ᠪᠤᠰᠤᠭ᠎ᠠ ᠮᠤᠩᠭᠤᠯ ᠦᠰᠦᠭ | — ᠮᠤᠩᠭᠤᠯ ᠦᠭᠡ ᠬᠡᠯᠡ ᠦᠰᠦᠭ ᠪᠢᠴᠢᠭ ᠢᠶᠠᠨ ᠦᠨᠢᠳᠡ ᠵᠠᠯᠭᠠᠮᠵᠢᠯᠠᠶ᠎ᠠ | ● ᠳᠡᠯᠭᠡᠷᠡᠬᠦ | ᠳᠡᠯᠡᠬᠡᠢ ᠳᠤ ᠭᠠᠭᠴᠠᠬᠠᠨ ᠪᠤᠰᠤᠭ᠎ᠠ ᠦᠰᠦᠭ | ᠳᠠᠳᠠᠯᠠᠭᠠᠳ ᠪᠢᠴᠢᠪᠡᠯ ᠪᠦᠵᠢᠭᠴᠢᠨ ᠦᠰᠦᠭ | ᠤᠷᠳᠦ ᠶᠢᠨ ᠳᠠᠭᠤᠤ ᠰᠢᠬ ᠤᠷᠳᠤᠬᠠᠨ ᠦᠰᠦᠭ | ᠤᠭᠠᠯᠵᠠᠯᠠᠨ ᠤᠷᠤᠰᠬᠤ ᠮᠦᠷᠡᠨ ᠰᠢᠭ ᠦᠰᠦᠭ | ᠪᠤᠰᠤᠭ᠎ᠠ ᠦᠰᠦᠭ ᠮᠤᠩᠭᠤᠯ ᠦᠰᠦᠭ ᠮᠢᠨᠢ | ᠪᠤᠭᠳᠠ ᠴᠢᠩᠬᠢᠰ ᠤᠨ ᠳᠠᠰᠢᠭᠤᠷ ᠦᠰᠦᠭ | ᠬᠠᠭᠠᠨ ᠴᠢᠩᠬᠢᠰ ᠤᠨ ᠰᠠᠨᠠᠭᠠᠴᠢᠯᠠᠭᠰᠠᠨ ᠦᠰᠦᠭ | ᠬᠠᠳᠠᠨ ᠳᠡᠭᠡᠷ᠎ᠠ ᠰᠡᠶᠢᠯᠦᠭᠰᠡᠨ ᠦᠰᠦᠭ | ᠭᠦᠷᠦᠨ ᠳᠢᠪ ᠢ ᠬᠤᠯᠪᠤᠭᠰᠠᠨ ᠦᠰᠦᠭ | ᠬᠤᠷᠸ᠎ᠠ ᠳᠤ ᠬᠤᠤᠰ ᠦᠭᠡᠢ ᠵᠤᠭᠰᠤᠭ᠎ᠠ ᠦᠰᠦᠭ | ᠪᠤᠰᠤᠭ᠎ᠠ ᠮᠤᠩᠭᠤᠯ ᠦᠰᠦᠭ ᠮᠢᠨᠢ | ᠪᠤᠭᠳᠠ ᠴᠢᠩᠭᠢᠰ ᠤᠨ ᠳᠠᠰᠢᠭᠤᠷ ᠦᠰᠦᠭ | ᠰᠤᠭᠤᠪᠴᠢᠯᠠᠨ ᠶᠠᠪᠤᠪᠠᠯ ᠤᠷᠠᠬ᠎ᠠ ᠰᠢᠬ ᠦᠰᠦᠭ | ᠰᠤᠨᠳᠤᠯᠠᠭᠠᠳ ᠭᠠᠷᠪᠠᠯ ᠰᠡᠯᠡᠮ᠎ᠠ ᠰᠢᠭ ᠦᠰᠦᠭ | ᠦᠷᠯᠦᠭ ᠮᠤᠩᠭᠤᠯ ᠤᠨ ᠡᠯᠴᠢᠨ ᠦᠰᠦᠭ | ᠦᠨᠢᠳᠡ ᠪᠠᠯᠠᠷᠠᠰᠢ ᠦᠭᠡᠢ ᠮᠦᠡᠭᠬᠡ ᠦᠰᠦᠭ | ᠪᠤᠰᠤᠭ᠎ᠠ ᠮᠤᠩᠭᠤᠯ ᠦᠰᠦᠭ ᠮᠢᠨᠢ | ᠪᠤᠭᠳᠠ ᠴᠢᠩᠭᠢᠰ ᠤᠨ ᠳᠠᠰᠢᠭᠤᠷ ᠦᠰᠦᠭ | ᠪᠤᠷᠬᠠᠨ ᠳᠡᠭᠷᠢ ᠠᠴᠠ ᠢᠪᠡᠭᠡᠭᠰᠡᠨ ᠦᠰᠦᠭ | ᠪᠤᠭᠳᠠ ᠡᠵᠡᠨ ᠠᠳᠬᠤᠵᠦ ᠮᠠᠨᠳᠤᠭᠰᠠᠨ ᠦᠰᠦᠭ | ᠦᠭᠡᠯᠦᠨ ᠡᠵᠢ ᠶᠢᠨ ᠰᠦ ᠢᠪᠡᠯᠦᠭᠰᠡᠨ ᠦᠰᠦᠭ | ᠦᠨᠢᠷ ᠮᠤᠩᠭᠤᠯ ᠤᠨ ᠨᠢᠭᠳᠠᠷᠠᠨ ᠮᠠᠨᠳᠤᠬᠤ ᠦᠰᠦᠭ | ᠪᠤᠰᠤᠭ᠎ᠠ ᠮᠤᠩᠭᠤᠯ ᠦᠰᠦᠭ ᠮᠢᠨᠢ | ᠪᠤᠭᠳᠠ ᠴᠢᠩᠭᠢᠰ ᠤᠨ ᠳᠠᠰᠢᠭᠤᠷ ᠦᠰᠦᠭ | ᠮᠤᠩᠭᠤᠯ ᠬᠡᠯᠨ | ᠴᠢᠬᠢᠨ ᠤ ᠴᠢᠮᠡᠭ ᠪᠤᠯᠤᠭᠰᠠᠨ | ᠠᠶᠠᠯᠭᠤ ᠰᠠᠶᠢᠬᠠᠨ ᠮᠤᠩᠭᠤᠯ ᠬᠡᠯᠡ | ᠴᠢᠩ ᠵᠤᠷᠢᠬᠳᠦ ᠳᠡᠭᠡᠳᠦᠰ ᠤᠨ ᠮᠢᠨᠢ | ᠦᠪ ᠶᠡᠭᠡ ᠰᠤᠶᠤᠯ | ᠰᠤᠨᠤᠰᠬᠤ ᠪᠦᠷᠢ ᠳᠤ ᠢᠷᠠᠭᠤ ᠪᠠᠶᠠᠯᠢᠭ ᠢ | ᠭᠠᠶᠢᠬᠠᠨ ᠪᠠᠶᠠᠰᠴᠦ | ᠰᠤᠳᠦ ᠪᠢᠯᠢᠭ ᠳᠦᠮᠡᠨ ᠢᠶᠠᠷ ᠢᠶᠠᠨ | ᠪᠢᠰᠢᠷᠡᠨ ᠮᠠᠭᠳᠠᠮᠦᠢ | ᠮᠠᠷᠳᠠᠭᠳᠠᠰᠢ ᠦᠭᠡᠢ ᠮᠤᠩᠭᠤᠯ ᠬᠡᠯᠡ | ᠮᠦᠡᠭᠬᠡ ᠮᠠᠨᠳᠤᠬᠤ ᠮᠤᠩᠭᠤᠯ ᠬᠡᠯᠡ | ᠵᠤᠬᠢᠶᠠᠭᠴᠢ ᠶᠢᠨ ᠬᠠᠶ᠋ᠢᠬ᠄ ᠤᠯᠠᠭᠠᠨᠬᠤᠳᠠ ᠮᠤᠩᠭᠤᠯ ᠦᠨᠳᠤᠰᠤᠳᠡᠨ ᠤ ᠪᠠᠭ᠎ᠠ ᠰᠤᠷᠭᠠᠭᠤᠯᠢ | |