ᠠᠯᠳᠠᠷᠲᠣ ᠰᠣᠮᠤ
ᠨᠡᠶᠢᠲᠡᠯᠡᠭᠰᠡᠨ ᠴᠠᠭ᠄
2019-01-17
    【ᠲᠣᠶᠢᠮᠣ ᠪᠠᠶᠢᠳᠠᠯ】ᠠᠯᠳᠠᠷᠲᠣ ᠰᠣᠮᠤ ᠨᠢ ᠵᠠᠯᠠᠶᠢᠳ ᠬᠤᠰᠢᠭᠤᠨ ᠤ ᠪᠠᠷᠠᠭᠤᠨ ᠬᠤᠶᠢᠲᠣ ᠬᠡᠰᠡᠭ ᠲᠤ ᠪᠠᠶᠢᠷᠢᠯᠠᠵᠤ ᠪᠠᠶᠢᠨ᠎ᠠ᠂ ᠬᠤᠶᠢᠨ᠎ᠠ ᠪᠠᠨ ᠣᠯᠣᠰ ᠤᠨ ᠦᠮᠴᠢᠯᠡᠯᠲᠦ ᠦᠷ᠎ᠡ ᠶᠢᠨ ᠮᠠᠯ ᠤᠨ ᠲᠠᠯᠠᠪᠠᠢ ᠲᠠᠢ ᠵᠠᠯᠭᠠᠯᠳᠣᠵᠣ ᠂ ᠡᠮᠦᠨ᠎ᠡ ᠪᠠᠨ ᠬᠦᠷᠡᠯ ᠪᠠᠯᠭᠠᠰᠤ ᠲᠠᠢ ᠬᠦᠷᠰᠢᠯᠳᠣᠨ᠂ ᠵᠡᠬᠦᠨ ᠢᠶᠠᠨ ᠪᠠᠶ᠋ᠬᠠᠣᠯᠠᠭᠠᠨ ᠰᠤᠮᠣ ᠲᠠᠢ ᠬᠠᠮᠲᠣ ᠴᠣᠣᠯ ᠭᠤᠣᠯ ᠢᠶᠠᠷ ᠪᠠᠷᠠᠯᠠᠨ᠂ ᠪᠠᠷᠠᠭᠤᠨ ᠢᠶᠠᠨ ᠬᠤᠷᠴᠢᠨ ᠪᠠᠷᠠᠭᠤᠨ ᠭᠠᠷᠣᠨ ᠡᠮᠦᠨᠡᠲᠦ ᠬᠤᠰᠢᠭᠤᠨ ᠤ ᠰᠤᠯᠣᠨ ᠪᠠᠯᠭᠠᠰᠤ  ᠲᠠᠢ ᠵᠠᠬ᠎ᠠ ᠨᠡᠶᠢᠯᠡᠵᠦ ᠪᠠᠶᠢᠨ᠎ᠠ᠃ ᠠᠯᠳᠠᠷᠲᠣ ᠰᠤᠮᠣ ᠶᠢᠨ ᠪᠠᠶᠢᠷᠢᠰᠢᠯ ᠨᠢ ᠢᠨᠳᠠᠷ ᠪᠤᠠᠯᠭᠠᠰᠤ ᠠᠴᠠ 90 ᠺᠢᠯᠣᠮᠧᠲᠷ ᠵᠠᠢ ᠲᠠᠢ᠂ ᠣᠯᠠᠭᠠᠨᠬᠤᠲᠠ ᠠᠴᠠ 105 ᠺᠢᠯᠣᠮᠧᠲᠷ ᠵᠠᠢ ᠲᠠᠢ᠂ ᠭᠠᠵᠠᠷ ᠵᠦᠢ ᠶᠢᠨ ᠪᠠᠶᠢᠷᠢᠰᠢᠯ ᠨᠢ ᠤᠮᠠᠷᠠᠲᠣ ᠦᠷᠬᠡᠷᠢᠭ ᠤᠨ 46 ᠭᠷᠠᠳᠦ᠋ᠰ᠂ 39′37″~ 46᠃ 48′25″ ᠵᠡᠬᠦᠨ ᠣᠷᠳᠣᠷᠢᠭ ᠤᠨ 121 ᠭᠷᠠᠳᠦ᠋ᠰ᠂ 26′46″~122᠃ 5′23″᠃ ᠲᠠᠯᠠᠪᠠᠢ ᠨᠢ 960 ᠲᠡᠭᠰᠢ ᠳᠦᠷᠪᠡᠯᠵᠢᠨ ᠺᠢᠯᠣᠮᠧᠲᠷ᠂ ᠡᠭᠦᠨ ᠳᠤ ᠲᠠᠷᠢᠶᠠᠨ ᠭᠠᠵᠠᠷ ᠤᠨ ᠲᠠᠯᠠᠪᠠᠢ ᠨᠢ 15.44 ᠲᠦᠮᠡᠨ ᠮᠣ᠋᠂ ᠨᠣᠲᠤᠭ ᠳᠡᠪᠢᠰᠭᠡᠷ ᠤᠨ ᠲᠠᠯᠠᠪᠠᠢ ᠨᠢ 29 ᠲᠦᠮᠡᠨ ᠮᠣ᠋᠂ ᠣᠢ ᠰᠢᠭᠤᠢ ᠶᠢᠨ ᠲᠠᠯᠠᠪᠠᠢ ᠨᠢ 25 ᠲᠦᠮᠡᠨ ᠮᠣ᠋᠂ ᠪᠣᠰᠤᠳ ᠭᠠᠵᠠᠷ ᠤᠨ ᠲᠠᠯᠠᠪᠠᠢ ᠨᠢ 30 ᠲᠦᠮᠡᠨ ᠮᠣ᠋ ᠪᠣᠯᠣᠨ᠎ᠠ᠃ ᠵᠢᠯ ᠤᠨ ᠲᠤᠨᠳᠠᠰᠤ ᠶᠢᠨ ᠬᠡᠮᠵᠢᠶ᠎ᠡ ᠨᠢ 260 ᠮᠢᠯᠢᠮᠧᠲᠷ᠂ ᠢᠯᠴᠢ 2100 — 2300 ᠭᠷᠠᠳᠦ᠋ᠰ᠂ ᠬᠢᠷᠠᠭᠤ ᠦᠬᠡᠢ ᠬᠤᠭᠤᠴᠠᠭ᠎ᠠ ᠨᠢ 115 ᠡᠳᠦᠷ᠂ ᠲᠣᠮᠲᠠᠴᠢ ᠪᠠᠷ 6 ᠭᠷᠠᠳᠦ᠋ᠰ᠂ ᠨᠡᠶᠢᠲᠡ 8 ᠭᠠᠴᠠᠭ᠎ᠠ ᠲᠣᠰᠬᠤᠨ᠂ 1 ᠨᠡᠶᠢᠬᠡᠮ ᠲᠣᠭᠤᠷᠢᠭ ᠪᠣᠯᠣᠨ 29 ᠲᠣᠰᠬᠤᠨ᠂ 13 ᠨᠠᠮ ᠤᠨ ᠡᠭᠦᠷ᠂ 334 ᠨᠠᠮ ᠤᠨ ᠭᠡᠰᠢᠬᠦᠨ ᠲᠠᠢ᠃ ᠪᠦᠬᠦ ᠡᠷᠦᠬᠡ ᠶᠢᠨ ᠲᠤᠭ᠎ᠠ ᠨᠢ 2696 ᠡᠷᠦᠬᠡ᠂  ᠬᠦᠮᠦᠨ ᠠᠮᠠ ᠶᠢᠨ ᠲᠤᠭ᠎ᠠ ᠨᠢ 13485᠂ ᠮᠣᠩᠭᠤᠯ ᠦᠨᠳᠦᠰᠦᠲᠡᠨ ᠢᠶᠠᠷ ᠭᠤᠣᠯᠯᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号