠠᠳᠣᠭᠤᠰᠣ ᠣᠣᠭᠤᠬᠤ ᠪᠣᠶᠣ ᠲᠠᠷᠢᠶᠠᠨ ᠭᠠᠵᠠᠷ ᠢ ᠤᠰᠤᠯᠠᠵᠣ ᠪᠦᠷ ᠪᠣᠯᠣᠨ᠎ᠠ᠃ | ᠭᠠᠵᠠᠷ ᠰᠢᠷᠣᠢ ᠶᠢᠨ ᠡᠬᠢ ᠪᠠᠶᠠᠯᠢᠭ ᠲᠦᠢᠯ ᠤᠨ ᠡᠯᠪᠡᠭ ᠪᠠᠶᠠᠯᠢᠭ᠃ ᠪᠦᠬᠦ ᠪᠠᠯᠭᠠᠰᠤᠨ ᠤ ᠬᠦᠷᠦᠰᠦ ᠨᠢ | ᠭᠤᠣᠯᠳᠠᠭᠤ ᠭᠤᠷᠪᠠᠨ ᠵᠦᠢᠯ ᠪᠣᠯᠣᠨ᠎ᠠ᠂ ᠳᠠᠷᠣᠢ ᠬᠦᠷᠡᠩ ᠺᠠᠯᠼᠲᠣ ᠰᠢᠷᠣᠢ᠂ ᠬᠠᠷ᠎ᠠ ᠺᠠᠯᠼᠲᠤ ᠬᠦᠷᠦᠰᠦ᠂ ᠨᠣᠭᠤ | ᠭᠠᠵᠠᠷ ᠤᠨ ᠬᠦᠷᠦᠰᠦ ᠪᠣᠯᠣᠨ᠎ᠠ᠃ ᠣᠷᠭᠤᠮᠠᠯ ᠤᠨ ᠬᠤᠴᠢᠯᠭ᠎ᠠ ᠨᠢ ᠭᠤᠣᠯᠳᠠᠭᠤ ᠲᠠᠷᠢᠶᠠᠨ ᠭᠠᠵᠠᠷ᠂ ᠵᠢᠵᠢᠭ ᠰᠠᠵᠢᠭ | ᠨᠣᠭᠤ ᠭᠠᠵᠠᠷ ᠤᠨ ᠬᠤᠴᠢᠯᠭ᠎ᠠ ᠲᠠᠢ᠃ ᠭᠠᠵᠠᠷ ᠰᠢᠷᠣᠢ ᠶᠢᠨ ᠠᠰᠢᠭᠯᠠᠯᠲᠠ ᠨᠢ ᠭᠤᠣᠯᠳᠠᠭᠤ ᠲᠠᠷᠢᠶᠠᠨ ᠭᠠᠵᠠᠷ ᠢᠶᠠᠷ | ᠭᠤᠣᠯᠯᠠᠵᠣ᠂ ᠲᠠᠷᠢᠶᠠᠯᠠᠩ᠂ ᠣᠢ ᠰᠢᠭᠤᠢ᠂ ᠮᠠᠯ ᠠᠵᠣ ᠠᠬᠤᠢ ᠬᠠᠷᠢᠯᠴᠠᠨ ᠣᠶᠠᠯᠳᠣᠵᠠᠢ᠃ ᠠᠮᠢᠳᠣ ᠪᠣᠳᠠᠰ ᠤᠨ | ᠡᠬᠢ ᠪᠠᠶᠠᠯᠢᠭ ᠲᠤ ᠭᠡᠭᠡᠷ᠎ᠡ ᠶᠢᠨ ᠭᠠᠭ᠋ᠠᠢ᠂ ᠪᠣᠷᠣ ᠬᠦᠷᠦᠭᠡᠰᠦ᠂ ᠴᠢᠨ᠋ᠸ᠎ᠠ᠂ ᠬᠡᠭᠡᠷ᠎ᠡ ᠶᠢᠨ ᠲᠠᠥᠯᠠᠢ᠂ ᠭᠤᠷᠭᠤᠣᠯ | ᠵᠡᠷᠭᠡ ᠬᠤᠷᠢ ᠭᠠᠷᠣᠢ ᠵᠦᠢᠯ ᠤᠨ ᠭᠡᠭᠡᠷ᠎ᠡ ᠶᠢᠨ ᠠᠮᠢᠲᠠᠨ ᠪᠠᠶᠢᠨ᠎ᠠ᠃ ᠪᠠᠪᠤ᠂ ᠣᠯᠠᠭᠠᠨ ᠴᠠᠨ᠎ᠠ᠂ ᠱᠦᠬᠦᠷᠬᠡᠨᠡ᠂ | ᠬᠤᠷᠳᠣᠨ ᠴᠠᠭᠠᠨ᠂ ᠮᠣᠬᠤᠷ ᠴᠠᠭᠠᠨ ᠵᠡᠷᠭᠡ ᠠᠷᠪᠠ ᠭᠠᠷᠣᠢ ᠭᠡᠭᠡᠷ᠎ᠡ ᠶᠢᠨ ᠲᠦᠬᠦᠬᠡᠢ ᠡᠮ ᠤᠨ ᠮᠠᠲ᠋ᠧᠷᠢᠶᠠᠯ ᠲᠠᠢ᠂ | ᠡᠭᠦᠨ ᠠᠴᠠ ᠭᠠᠳᠠᠨ᠎ᠠ ᠪᠠᠰᠠ ᠮᠦᠬᠦ᠂ ᠳᠠᠯᠳᠠᠥ ᠵᠡᠷᠭᠡ ᠨᠣᠲᠤᠭ ᠤᠨ ᠣᠨᠴᠠ ᠭᠠᠷᠣᠯᠲᠠ ᠲᠠᠢ᠃ ᠬᠤᠰᠤ᠂ ᠭᠡᠭᠡᠷ᠎ᠡ | ᠶᠢᠨ ᠬᠦᠢᠯᠡᠰᠦ ᠵᠡᠷᠭᠡ ᠪᠠᠶᠢᠭᠠᠯᠢᠯᠢᠭ ᠮᠣᠳᠣ ᠪᠣᠯᠣᠨ ᠨᠠᠷᠠᠰᠤᠨ ᠮᠣᠳᠣ᠂ ᠣᠯᠢᠶᠠᠰᠤ᠂ ᠵᠢᠮᠢᠰ ᠤᠨ ᠮᠣᠳᠣ ᠵᠡᠷᠭᠡ | ᠬᠦᠮᠦᠨ ᠤ ᠬᠦᠴᠦ ᠪᠠᠷ ᠪᠣᠶᠢᠵᠢᠭᠤᠯᠣᠭᠰᠠᠨ ᠮᠣᠳᠤ ᠲᠠᠢ᠃ ᠠᠭᠤᠷᠬᠠᠢ ᠶᠢᠨ ᠡᠬᠢ ᠪᠠᠶᠠᠯᠢᠭ ᠲᠤ ᠲᠡᠮᠦᠷ ᠤᠨ | ᠬᠦᠳᠡᠷ᠂ ᠭᠤᠣᠯ ᠮᠦᠷᠡᠨ ᠤ ᠰᠢᠷᠣᠢ᠂ ᠴᠤᠬᠤᠢ ᠶᠢᠨ ᠴᠢᠯᠠᠭᠤ ᠵᠡᠷᠭᠡ ᠭᠠᠵᠠᠷ ᠳᠣᠣᠷᠠᠬᠢ ᠠᠭᠤᠷᠬᠠᠢ ᠶᠢᠨ | ᠪᠣᠯᠠᠭᠳᠠᠭᠴᠠ ᠲᠠᠢ᠃ |