【 ᠲᠣᠶᠢᠮᠣ ᠪᠠᠶᠢᠳᠡᠯ 】 ᠲᠡᠮᠡᠭᠡᠴᠢ ᠪᠠᠯᠭᠠᠰᠣ ᠪᠣᠯ ᠣᠮᠠᠷᠡᠳᠣ ᠦᠷᠭᠡᠷᠢᠭ 46。17、᠂ ᠵᠠᠬᠦᠨ | ᠣᠷᠳᠣᠷᠢᠭ 123。00、 ᠳᠤ ᠪᠠᠶᠢᠷᠢᠯᠠᠵᠣ ᠪᠣᠢ᠃ ᠵᠠᠯᠠᠶᠢᠳ ᠬᠤᠰᠢᠭᠤᠨ ᠤ ᠵᠡᠬᠦᠨ ᠡᠮᠣᠨ᠎ᠠ ᠭᠡᠰᠡᠭ ᠲᠤ | ᠪᠠᠶᠢᠷᠢᠯᠠᠵᠣ᠂ ᠵᠠᠬᠦᠨ ᠲᠠᠯ᠎ᠠ ᠳᠤ ᠪᠠᠨ ᠬᠠᠷᠡᠮᠦᠷᠡᠨ ᠮᠣᠵᠢ ᠶᠢᠨ ᠲᠠᠢ ᠯᠠᠢ ᠰᠢᠶᠠᠨ ᠲᠠᠢ ᠵᠠᠬ᠎ᠠ ᠨᠠᠶᠢᠯᠠᠵᠣ᠂ ᠡᠮᠣᠨ᠎ᠠ | ᠲᠠᠯ᠎ᠠ ᠳᠤ ᠪᠠᠨ ᠬᠢᠷᠢᠨ ᠮᠣᠵᠢ ᠶᠢᠨ ᠵᠧᠨ ᠯᠠᠢ ᠰᠢᠶᠠᠨ ᠲᠠᠢ ᠵᠣᠯᠭᠠᠯᠳᠣᠨ᠂ ᠪᠠᠷᠡᠭᠤᠨ ᠲᠠᠯ᠎ᠠ ᠳᠤ ᠪᠠᠨ ᠬᠤᠷᠴᠢᠨ | ᠪᠠᠷᠡᠭᠤᠨ ᠭᠠᠷᠣᠨ ᠡᠮᠣᠨᠡᠳᠣ ᠬᠤᠰᠢᠭᠤ᠂ ᠣᠯᠠᠭᠠᠠᠬᠤᠳᠡ ᠲᠠᠢ ᠬᠦᠷᠰᠢ ᠵᠡᠷᠭᠡᠯᠡᠳᠡᠭᠡ ᠪᠠᠶᠢᠵᠣ᠂ ᠢᠨᠳᠡᠷ ᠪᠠᠯᠭᠠᠰᠣ | ᠢᠶᠠᠷ ᠠᠷᠣ ᠲᠦᠰᠢᠭ ᠢᠶᠠᠨ ᠪᠣᠯᠭᠠᠰᠠᠨ ᠪᠠᠶᠢᠨ᠎ᠠ᠃ ᠪᠠᠯᠭᠠᠰᠣᠨ ᠤ ᠵᠠᠰᠠᠭ ᠣᠷᠳᠣᠨ ᠲᠡᠮᠡᠭᠡᠴᠢ ᠭᠠᠴᠠᠭᠠᠨ ᠳᠤ | ᠪᠠᠶᠢᠷᠢᠯᠠᠵᠣ᠂ ᠬᠤᠰᠢᠭᠤᠨ ᠤ ᠵᠠᠰᠠᠭ ᠤᠨ ᠣᠷᠳᠣᠨ ᠠᠴᠠ 53 ᠺᠢᠯᠣᠮᠧᠲᠷ ᠵᠠᠢ ᠲᠠᠢ᠃ ᠶᠠᠷᠣᠩᠭᠡᠢ ᠲᠠᠯᠠᠪᠠᠢ ᠨᠢ | 880 ᠲᠡᠭᠰᠢ ᠲᠦᠷᠪᠡᠯᠵᠢᠨ ᠺᠢᠯᠣᠮᠧᠲᠷ ᠪᠠᠶᠢᠵᠣ᠂ ᠬᠠᠷᠢᠶᠠᠨ ᠳᠤ 7 ᠭᠠᠴᠠᠭ᠎ᠠ᠂ 1 ᠨᠡᠶᠢᠭᠡᠮ ᠲᠣᠭᠤᠷᠢᠭ᠂28 | ᠠᠶᠢᠯ ᠲᠠᠢ᠂ ᠶᠠᠷᠣᠩᠭᠡᠢ ᠬᠦᠮᠣᠨ ᠠᠮᠠ 13679 ᠬᠦᠷᠴᠣ᠂ ᠡᠬᠦᠨ ᠳᠤ ᠴᠦᠭᠡᠨ ᠲᠣᠭᠠᠳᠣ ᠦᠨᠳᠣᠰᠣᠳᠡᠨ ᠨᠢ | ᠶᠠᠷᠣᠩᠭᠡᠢ ᠬᠦᠮᠣᠨ ᠠᠮᠠ ᠶᠢᠨ 60% ᠶᠢ ᠡᠵᠡᠯᠠᠨ᠎ᠠ᠃ ᠲᠣᠯᠬᠢᠶᠠᠨ ᠬᠡᠯᠪᠡᠷᠢᠳᠣ ᠲᠠᠯ᠎ᠠ ᠪᠠᠶᠢᠵᠣ᠂ ᠲᠠᠯᠠᠢ ᠶᠢᠨ | ᠲᠦᠪᠰᠢᠨ ᠠᠴᠠ ᠬᠠᠮᠤᠭ ᠦᠨᠳᠣᠷ ᠲᠡᠭᠡᠨ 224.9 ᠮᠧᠲᠷ᠂ ᠬᠠᠮᠤᠭ ᠲᠣᠣᠷ᠎ᠡ 136.4 ᠮᠧᠲᠷ᠃ ᠰᠠᠷᠢᠬᠦᠨ | ᠪᠦᠰᠠᠨ ᠤ ᠡᠭᠡ ᠬᠠᠭᠤᠷᠡᠢ ᠶᠢᠨ ᠣᠯᠠᠷᠢᠯ ᠤᠨ ᠰᠠᠯᠬᠢᠨ ᠤ ᠴᠢᠨᠠᠷᠳᠡᠢ ᠠᠭᠤᠷ ᠠᠮᠢᠰᠬᠤᠯ ᠲᠠᠢ᠂ ᠬᠠᠪᠣᠷ ᠤᠨ ᠣᠯᠠᠷᠢᠯ | ᠳᠤ ᠭᠠᠩ ᠬᠠᠭᠤᠷᠡᠢ ᠣᠯᠡᠨ ᠰᠠᠯᠬᠢ ᠲᠠᠢ᠂ ᠵᠣᠨ ᠳᠠᠭᠠᠨ ᠠᠭᠠᠬᠢᠮ᠎ᠠ ᠬᠠᠯᠠᠭᠤᠨ ᠪᠣᠷᠣᠭᠠᠨ ᠡᠯᠪᠡᠭ᠂ ᠨᠠᠮᠣᠷ ᠳᠠᠭᠠᠨ | ᠴᠡᠯᠮᠡᠭ ᠲᠣᠩᠭᠠᠯᠠᠭ ᠠᠭᠤᠷ ᠠᠮᠢᠰᠬᠤᠯ ᠲᠠᠭᠠᠯᠠᠮᠵᠢᠳᠡᠢ᠂ ᠡᠪᠣᠯ ᠳᠡᠭᠡᠨ ᠬᠠᠬᠢᠷ ᠬᠦᠢᠳᠡᠨ ᠭᠠᠩ ᠬᠠᠭᠤᠷᠡᠢ ᠠᠭᠤᠷ | ᠠᠮᠢᠰᠬᠤᠯ ᠤᠨ ᠣᠨᠴᠠᠯᠢᠭ ᠲᠠᠢ ᠪᠠᠶᠢᠵᠣ᠂ ᠣᠯᠡᠨ ᠵᠢᠯ ᠤᠨ ᠲᠣᠮᠳᠡᠴᠢ ᠲᠣᠯᠠᠭᠠᠨ ᠤ ᠬᠡᠮᠵᠢᠶ᠎ᠠ 5℃᠂ 1 ᠰᠠᠷ᠎ᠡ | ᠶᠢᠨ ᠲᠣᠮᠳᠡᠴᠢ ᠲᠣᠯᠠᠭᠠᠨ ᠤ ᠬᠡᠮᠵᠢᠶ᠎ᠠ -16℃᠂ 7 ᠰᠠᠷ᠎ᠡ ᠶᠢᠨ ᠲᠣᠮᠳᠡᠴᠢ ᠲᠣᠯᠠᠭᠠᠨ ᠤ ᠬᠡᠮᠵᠢᠶ᠎ᠠ 23℃ | ᠪᠣᠯᠣᠨ᠎ᠠ᠃ ᠵᠢᠯ ᠲᠣᠮᠳᠡᠴᠢ ᠪᠠᠷ ᠬᠢᠷᠡᠭᠤ ᠦᠭᠡᠢ ᠬᠤᠭᠤᠴᠠᠭ᠎ᠠ 201 ᠡᠳᠣᠷ᠂ ᠵᠢᠯ ᠤᠨ ᠲᠣᠮᠳᠡᠴᠢ ᠨᠠᠷᠠᠡ ᠤ | ᠲᠣᠰᠣᠯᠳᠡ ᠶᠢᠨ ᠬᠤᠭᠤᠴᠠᠭ᠎ᠠ 2884.5 ᠴᠠᠭ᠃ 0℃ ᠠᠴᠠ ᠲᠡᠭᠡᠭᠰᠢ 213 ᠡᠳᠣᠷ ᠲᠠᠢ᠃ ᠵᠢᠯ ᠤᠨ | ᠲᠣᠨᠳᠡᠰᠣᠨ ᠤ ᠬᠡᠮᠵᠢᠶ᠎ᠠ 412 ᠮᠢᠯᠢᠮᠧᠲᠷ ᠬᠦᠷᠴᠣ᠂ 6 ᠰᠠᠷ᠎ᠡ ᠠᠴᠠ 9 ᠰᠠᠷ᠎ᠡ ᠬᠦᠷᠳᠡᠯ᠎ᠠ ᠪᠣᠷᠣᠭᠠᠨ ᠤ ᠣᠯᠠᠷᠢᠯ | ᠪᠠᠶᠢᠵᠣ᠂7 ᠰᠠᠷ᠎ᠡ ᠳᠤ ᠬᠠᠮᠤᠭ ᠡᠯᠪᠡᠭ ᠪᠣᠷᠣᠭᠠᠨ ᠲᠠᠢ᠃ ᠲᠠᠷᠢᠶᠠᠨ ᠭᠠᠵᠡᠷ ᠤᠨ ᠲᠠᠯᠠᠪᠠᠢ 28 ᠲᠦᠮᠡᠨ ᠮᠣ᠋᠂ ᠣᠢ | ᠰᠢᠭᠤᠢ ᠶᠢᠨ ᠲᠠᠯᠠᠪᠠᠢ 6.3 ᠲᠦᠮᠡᠨ ᠮᠣ᠋ ︵ᠲᠠᠷᠢᠶᠠᠯᠠᠬᠤ ᠪᠠᠨ ᠵᠣᠬᠰᠣᠵᠣ ᠣᠶᠢᠵᠢᠭᠤᠯᠣᠬᠰᠠᠨ ᠲᠠᠯᠠᠪᠠᠢ 17800 | ᠮᠣ᠋ ᠶᠢ ᠪᠠᠭᠳᠡᠭᠠᠨᠠ︶᠂ ᠨᠣᠳᠤᠭ ᠪᠠᠯᠴᠢᠭᠡᠷ ᠤᠨ ᠲᠠᠯᠠᠪᠡᠢ 40 ᠲᠦᠮᠡᠨ ᠮᠣ᠋ ᠂ ᠨᠠᠭᠤᠷ ᠪᠦᠷᠢᠳᠣ ᠶᠢᠨ ᠲᠠᠯᠠᠪᠠᠢ | 20 ᠲᠦᠮᠡᠨ ᠮᠣ᠋ ᠪᠣᠢ᠃ |