ᠪᠠᠶᠠᠠᠭᠤᠤᠯ ᠪᠠᠯᠭᠠᠰᠤ
ᠨᠡᠶᠢᠲᠡᠯᠡᠭᠰᠡᠨ ᠴᠠᠭ᠄
2019-01-17
    【ᠲᠤᠶᠢᠮᠤ ᠪᠠᠶᠢᠳᠠᠯ】 ᠪᠠᠶᠠᠠᠭᠤᠤᠯ ᠪᠠᠯᠭᠠᠰᠤ ᠨᠢ ᠵᠠᠯᠠᠶᠢᠳ ᠬᠤᠰᠢᠭᠤᠨ ᠤ ᠪᠠᠷᠠᠭᠤᠨ ᠡᠮᠦᠨ᠎ᠡ ᠪᠠᠶᠢᠷᠢᠯᠠᠵᠤ᠂ ᠵᠠᠭᠦᠨ ᠲᠠᠯ᠎ᠠ ᠪᠠᠷ ᠢᠶᠠᠨ ᠢᠨᠳᠡᠷ ᠪᠠᠯᠭᠠᠰᠤ ᠲᠠᠢ ᠵᠠᠬ᠎ᠠ ᠨᠡᠶᠢᠯᠡᠵᠦ᠂ ᠡᠮᠦᠨ᠎ᠡ ᠲᠠᠯ᠎ᠠ ᠪᠠᠷ ᠢᠶᠠᠷ ᠭᠢᠷᠢᠨ ᠮᠣᠵᠢ ᠶᠢᠨ ᠪᠠᠢ ᠴᠧᠩ ᠬᠤᠲᠠ ᠲᠠᠢ ᠨᠢᠭᠤᠷᠯᠠᠵᠤ᠂ ᠪᠠᠷᠠᠭᠤᠨ ᠲᠠᠯ᠎ᠠ ᠪᠠᠷ ᠢᠶᠠᠨ ᠬᠤᠷᠴᠢᠨ ᠪᠠᠷᠠᠭᠤᠨ ᠡᠮᠦᠨᠡᠲᠦ ᠬᠤᠰᠢᠭᠤᠨ ᠤ ᠡᠷᠭᠢᠲᠦ ᠪᠠᠯᠭᠠᠰᠤ ᠲᠠᠢ ᠨᠠᠶᠢᠯᠡᠵᠦ᠂ ᠬᠤᠶᠢᠲᠤ ᠲᠠᠯ᠎ᠠ ᠪᠠᠷ ᠢᠶᠠᠨ ᠬᠦᠷᠡᠯ ᠪᠠᠯᠭᠠᠰᠤ ᠪᠠ ᠪᠠᠳᠠᠷᠠᠬᠤ ᠲᠠᠷᠢᠶᠠᠯᠠᠩ ᠤᠨ ᠲᠠᠯᠠᠪᠠᠢ ᠲᠠᠢ ᠵᠠᠬ᠎ᠠ ᠨᠡᠶᠢᠯᠡᠵᠦ ᠪᠣᠢ᠃ ᠪᠠᠯᠭᠠᠰᠤᠨ ᠤ ᠠᠷᠠᠳ ᠤᠨ ᠵᠠᠰᠠᠭ ᠤᠨ ᠣᠷᠳᠤᠨ ᠨᠢ ᠪᠠᠶᠠᠠᠭᠤᠤᠯ ᠲᠤᠰᠬᠤᠨ  ᠳᠤ ᠰᠠᠭᠤᠷᠢᠰᠢᠵᠤ᠂ ᠤᠲᠠᠰᠤᠨ ᠤ ᠣᠷᠤᠨ ᠤ ᠨᠤᠮᠧᠷ ᠨᠢ 0482᠂ ᠰᠢᠤᠳᠠᠨ ᠨᠣᠮᠧᠷ ᠨᠢ 1376615᠂ ᠵᠠᠯᠠᠶᠢᠳ ᠬᠤᠰᠢᠭᠤᠨ ᠤ ᠵᠠᠰᠠᠭ ᠤᠨ ᠣᠷᠳᠤᠨ ᠤ ᠪᠠᠶᠢᠭ᠎ᠠ ᠭᠠᠵᠠᠷ ᠢᠨᠳᠡᠷ ᠪᠠᠯᠭᠠᠰᠤ ᠠᠴᠠ 45 ᠺᠢᠯᠤᠮᠧᠲᠷ ᠬᠤᠯᠠ ᠃ ᠭᠠᠵᠠᠷ ᠵᠦᠢ ᠶᠢᠨ ᠪᠠᠶᠢᠷᠢᠰᠢᠯ ᠨᠢ ᠤᠮᠠᠷᠠᠲᠤ ᠥᠷᠭᠡᠷᠢᠭ ᠤᠨ 46。16、᠂ ᠵᠡᠭᠦᠨ ᠥᠷᠭᠡᠷᠢᠭ ᠤᠨ120。17、᠃ ᠪᠠᠶᠠᠭᠤᠤᠯ ᠪᠠᠯᠭᠠᠰᠤᠨ ᠤ ᠬᠠᠷᠢᠶᠠᠨ ᠳᠤ 27 ᠵᠠᠰᠠᠭ ᠵᠠᠬᠢᠷᠭᠠᠨ ᠤ ᠲᠤᠰᠬᠤᠨ ︵ᠨᠡᠶᠢᠭᠡᠮ ᠲᠣᠭᠤᠷᠢᠭ︶᠂ 93 ᠠᠶᠢᠯ᠂ 193 ᠲᠤᠰᠬᠤᠨ ᠤ ᠠᠷᠠᠳ ᠤᠨ ᠪᠠᠭ᠎ᠠ ᠳᠤᠭᠤᠶᠢᠯᠠᠩ ᠲᠠᠢ᠃ ᠰᠡᠷᠢᠭᠦᠨ ᠪᠦᠰᠡᠨ ᠤ ᠡᠭᠡ ᠭᠠᠵᠠᠷ  ᠤᠨ ᠴᠢᠨᠠᠷᠲᠠᠢ ᠬᠠᠭᠠᠰ ᠬᠠᠭᠤᠷᠠᠢ ᠤᠯᠠᠷᠢᠯ ᠤᠨ ᠰᠠᠯᠬᠢᠨ ᠤ ᠠᠭᠤᠷ ᠠᠮᠢᠰᠬᠤᠯ ᠲᠠᠢ᠂ ᠣᠨᠴᠠᠯᠢᠭ ᠨᠢ ᠬᠠᠪᠤᠷ ᠤᠨ ᠤᠯᠠᠷᠢᠯ ᠳᠤ ᠰᠠᠯᠬᠢ ᠶᠡᠭᠡ ᠭᠠᠩ ᠬᠠᠭᠤᠷᠠᠢ᠂ ᠵᠤᠨ ᠤ ᠤᠯᠠᠷᠢᠯ ᠳᠤ ᠠᠭᠠᠬᠢᠮ᠎ᠠ ᠬᠠᠯᠠᠭᠤᠨ ᠬᠤᠷ᠎ᠠ ᠲᠤᠨᠳᠠᠰᠤ ᠡᠯᠪᠡᠭ᠂ ᠨᠠᠮᠤᠷ ᠤᠨ ᠤᠯᠠᠷᠢᠯ ᠳᠤ ᠴᠡᠯᠮᠡᠭ ᠲᠤᠩᠭᠠᠯᠠᠭ ᠪᠠᠶᠢᠵᠤ᠂ ᠡᠪᠦᠯ ᠤᠨ ᠤᠯᠠᠷᠢᠯ ᠳᠤ ᠬᠦᠢᠲᠡᠡ ᠬᠠᠭᠤᠷᠠᠢ᠂ ᠵᠢᠯ ᠤᠨ ᠳᠤᠮᠳᠠᠴᠢ ᠳᠤᠯᠠᠭᠠᠨ ᠤ ᠬᠡᠮᠵᠢᠶ᠎ᠡ ᠨᠢ 4℃᠃ ᠵᠢᠯ ᠤᠨ ᠳᠤᠮᠳᠠᠴᠢ ᠨᠠᠷᠠᠨ ᠤ ᠲᠣᠰᠤᠯᠲᠠ ᠨᠢ 2850.8 ᠴᠠᠭ᠃ 0℃ ᠠᠴᠠ ᠳᠡᠭᠡᠭᠰᠢᠬᠢ ᠳᠤᠯᠠᠭᠠᠨ ᠦᠷᠭᠦᠯᠵᠢᠯᠡᠬᠦ ᠬᠤᠭᠤᠴᠠᠭ᠎ᠠ ᠨᠢ 208.4 ᠡᠳᠦᠷ᠃ ᠵᠢᠯ ᠤᠨ ᠳᠤᠮᠳᠠᠴᠢ ᠲᠤᠨᠳᠠᠰᠤᠨ ᠤ ᠬᠡᠮᠵᠢᠶ᠎ᠡ ᠨᠢ 415.7  ᠮᠢᠯᠢᠮᠧᠲᠷ᠂ ᠵᠢᠯ ᠤᠨ ᠳᠤᠮᠳᠠᠴᠢ ᠲᠤᠨᠳᠠᠰᠤᠨ ᠤ ᠡᠳᠦᠷ ᠨᠢ 69.1 ᠡᠳᠦᠷ᠃ 6 ᠰᠠᠷ᠎ᠠ ᠠᠴᠠ 7 ᠰᠠᠷ᠎ᠠ ᠳᠤ ᠪᠤᠷᠤᠭᠠᠨ ᠬᠠᠮᠤᠭ ᠣᠯᠠᠨ᠃ ᠮᠥᠨᠳᠦᠷ᠂ ᠦᠶᠡᠷ ᠤᠰᠤᠳᠤᠯ ᠵᠡᠷᠭᠡ ᠪᠠᠶᠢᠭᠠᠯᠢ ᠶᠢᠨ ᠭᠠᠮᠰᠢᠭ ᠲᠠᠢ᠃ ᠪᠠᠶᠠᠠᠭᠤᠤᠯ ᠪᠠᠯᠭᠠᠰᠤ ᠨᠢ ᠬᠢᠩᠭᠠᠨ ᠳᠠᠪᠠᠭᠠᠨ ᠤ ᠡᠮᠦᠨ᠎ᠡ ᠬᠡᠰᠡᠭ᠂ ᠰᠤᠩᠭᠠᠷᠢ ᠮᠦᠷᠡᠨ ᠪᠠ  ᠨᠤᠨ ᠮᠦᠷᠡᠨ ᠤ ᠲᠠᠯ᠎ᠠ ᠭᠠᠵᠠᠷ ᠤᠨ ᠬᠦᠪᠡᠭᠡ ᠪᠠᠷ ᠪᠠᠶᠢᠷᠢᠯᠠᠵᠤ᠂ ᠭᠠᠵᠠᠷ ᠤᠨ ᠪᠠᠶᠢᠴᠠ ᠨᠢ ᠭᠤᠤᠯᠳᠠᠭᠤ ᠳᠣᠪᠤ ᠳᠣᠪᠤᠴᠠᠭ ᠪᠣᠯᠤᠨ᠎ᠠ᠃ ᠬᠠᠮᠤᠭ ᠥᠨᠳᠦᠷ ᠡᠷᠭᠦᠭᠳᠡᠴᠡ ᠨᠢ 312 ᠮᠧᠲᠷ᠂  ᠬᠠᠮᠤᠭ ᠳᠣᠣᠷ᠎ᠠ ᠡᠷᠭᠦᠭᠳᠡᠴᠡ ᠨᠢ 24 ᠮᠧᠲᠷ᠃ ᠡᠷᠢᠶᠡᠨ ᠲᠣᠬᠤᠢ ᠭᠤᠤᠯ ᠪᠠᠯᠭᠠᠰᠤ ᠶᠢᠨ ᠪᠠᠷᠠᠭᠤᠨ ᠬᠤᠶᠢᠨ᠎ᠠ ᠠᠴᠠ ᠵᠠᠭᠦᠨ ᠡᠮᠦᠨᠡᠰᠢ 55 ᠺᠢᠯᠤᠮᠧᠲᠷ ᠤᠷᠤᠰᠴᠤ ᠪᠣᠢ᠃ ᠨᠤᠲᠤᠭ ᠳᠡᠪᠢᠰᠭᠡᠷ ᠤᠨ ᠵᠠᠭᠦᠨ ᠪᠠᠷᠠᠭᠤᠨ ᠤ ᠬᠠᠮᠤᠭ ᠶᠡᠭᠡ ᠬᠤᠯᠠ ᠵᠠᠢ ᠨᠢ 63 ᠺᠢᠯᠤᠮᠧᠲᠷ᠂  ᠡᠮᠦᠨ᠎ᠡ ᠤᠮᠠᠷ᠎ᠠ ᠶᠢᠨ ᠬᠠᠮᠤᠭ ᠬᠤᠯᠠ ᠵᠠᠢ ᠨᠢ 35 ᠺᠢᠯᠤᠮᠧᠲᠷ᠂ ᠶᠠᠷᠦᠩᠬᠡᠢ ᠲᠠᠯᠠᠪᠠᠢ  ᠨᠢ 1064 ᠲᠡᠭᠰᠢ ᠳᠦᠷᠪᠡᠯᠵᠢᠨ ᠺᠢᠯᠤᠮᠧᠲᠷ᠃ ᠲᠠᠷᠢᠶᠠᠨ ᠭᠠᠵᠠᠷ ᠤᠨ ᠲᠠᠯᠠᠪᠠᠢ ᠨᠢ 99.8 ᠲᠦᠮᠡᠨ ᠮᠤ᠋᠂ ᠬᠦᠮᠦᠨ ᠳᠤᠮᠳᠠᠴᠢ ᠶᠢᠨ ᠲᠠᠷᠢᠶᠠᠨ ᠭᠠᠵᠠᠷ ᠨᠢ 19.38 ᠮᠤ᠋᠂ ᠣᠶᠢᠲᠤ ᠭᠠᠵᠠᠷ ᠤᠨ ᠲᠠᠯᠠᠪᠠᠢ ᠨᠢ 278540 ᠮᠤ᠋ ᠂ ᠨᠤᠲᠤᠭ ᠪᠡᠯᠴᠢᠭᠡᠷ ᠤᠨ ᠲᠠᠯᠠᠪᠠᠢ ᠨᠢ 254000 ᠮᠤ᠋ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号