【ᠲᠣᠶᠢᠮᠤ ᠪᠠᠶᠢᠳᠠᠯ】 ᠨᠤᠨᠮᠦ᠋ᠷᠡᠨ ᠰᠢᠶᠠᠩ ᠨᠢ ᠤᠮᠠᠷᠠᠲᠤ ᠥᠷᠭᠡᠷᠢᠭ ᠤᠨ 46。44、᠂ ᠵᠡᠭᠦᠨ | ᠥᠷᠭᠡᠷᠢᠭ ᠤᠨ 123。36、 ᠳᠤ ᠪᠠᠶᠢᠷᠢᠯᠠᠵᠤ᠂ ᠵᠡᠭᠦᠨᠰᠢ ᠴᠢᠴᠢᠬᠠᠷ ᠬᠤᠲᠠ ᠠᠴᠠ 90 ᠺᠢᠯᠤᠮᠧᠲᠷ ᠬᠤᠯᠠ᠂ | ᠪᠠᠷᠠᠭᠤᠨᠰᠢ ᠪᠠᠨ ᠬᠤᠰᠢᠭᠤᠨ ᠤ ᠵᠠᠰᠠᠭ ᠤᠨ ᠣᠷᠳᠤᠨ ᠤ ᠪᠠᠶᠢᠭ᠎ᠠ ᠭᠠᠵᠠᠷ ᠢᠨᠳᠡᠷ ᠪᠠᠯᠭᠠᠰᠤ ᠠᠴᠠ 67 ᠺᠢᠯᠤᠮᠧᠲᠷ | ᠬᠤᠯᠠ᠂ ᠡᠮᠦᠨᠡᠰᠢ ᠪᠠᠨ ᠲᠠᠢ ᠯᠠᠢ ᠰᠢᠶᠠᠨ ᠠᠴᠠ 45 ᠺᠢᠯᠤᠮᠧᠲᠷ ᠬᠤᠯᠠ ᠪᠠᠶᠢᠵᠤ᠂ ᠬᠠᠷᠠᠮᠦ᠋ᠷᠡᠨ ᠮᠣᠵᠢ ᠶᠢᠨ | ᠯᠥᠩ ᠵᠢᠶᠠᠩ ᠰᠢᠶᠠᠨ ᠠᠴᠠ 90 ᠺᠢᠯᠤᠮᠧᠲᠷ ᠬᠤᠯᠠ ᠪᠠᠶᠢᠳᠠᠭ᠃ ᠨᠤᠲᠤᠭ ᠳᠡᠪᠢᠰᠭᠡᠷ ᠤᠨ ᠶᠡᠷᠦᠩᠬᠡᠢ ᠲᠠᠯᠠᠪᠠᠢ ᠨᠢ | 355.6 ᠺᠦᠸᠠᠲ ᠺᠢᠯᠤᠮᠧᠲᠷ᠃ ᠲᠠᠷᠢᠶᠠᠨ ᠭᠠᠵᠠᠷ ᠤᠨ ᠲᠠᠯᠠᠪᠠᠢ ᠨᠢ 22.9 ᠲᠦᠮᠡᠨ ᠮᠤ᠋ ︵ᠡᠭᠦᠨ ᠤ ᠳᠤᠮᠳᠠ | ᠤᠰᠤᠨ ᠲᠠᠷᠢᠶ᠎ᠠ ᠶᠢᠨ ᠲᠠᠯᠠᠪᠠᠢ ᠨᠢ 15.5 ᠲᠦᠮᠡᠨ ᠮᠤ᠋︶᠃ ᠣᠶᠢᠲᠤ ᠭᠠᠵᠠᠷ ᠤᠨ ᠲᠠᠯᠠᠪᠠᠢ ᠨᠢ 58800 ᠮᠤ᠋᠃ | ᠨᠠᠭᠤᠷ ᠪᠦᠷᠢᠲᠦ ᠶᠢᠨ ᠲᠠᠯᠠᠪᠠᠢ ᠨᠢ 2.5 ᠲᠦᠮᠡᠨ ᠮᠤ᠋᠃ ᠬᠠᠷᠢᠶᠠᠨ ᠳᠤ ᠨᠢ 1 ᠨᠡᠶᠢᠭᠡᠮ ᠲᠣᠭᠤᠷᠢᠭ ᠪᠠ 10 | ᠵᠠᠰᠠᠭ ᠵᠠᠬᠢᠷᠭᠠᠨ ᠤ ᠲᠤᠰᠬᠤᠨ᠂18 ᠠᠶᠢᠯ ᠪᠠᠶᠢᠵᠤ᠂ ᠪᠦᠬᠦ ᠰᠢᠶᠠᠩ ᠤᠨ ᠪᠦᠬᠦ ᠬᠦᠮᠦᠨ ᠠᠮᠠ ᠨᠢ ᠨᠡᠶᠢᠲᠡ | 12621᠂ ᠬᠢᠲᠠᠳ ᠦᠨᠳᠦᠰᠦᠲᠡᠨ᠂ ᠮᠣᠩᠭᠤᠯ᠂ ᠮᠠᠨᠵᠤ᠂ ᠳᠠᠭᠤᠷ ᠵᠡᠷᠭᠡ ᠣᠯᠠᠨ ᠦᠨᠳᠦᠰᠦᠲᠡᠨ ᠬᠤᠯᠢᠯᠳᠤᠨ | ᠰᠠᠭᠤᠷᠢᠰᠢᠵᠤ᠂ ᠮᠣᠩᠭᠤᠯ ᠦᠨᠳᠦᠰᠦᠲᠡᠨ ᠤ ᠬᠥᠮᠦᠨ ᠠᠮᠠ 45% ᠶᠢ ᠡᠵᠡᠯᠡᠨ᠎ᠡ᠃ ᠲᠠᠯ᠎ᠠ ᠭᠠᠵᠠᠷ ᠲᠤ | ᠬᠠᠷᠢᠶᠠᠯᠠᠭᠳᠠᠵᠤ᠂ ᠴᠣᠣᠯ ᠭᠤᠤᠯ ᠨᠢ ᠲᠤᠰ ᠰᠢᠶᠠᠩ ᠤᠨ ᠨᠤᠲᠤᠭ ᠢᠶᠠᠷ ᠨᠤᠨ ᠮᠦᠷᠡᠨ ᠳᠤ ᠤᠷᠤᠰᠤᠨ ᠣᠷᠤᠵᠤ᠂ | ᠬᠦᠷᠦᠰᠦ ᠰᠢᠷᠤᠢ ᠥᠩᠭᠡ ᠰᠢᠮᠢᠯᠢᠭ᠂ ᠤᠰᠤᠨ ᠤ ᠡᠬᠢ ᠰᠣᠷᠪᠤᠯᠵᠢ ᠡᠯᠪᠡᠭ᠂ ᠲᠠᠷᠢᠶᠠᠯᠠᠩ ᠮᠠᠯ ᠠᠵᠤ ᠠᠬᠤᠢ | ᠬᠥᠭᠵᠢᠭᠦᠯᠬᠦ ᠳᠤ ᠳᠣᠬᠢᠷᠠᠮᠵᠢᠲᠠᠢ᠂ ᠭᠤᠤᠯᠳᠠᠭᠤ ᠤᠰᠤᠨ ᠳᠤᠲᠤᠷᠭ᠎ᠠ᠂ ᠡᠷᠳᠡᠨᠢ ᠰᠢᠰᠢ᠂ ᠯᠤᠬᠠᠱᠸᠡᠭ᠂ ᠨᠣᠭᠤᠭᠠᠨ | ᠪᠣᠷᠴᠠᠭ ᠲᠠᠷᠢᠬᠤ ᠳᠤ ᠳᠣᠬᠢᠷᠠᠮᠵᠢᠲᠠᠢ᠃ ᠬᠢᠷᠠᠭᠤ ᠦᠭᠡᠢ ᠬᠤᠭᠤᠴᠠᠭ᠎ᠠ ᠨᠢ 140 ᠡᠳᠦᠷ ᠣᠷᠴᠢᠮ᠂ ᠨᠢᠭᠡᠳᠦᠭᠡᠷ | ᠳᠤᠯᠠᠭᠠᠨ ᠬᠤᠷᠠᠮᠳᠤᠭᠤᠯᠬᠤ ᠣᠷᠤᠨ ᠳᠤ ᠪᠠᠭᠲᠠᠵᠤ᠂ ᠳᠤᠮᠳᠠᠴᠢ ᠳᠤᠯᠠᠭᠠᠨ ᠨᠢ 10℃ ᠠᠴᠠ ᠶᠡᠭᠡ ᠪᠣᠶᠤ | ᠲᠡᠩᠴᠡᠭᠦᠦ ᠪᠠᠶᠢᠵᠤ᠂ ᠵᠢᠯ ᠳᠤ 2600℃~ 2800℃ ᠤᠨ ᠳᠤᠯᠠᠭᠠᠨ ᠬᠤᠷᠠᠮᠳᠤᠭᠤᠯᠤᠨ᠎ᠠ᠃ | |