【ᠲᠣᠶᠢᠮᠣ ᠪᠠᠶᠢᠳᠡᠯ】 ᠬᠦᠷᠡᠯ ᠪᠠᠯᠭᠠᠰᠣ ᠪᠣᠯ ᠣᠮᠠᠷᠡᠳᠣ ᠦᠷᠭᠡᠷᠢᠭ 46。42、᠂ ᠵᠠᠬᠦᠨ ᠣᠷᠳᠣᠷᠢᠭ | 122。04、 ᠳᠤ ᠪᠠᠶᠢᠷᠢᠯᠠᠵᠣ ᠪᠣᠢ᠃ ᠵᠠᠯᠠᠶᠢᠳ ᠬᠤᠰᠢᠭᠤᠨ ᠤ ᠪᠠᠷᠡᠭᠤᠨ ᠬᠤᠶᠢᠳᠣ ᠬᠡᠰᠡᠭ᠂ ᠴᠣᠣᠯ ᠭᠤᠣᠯ | ᠤᠨ ᠪᠠᠷᠡᠭᠤᠨ ᠡᠷᠬᠢ ᠳᠤ ᠪᠠᠶᠢᠷᠢᠯᠠᠵᠣ ᠂ ᠵᠠᠬᠦᠨ ᠲᠠᠯ᠎ᠠ ᠳᠤ ᠪᠠᠨ ᠪᠠᠳᠡᠷᠡᠬᠤ ᠪᠠᠯᠭᠠᠰᠣ᠂ ᠪᠠᠷᠡᠭᠤᠨ ᠲᠠᠯ᠎ᠠ ᠳᠤ ᠪᠠᠨ | ᠪᠣᠯᠭᠠᠨᠬᠤᠸᠠ ᠰᠣᠮᠣ ᠲᠠᠢ ᠵᠠᠬ᠎ᠠ ᠨᠠᠶᠢᠯᠠᠵᠣ᠂ ᠡᠮᠣᠨ᠎ᠠ ᠲᠠᠯ᠎ᠠ ᠳᠤ ᠪᠠᠨ ᠪᠠᠶᠠᠠᠭᠤᠣᠯ ᠪᠠᠯᠭᠠᠰᠣ ᠲᠠᠢ ᠬᠦᠷᠰᠢ | ᠵᠡᠷᠭᠡᠯᠡᠳᠡᠭᠡ ᠪᠠᠶᠢᠵᠣ᠂ ᠬᠤᠶᠢᠳᠣ ᠲᠠᠯ᠎ᠠ ᠳᠤ ᠪᠠᠨ ᠠᠯᠳᠡᠷᠳᠣ ᠰᠣᠮᠣ ᠲᠠᠢ ᠵᠠᠯᠭᠠᠯᠳᠣᠵᠣ ᠪᠣᠢ᠃ ᠪᠠᠯᠭᠠᠰᠣᠨ ᠤ | ᠠᠷᠡᠳ ᠤᠨ ᠵᠠᠰᠠᠭ ᠤᠨ ᠣᠷᠳᠣᠨ ᠭᠡᠭᠡᠨ᠋ᠠᠣᠪᠣᠭᠠ ᠨᠡᠶᠢᠭᠡᠮ ᠲᠣᠭᠤᠷᠢᠭ ᠲᠤ ᠪᠠᠶᠢᠷᠢᠯᠠᠵᠣ᠂ ᠢᠨᠳᠡᠷ ᠪᠠᠯᠭᠠᠰᠣᠨ ᠳᠤ | ᠰᠠᠭᠤᠭ᠎ᠠ ᠬᠤᠰᠢᠭᠤᠨ ᠤ ᠵᠠᠰᠠᠭ ᠤᠨ ᠣᠷᠳᠣᠨ ᠠᠴᠠ 71 ᠺᠢᠯᠣᠮᠧᠲᠷ ᠵᠠᠢ ᠲᠠᠢ᠂ ᠣᠯᠠᠭᠠᠨᠬᠤᠳᠡ ᠠᠴᠠ 90 | ᠺᠢᠯᠣᠮᠧᠲᠷ ᠵᠠᠢ ᠲᠠᠢ᠃ ᠬᠠᠷᠢᠶᠠᠨ ᠳᠤ 1 ᠨᠠᠶᠢᠭᠡᠮ ᠲᠣᠭᠤᠷᠢᠭ ᠪᠠ 10 ᠭᠠᠴᠠᠭ᠎ᠠ᠂ 26 ᠠᠶᠢᠯ ᠲᠠᠢ᠃ ᠪᠦᠬᠦ | ᠪᠠᠯᠭᠠᠰᠣᠨ ᠳᠤ 3829 ᠡᠷᠣᠭᠡ᠂14022 ᠬᠦᠮᠣᠨ ᠠᠮᠠ ᠲᠠᠢ ᠃ ᠪᠦᠬᠦ ᠪᠠᠯᠭᠠᠰᠣᠨ ᠤ ᠶᠠᠷᠣᠩᠭᠡᠢ ᠲᠠᠯᠠᠪᠠᠢ | 667 ᠲᠡᠭᠰᠢ ᠲᠦᠷᠪᠡᠯᠵᠢᠨ ᠺᠢᠯᠣᠮᠧᠲᠷ᠂ ᠲᠠᠷᠢᠶᠠᠨ ᠭᠠᠵᠡᠷ 21 ᠲᠦᠮᠡᠨ ᠮᠣ᠋ ︵ᠣᠰᠣᠯᠠᠯᠳᠡ ᠶᠢᠨ ᠣᠷᠣᠨ 5 | ᠲᠦᠮᠡᠨ ᠮᠣ᠋᠂ ᠠᠭᠤᠯᠡᠨ ᠲᠠᠷᠢᠶ᠎ᠠ 16 ᠲᠦᠮᠡᠨ ᠮᠣ᠋︶᠂ ᠠᠰᠢᠬᠯᠠᠵᠣ ᠪᠣᠯᠬᠤᠶᠢᠴᠠ ᠨᠣᠳᠤᠭ ᠪᠡᠯᠴᠢᠭᠡᠷ 43.6 | ᠲᠦᠮᠡᠨ ᠮᠣ᠋ ᠪᠠᠶᠢᠵᠣ᠂ ᠣᠢ ᠰᠢᠭᠤᠢ ᠶᠢᠨ ᠪᠦᠷᠬᠦᠴᠠ ᠶᠢᠨ ᠲᠠᠯᠠᠪᠠᠢ 30.46 ᠲᠦᠮᠡᠨ ᠮᠣ᠋ ︵ᠡᠬᠦᠨ ᠳᠤ | ᠪᠠᠶᠢᠭᠠᠯᠢᠯᠢᠭ ᠣᠢ 16.7 ᠲᠦᠮᠡᠨ ᠮᠣ᠋︶ ᠪᠣᠢ᠃ ᠭᠠᠵᠡᠷ ᠤᠨ ᠪᠠᠶᠢᠴᠠ ᠨᠢ ᠪᠠᠷᠡᠭᠤᠨ ᠢᠶᠠᠨ ᠦᠨᠳᠣᠷ ᠵᠠᠬᠦᠨ ᠢᠶᠠᠨ | ᠲᠣᠣᠷ᠎ᠡ᠂ ᠲᠣᠪᠣᠷᠬᠠᠭ ᠣᠷᠣᠨ ᠪᠠ ᠬᠦᠢᠭᠡᠨ ᠠᠭᠤᠯᠡ ᠲᠣᠪᠣᠷᠬᠠᠭ ᠣᠷᠣᠨ ᠳᠤ ᠬᠠᠷᠢᠶᠠᠯᠠᠬᠳᠡᠨ᠂ ᠶᠡᠭᠡ ᠬᠢᠩᠭᠠᠨ | ᠲᠠᠪᠠᠭᠠᠨ ᠤ ᠵᠠᠬᠦᠨ ᠪᠠᠷᠡᠭᠤᠨ ᠬᠤᠷᠮᠣᠢ ᠣᠷᠣᠨ ᠳᠤ ᠪᠠᠭᠳᠡᠬᠳᠡᠵᠣ᠂ ᠲᠣᠮᠳᠡᠴᠢ ᠡᠷᠬᠦᠭᠳᠡᠴᠠ 500 ᠮᠧᠲᠷ᠃ | ᠰᠢᠪᠠᠷᠳᠣ ᠭᠤᠣᠯ᠂ ᠴᠣᠣᠯ ᠭᠤᠣᠯ᠂ ᠲᠡᠮᠡᠭᠡᠨ ᠭᠤᠣᠯ ᠵᠡᠷᠭᠡ ᠭᠤᠣᠯ ᠮᠦᠷᠡᠨ ᠪᠠᠯᠭᠠᠰᠣ ᠶᠢᠨ ᠨᠣᠳᠤᠭ ᠢᠶᠠᠷ | ᠣᠷᠣᠰᠣᠨ ᠦᠩᠭᠡᠷᠡᠵᠣ ᠪᠣᠢ᠃ ᠰᠠᠷᠢᠬᠦᠨ ᠪᠦᠰᠠᠨ ᠤ ᠡᠭᠡ ᠬᠠᠭᠤᠷᠡᠢ ᠶᠢᠨ ᠣᠯᠠᠷᠢᠯ ᠤᠨ ᠰᠠᠯᠬᠢᠨ ᠤ ᠴᠢᠨᠠᠷᠳᠡᠢ | ᠠᠭᠤᠷ ᠠᠮᠢᠰᠬᠤᠯ ᠲᠠᠢ᠂ ᠬᠠᠪᠣᠷ ᠤᠨ ᠣᠯᠠᠷᠢᠯ ᠳᠠᠭᠠᠨ ᠣᠯᠡᠨ ᠰᠠᠯᠬᠢ ᠲᠠᠢ ᠭᠠᠩ ᠬᠠᠭᠤᠷᠡᠢ᠂ ᠵᠣᠨ ᠤ ᠣᠯᠠᠷᠢᠯ | ᠳᠠᠭᠠᠨ ᠠᠭᠠᠬᠢᠮ᠎ᠠ ᠬᠠᠯᠠᠭᠤᠨ ᠪᠣᠷᠣᠭᠠᠨ ᠣᠯᠡᠨ᠂ ᠨᠠᠮᠣᠷ ᠳᠠᠭᠠᠨ ᠴᠠᠯᠮᠡᠭ ᠲᠣᠩᠭᠠᠯᠠᠭ ᠠᠭᠤᠷ ᠠᠮᠢᠰᠬᠤᠯ | ᠲᠠᠭᠠᠯᠠᠮᠵᠢᠳᠡᠢ᠂ ᠡᠪᠣᠯ ᠳᠡᠭᠡᠨ ᠬᠠᠬᠢᠷ ᠬᠦᠢᠳᠡᠨ ᠭᠠᠩ ᠬᠠᠭᠤᠷᠡᠢ ᠠᠭᠤᠷ ᠠᠮᠢᠰᠬᠤᠯ ᠤᠨ ᠣᠨᠴᠠᠯᠢᠭ ᠲᠠᠢ᠃ ᠵᠢᠯ | ᠤᠨ ᠲᠣᠨᠳᠡᠰᠣᠨ ᠤ ᠬᠡᠮᠵᠢᠶ᠎ᠠ 452.9 ᠮᠢᠯᠢᠮᠧᠲᠷ᠂ ᠬᠢᠷᠡᠭᠤ ᠦᠭᠡᠢ ᠬᠤᠭᠤᠴᠠᠭ᠎ᠠ 120 ᠡᠳᠣᠷ᠃ ᠬᠠᠮᠤᠭ | ᠦᠨᠳᠣᠷ ᠲᠣᠯᠠᠭᠠᠨ ᠤ ᠬᠡᠮᠵᠢᠶ᠎ᠠ 39.8℃᠂ ᠬᠠᠮᠤᠭ ᠲᠣᠣᠷ᠎ᠡ ᠲᠣᠯᠠᠭᠠᠨ ᠤ ᠬᠡᠮᠵᠢᠶ᠎ᠠ ᠨᠢ -39.2 ℃᠂ | ᠲᠣᠮᠳᠡᠴᠢ ᠲᠣᠯᠠᠭᠠᠨ ᠤ ᠬᠡᠮᠵᠢᠶ᠎ᠠ ᠨᠢ 3.6℃᠃ ᠵᠢᠯ ᠤᠨ ᠨᠠᠷᠡᠨ ᠤ ᠲᠣᠰᠣᠯᠳᠡ ᠶᠢᠨ ᠬᠤᠭᠤᠴᠠᠭ᠎ᠠ 2894.1 | ᠴᠠᠭ᠂ 0℃ ᠠᠴᠠ ᠲᠡᠭᠡᠭᠰᠢ 136 ᠡᠳᠣᠷ ᠲᠠᠢ᠂ ᠡᠳᠣᠷ ᠤᠨ ᠲᠣᠯᠠᠭᠠᠨ ᠤ ᠵᠦᠷᠢᠶ᠎ᠠ ᠬᠠᠮᠤᠭ ᠶᠡᠭᠡ ᠳᠠᠭᠠᠨ 38. | 2 ℃᠃ ᠭᠤᠣᠯ ᠪᠠᠶᠢᠭᠠᠯᠢ ᠶᠢᠨ ᠭᠠᠮᠰᠢᠭ ᠲᠤ ᠡᠯᠡᠰᠣᠨ ᠰᠢᠭᠤᠷᠭ᠎ᠠ᠂ ᠴᠠᠰᠣ ᠪᠣᠷᠣᠭᠠᠨ᠂ ᠮᠦᠨᠳᠣᠷ ᠵᠡᠷᠭᠡ | ᠪᠣᠯᠣᠨ᠎ᠠ᠃ |