ᠪᠣᠷᠭᠠᠰᠤᠨ ᠪᠣᠯᠵᠣᠮᠣᠷ ᠶᠠᠭᠤᠨ ᠳᠤ ᠵᠢᠷᠭᠢᠪᠡ
ᠨᠡᠶᠢᠲᠡᠯᠡᠭᠰᠡᠨ ᠴᠠᠭ᠄
2020/11/10
ᠪᠣᠷᠭᠠᠰᠤᠨ ᠪᠣᠯᠵᠣᠮᠣᠷ ᠶᠠᠭᠤᠨ ᠳᠤ ᠵᠢᠷᠭᠢᠪᠡ        ● ᠪᠠᠶᠠᠭᠤᠳ ᠠᠮᠤᠭᠤᠯᠠᠩ        1        ᠠᠪᠤ ᠶᠢ ᠪᠠᠭ᠎ᠠ ᠪᠠᠶᠢᠬᠤ ᠳᠤ᠂ ᠮᠠᠨ ᠤ ᠨᠤᠲᠤᠭ ᠪᠠᠶᠠᠨᠲᠣᠬᠤᠢ ᠭᠡᠵᠦ ᠮᠠᠰᠢ ᠭᠤᠶᠣ ᠪᠠᠶᠢᠭᠰᠠᠨ᠃ ᠲᠡᠷᠡ ᠭᠤᠶᠣ ᠪᠠᠶᠢᠭᠰᠠᠨ ᠵᠤᠨ ᠤ ᠨᠢᠭᠡᠨ ᠦᠷᠯᠦᠭᠡ᠂ ᠠᠪᠤ ᠮᠢᠨᠢ ᠨᠣᠮ ᠢᠶᠠᠨ ᠮᠦᠷᠦᠯᠡᠵᠦ ᠤᠤᠯ ᠤᠨ ᠵᠣᠷᠰᠢᠯ ᠢᠶᠠᠷ ᠢᠶᠠᠨ ᠦᠨᠦᠴᠢᠨ ᠴᠣᠪᠣᠭ᠎ᠠ ᠶᠢ ᠪᠠᠷᠢᠵᠤ ᠴᠢᠪᠠᠭᠠᠲᠤ ᠶᠢᠨ ᠠᠷᠤ ᠶᠢᠨ ᠵᠦᠭ᠂ ᠭᠡᠳᠡᠷᠭᠡᠨ ᠪᠣᠯᠠᠭ ᠤᠨ ᠦᠭᠡᠳᠡ᠂ ᠰᠤᠷᠭᠠᠭᠤᠯᠢ ᠶᠢᠨ ᠣᠯᠣᠮ ᠢ ᠭᠠᠲᠤᠯᠵᠤ ᠪᠢᠴᠢᠭ ᠤᠨ ᠲᠠᠩᠬᠢᠮ ᠳᠤ ᠪᠠᠨ ᠣᠴᠢᠭᠰᠠᠨ ᠶᠤᠮ᠃       ᠲᠣᠬᠠᠢ ᠶᠢᠨ ᠦᠶ᠎ᠡ ᠳᠤ᠂ ᠰᠡᠳᠭᠢᠯ ᠲᠡᠨᠡᠶᠢᠯᠭᠡᠮ᠎ᠡ ᠤᠷᠭᠤᠬᠤ ᠨᠠᠷᠠᠨ ᠤ ᠭᠡᠷᠡᠯ ᠳᠤᠮᠳᠠ ᠭᠤᠣᠯ ᠤᠨ ᠠᠷᠠᠯ ᠢ ᠳᠠᠭᠠᠵᠤ ᠪᠤᠷᠭᠠᠰᠤ ᠰᠤᠬᠠᠢ ᠨᠠᠶᠢᠭᠤᠨ ᠨᠠᠬᠢᠯᠵᠠᠵᠤ᠂ ᠪᠣᠯᠵᠤᠮᠤᠷ ᠰᠢᠪᠠᠭᠤ ᠴᠡᠩᠬᠡᠷ ᠬᠦᠬᠡ ᠲᠡᠭᠷᠢ ᠬᠠᠷᠠᠨ ᠵᠢᠷᠭᠢᠨ ᠳᠤᠩᠭᠤᠳᠴᠤ ᠪᠣᠲᠠ ᠪᠣᠲᠠ ᠴᠡᠴᠡᠭ ᠬᠤᠸᠠᠷ ᠴᠡᠪᠡᠷ ᠰᠡᠷᠢᠭᠦᠨ ᠠᠭᠠᠷ ᠤᠨ ᠳᠤᠮᠳᠠ ᠴᠡᠴᠡᠷᠬᠢᠯᠡᠨ ᠪᠦᠵᠢᠨ᠎ᠡ᠃ ᠵᠢᠭᠠᠯ ᠪᠠᠭ᠎ᠠ ᠬᠡᠦᠬᠡᠳ ᠭᠡᠰᠡᠨ ᠦᠭᠡᠢ᠂ ᠵᠠᠵᠢ ᠪᠤᠭᠤᠷᠤᠯ ᠨᠠᠰᠤᠲᠠᠶᠢᠴᠤᠤᠯ ᠤᠨ ᠴᠦ ᠠᠭᠤᠰᠬᠢ ᠵᠢᠷᠦᠬᠡ ᠨᠢ ᠴᠡᠪᠡᠷᠰᠢᠵᠦ ᠤᠬᠠᠭᠠᠨ ᠪᠤᠳᠤᠯ ᠨᠢ ᠴᠡᠯᠮᠡᠭᠰᠢᠵᠦ ᠣᠢ ᠪᠢᠯᠢᠭ ᠨᠢ ᠬᠦᠲᠦᠯᠦᠭᠳᠡᠨ᠎ᠡ ᠡ᠃ᠪᠤᠷᠭᠠᠰᠤᠨ ᠪᠣᠯᠵᠣᠮᠣᠷ ᠡᠨᠡᠭᠰᠢᠳᠡᠭ ᠤᠨ ᠤᠴᠢᠷ ᠢᠢᠮᠦ᠃        2      ᠦᠭᠡᠳᠡᠩ ᠴᠠᠭᠠᠰᠤ ᠪᠠᠶᠢᠲᠤᠭᠠᠢ᠂ ᠦᠷᠭᠡᠰᠦᠲᠡᠢ ᠴᠠᠭᠠᠰᠤ ᠴᠦ ᠪᠠᠶᠢᠳᠠᠭ ᠦᠭᠡᠢ ᠠᠪᠤ ᠮᠢᠨᠢ᠂ ᠣᠯᠣᠰᠣᠨ ᠲᠣᠰᠣ ᠪᠠᠷ ᠦᠩᠭᠡᠯᠡᠭᠰᠡᠨ ᠮᠣᠳᠤᠨ ᠬᠠᠪᠲᠠᠰᠤᠨ ᠳᠡᠭᠡᠷ᠎ᠡ ᠪᠠᠨ ᠠᠷᠭᠠᠯ ᠤᠨ ᠵᠦᠭᠡᠯᠡᠨ ᠦᠨᠡᠰᠦ ᠪᠠᠨ ᠦᠷᠦᠵᠦ᠂ ᠬᠠᠲᠠᠭᠤ ᠪᠠᠭᠰᠢ ᠳᠡᠯᠭᠡᠷᠵᠠᠪ ᠤᠨ ᠬᠠᠷᠠᠯᠠᠭᠰᠠᠨ ᠱᠤᠭᠤᠮ ᠤᠨ ᠳᠣᠬᠢᠯᠭ᠎ᠠ ᠶᠢᠨ ᠳᠣᠣᠷ᠎ᠠ ᠮᠣᠷᠣᠢ ᠰᠠᠷᠣᠢ ᠬᠡᠳᠦᠨ ᠦᠰᠦᠭ ᠢᠶᠠᠨ ᠮᠣᠬᠢᠷ ᠬᠤᠷᠤᠭᠤ ᠪᠠᠷ ᠢᠶᠠᠨ ᠵᠢᠷᠤᠨ ᠠᠲᠠᠯ᠎ᠠ ᠡᠭᠦᠳᠡ ᠲᠣᠭᠰᠢᠭᠳᠠᠪᠠ᠃       ᠲᠡ᠊ ᠪᠠᠭᠰᠢ ᠵᠦᠪᠰᠢᠶᠡᠷᠡᠯ ᠦᠭᠬᠦ ᠪᠠᠷ ᠪᠢᠴᠢᠭ ᠤᠨ ᠲᠠᠩᠬᠢᠮ ᠤᠨ ᠡᠭᠦᠳᠡ ᠨᠡᠭᠡᠭᠡᠭᠳᠡᠬᠦ ᠶᠢᠨ ᠵᠠᠪᠰᠠᠷ ︽ᠠᠮᠢᠳᠤ ᠱᠣᠯᠣᠮ︾ ᠯᠢᠦᠰᠢᠵᠠᠪ ᠣᠷᠣᠵᠣ ᠢᠷᠡᠪᠡ᠃ ᠲᠡ᠊ ᠪᠠᠭᠰᠢ ᠤᠷᠪᠠᠵᠤ ᠬᠠᠷᠠᠯ ᠦᠭᠡᠢ᠄        — ᠶᠠᠭᠠᠬᠢᠭᠠᠳ ᠣᠷᠦ᠋ᠢᠲᠠᠴᠢᠬᠠᠪᠠ︖ ᠭᠡᠬᠦᠯᠡᠷ ᠯᠢᠦᠰᠢᠵᠠᠪ᠄       — ᠪᠠᠭᠰᠢ ᠡ᠂ ᠪᠢ᠂ ᠪᠢ ᠁ ᠤᠳᠤᠮ ᠳᠤ ᠨᠢ ᠮᠠᠭᠤ ᠪᠤᠷᠭᠠᠰᠤᠨ ᠪᠣᠯᠵᠣᠮᠣᠷ ᠢ ᠪᠠᠷᠢᠬᠤ ᠭᠡᠳ ᠬᠦᠭᠡᠭᠡᠵᠦ ᠪᠠᠶᠢᠭᠰᠠᠭᠠᠷ ᠮᠡᠬᠡᠯᠡᠭᠳᠡᠭᠡᠳ ᠣᠷᠦ᠋ᠢᠲᠠᠪᠠ᠃        ᠲᠡ᠊ ᠪᠠᠭᠰᠢ ᠬᠠᠷ᠎ᠠ ᠱᠤᠭᠤᠮ ᠢᠶᠠᠨ ᠵᠡᠭᠦᠨ ᠭᠠᠷ ᠤᠨ ᠠᠯᠠᠭᠠᠨ ᠳᠡᠭᠡᠷ᠎ᠡ ᠪᠠᠨ ᠬᠡᠳᠦ ᠳᠠᠪᠰᠢᠵᠤ᠄        — ᠪᠤᠷᠭᠠᠰᠤᠨ ᠪᠣᠯᠵᠣᠮᠣᠷ ᠴᠢᠮ᠎ᠠ ᠶᠢ ᠶᠠᠭᠠᠬᠢᠵᠤ ᠮᠡᠬᠡᠯᠡᠪᠡ︖       — ᠪᠤᠷᠭᠠᠰᠤᠨ ᠪᠣᠯᠵᠣᠮᠣᠷ ᠵᠦᠭᠡᠷ ᠯᠡ ︿ᠳᠡᠯ ᠳᠡᠯ ᠳᠡᠯ — ᠭᠡᠷ ᠭᠡᠷ ᠭᠡᠷ — ᠵᠠᠪ ᠵᠠᠪ ᠵᠠᠪ﹀ ᠭᠡᠳ ᠵᠢᠵᠢᠭᠢᠨᠡᠭᠡᠳ ᠪᠠᠶᠢᠬᠤᠨᠠᠷᠠᠨ ᠪᠢ ᠬᠦᠭᠡᠭᠡᠭᠡᠳ ᠪᠠᠶᠢᠭᠰᠠᠨ᠃ ᠲᠡᠭᠡᠭᠡᠳ ᠣᠷᠦ᠋ᠢᠲᠠᠭᠰᠠᠨ ᠁       — ᠡᠨᠡ ᠮᠠᠭᠤ ᠯᠢᠦᠰᠢᠵᠠᠪ ᠢ ᠵᠦᠭᠡᠷ ᠁ ᠰᠤᠷᠤᠭᠴᠢ ᠶᠢᠨ ᠳ᠋ᠠ ︵ᠠᠩᠭᠢ ᠶᠢᠨ ᠳᠠᠷᠤᠭ᠎ᠠ ᠪᠣᠶᠤ ᠬᠠᠮᠤᠭ ᠤᠨ ᠠᠬᠠᠮᠠᠳ ᠰᠤᠷᠤᠭᠴᠢ︶ ᠭᠠᠷᠴᠤ ᠢᠷ᠎ᠡ︕ ᠯᠢᠦᠰᠢᠵᠠᠪ ᠤᠨ ᠦᠮᠦᠳᠦ ᠶᠢ ᠲᠠᠶᠢᠯᠵᠤ ᠪᠦᠭᠰᠡ ᠶᠢ ᠨᠢ ᠭᠠᠷᠭ᠎ᠠ︕        ᠰᠤᠷᠤᠭᠴᠢ ᠶᠢᠨ ᠳ᠋ᠠ ᠬᠡᠳᠦᠨ ᠨᠦᠬᠦᠷ ᠲᠠᠢ ᠬᠠᠮᠲᠤ ᠭᠠᠷᠴᠤ ᠢᠷᠡᠭᠡᠳ ᠪᠠᠭᠰᠢ ᠶᠢᠨ ᠵᠢᠭᠠᠪᠤᠷᠢ ᠶᠣᠰᠣ ᠪᠠᠷ ᠂ ᠦᠩᠭᠡᠷᠡᠭᠰᠡᠨ ᠤ ᠵᠣᠷᠰᠢᠯ ᠶᠣᠰᠣ ᠪᠠᠷ ᠯᠢᠦᠰᠢᠵᠠᠪ ᠤᠨ ᠦᠮᠦᠳᠦ ᠶᠢ ᠨᠢ ᠲᠠᠶᠢᠯᠤᠨ ᠪᠦᠭᠰᠡ ᠶᠢ ᠨᠢ ᠭᠠᠷᠭᠠᠵᠤ᠂ ᠬᠥᠰᠡᠷ ᠳᠠᠷᠤᠵᠤ ᠡᠯᠢᠭᠡᠳᠡᠭᠦᠯᠦᠨ ᠬᠡᠪᠲᠡᠭᠦᠯᠪᠡ᠃ ᠲᠡ᠊ ᠪᠠᠭᠰᠢ ᠵᠢᠰᠦ ᠠᠴᠠ ᠪᠠᠨ ᠬᠠᠷ᠎ᠠ᠂ ᠨᠠᠰᠤ ᠠᠴᠠ ᠪᠠᠨ ᠠᠬ᠎ᠠ ᠬᠤᠯᠤᠰᠤᠨ ᠱᠤᠭᠤᠮ ᠢᠶᠠᠨ ᠳᠡᠭᠡᠭᠰᠢ ᠳᠠᠯᠶᠢᠪᠠ᠃         ᠠᠪᠤ ᠴᠢᠨᠠᠭᠰᠢ ᠬᠠᠷᠠᠬᠤ ᠵᠣᠷᠢᠭ ᠬᠦᠷᠦᠭᠰᠡᠨ ᠦᠭᠡᠢ᠃       ᠲᠠᠱ ᠡ᠂ ᠪᠠᠷᠠᠭᠤᠨ ᠠᠯᠠᠭ᠎ᠠ ᠨᠢ ᠪᠠᠶᠢᠯᠭᠦᠢ᠂ ᠯᠢᠦᠰᠢᠵᠠᠪ ᠴᠢᠮᠡᠭᠡ ᠦᠭᠡᠢ᠃ ᠨᠢᠱ ᠡ᠂ ᠵᠡᠭᠦᠨ ᠠᠯᠠᠭ᠎ᠠ ᠨᠢ ᠪᠠᠶᠢᠯᠭᠦᠢ᠂ ᠯᠢᠦᠰᠢᠵᠠᠪ ᠠᠨᠢᠷ ᠦᠭᠡᠢ᠃ ᠫᠢᠱ ᠡ᠂ ᠪᠠᠷᠠᠭᠤᠨ ᠪᠦᠭᠰᠡ ᠨᠢ ᠪᠠᠶᠢᠯᠭᠦᠢ᠂ ᠯᠢᠦᠰᠢᠵᠠᠪ ᠳᠠᠭᠤ ᠦᠭᠡᠢ᠃ ᠫᠠᠱ ᠡ᠂ ᠵᠡᠭᠦᠨ ᠪᠦᠭᠰᠡ ᠨᠢ ᠪᠠᠶᠢᠯᠭᠦᠢ᠂ ︽ᠠᠮᠢᠳᠤ ᠱᠣᠯᠣᠮ︾ ᠰᠠᠶ᠋ᠢ ᠠᠮᠢ ᠤᠷᠤᠭᠰᠠᠨ ᠰᠢᠭ᠋ ᠪᠠᠷᠬᠢᠷᠠᠪᠠ᠃        — ᠪᠠᠭᠰᠢ ᠡ᠂ ᠭᠤᠶᠤᠵᠤ ᠪᠠᠶᠢᠨ᠎ᠠ᠃ ᠪᠢ ᠦᠨᠡᠨ ᠢᠶᠠᠨ ᠬᠡᠯᠡᠶ᠎ᠡ          — ᠬᠡᠯᠡ᠂ ᠪᠤᠷᠭᠠᠰᠤᠨ ᠪᠣᠯᠵᠣᠮᠣᠷ ᠶᠠᠭᠤ ᠭᠡᠬᠦᠪ︖          — ᠪᠠᠭᠰᠢ ᠡ᠂ ᠪᠤᠷᠭᠠᠰᠤᠨ ᠪᠣᠯᠵᠣᠮᠣᠷ ︿ᠯᠢᠦ ᠯᠢᠦ ᠯᠢᠦ — ᠰᠢ ᠰᠢ ᠰᠢ — ᠵᠠᠪ ᠵᠠᠪ ᠵᠠᠪ ﹀ ᠭᠡᠵᠡᠢ ᠭᠡᠪᠡ᠃       — ᠵᠠ᠂ ᠪᠣᠯᠵᠠᠢ᠃ ᠮᠠᠭᠤ ᠭᠠᠶᠢᠬᠠᠯᠲᠤ ᠶᠢ ᠲᠠᠯᠪᠢ︕ ᠮᠠᠭᠤ ᠳᠠᠮᠰᠢᠭ ᠪᠠᠰᠠ ᠳᠠᠬᠢᠵᠣ ᠡᠷᠦᠢ ᠬᠤᠷᠤᠢ ᠦᠭᠡᠢ ᠠᠭᠠᠰᠢᠯᠠᠪᠠᠯ ᠭᠠᠷ ᠪᠦᠭᠰᠡᠨ ᠤ ᠴᠢᠨᠢ ᠭᠠᠢ ᠪᠠᠷᠴᠢᠳ ᠭᠠᠷᠴᠤ ᠪᠠᠷᠠᠭᠠᠳᠤᠢ ᠭᠡᠵᠦ ᠮᠡᠳᠡ ᠁       ᠠᠢ᠂ ᠠᠪᠤ ᠶᠢᠨ ᠮᠢᠨᠢ ᠪᠠᠭ᠎ᠠ ᠶᠢᠨ ᠦᠶ᠎ᠡ ᠶᠢᠨ ᠦᠯᠢᠭᠡᠷ ᠲᠡᠶᠢᠮᠦ᠃ ᠪᠠᠶᠢᠭᠠᠯᠢ ᠶᠢᠨ ᠰᠠᠶᠢᠬᠠᠨ ᠦᠩᠭᠡᠨ ᠳᠤ ᠪᠠᠯᠴᠢᠷ ᠨᠠᠰᠤ ᠬᠦᠲᠦᠯᠦᠭᠳᠡᠵᠦ᠂ ᠪᠠᠭᠰᠢ ᠶᠢᠨ ᠬᠠᠲᠠᠭᠤ ᠰᠤᠷᠭᠠᠯ ᠳᠤ ᠬᠡᠦᠬᠡᠳ ᠤᠨ ᠰᠡᠳᠭᠢᠯ ᠬᠦᠨᠳᠡᠭᠳᠡᠳᠡᠭ ᠪᠠᠶᠢᠵᠠᠢ᠃           ᠪᠤᠷᠭᠠᠰᠤᠨ ᠪᠣᠯᠵᠣᠮᠣᠷ ᠪᠠ ᠬᠡᠦᠬᠡᠳ ᠤᠨ ᠰᠡᠳᠭᠢᠯ ᠴᠡᠪᠡᠷ ᠠᠭᠠᠷ ᠲᠤ ᠳᠡᠷᠪᠡᠳᠡᠭ ᠤᠴᠢᠷ ᠲᠠᠢ᠃         3        ᠳᠠᠯᠠ ᠶᠢ ᠳᠠᠪᠠᠭᠰᠠᠨ ᠨᠠᠰᠤᠲᠠᠨ ᠬᠤᠶᠠᠷ ᠬᠠᠮᠲᠣ ᠰᠤᠷᠤᠭᠴᠢ ᠶᠢᠨ ᠵᠢᠷᠠᠨ ᠵᠢᠯ ᠤᠨ ᠡᠮᠦᠨᠡᠬᠢ ᠦᠯᠢᠭᠡᠷ ᠤᠴᠢᠷ ᠢᠶᠠᠨ ᠬᠠᠭᠤᠴᠢᠯᠠᠨ᠎ᠠ᠃ ᠲᠡᠷᠡ ᠬᠤᠶᠠᠭᠤᠯᠠ ᠶᠢᠨ ᠨᠢᠭᠡ ᠨᠢ ᠮᠢᠨᠦ ᠠᠪᠤ᠂ ᠨᠦᠭᠦᠭᠡ ᠨᠢ ᠯᠢᠦᠰᠢᠵᠠᠪ ᠨᠠᠰᠤᠲᠠᠨ ᠪᠠᠶᠢᠪᠠ᠃       — ᠲᠡᠷᠡ ᠦᠶ᠎ᠡ ᠳᠤ ᠴᠢ ᠶᠠᠭᠤᠨ ᠳᠤ ︿ᠳᠡᠯ ᠳᠡᠯ ᠳᠡᠯ — ᠭᠡᠷ ᠭᠡᠷ ᠭᠡᠷ — ᠵᠠᠪ ᠵᠠᠪ ᠵᠠᠪ﹀ ᠭᠡᠰᠡᠨ ᠪᠣᠢ︖ ᠭᠡᠵᠦ ᠠᠪᠤ ᠦᠷᠴᠢᠯᠡᠭᠡ ᠲᠡᠨᠡᠶᠢᠯᠭᠡᠨ ᠢᠨᠢᠶᠡᠨ ᠠᠰᠠᠭᠤᠬᠤᠯᠠᠷ᠂ ᠯᠢᠦᠰᠢᠵᠠᠪ ᠨᠠᠰᠤᠲᠠᠨ᠄       — ᠬᠠᠢ᠂ ᠪᠢ ᠴᠢᠨᠢ ᠭᠡᠨᠡᠳᠲᠡ ᠤᠬᠠᠭᠠᠨ ᠤᠷᠭᠤᠭᠠᠳ ᠪᠠᠭᠰᠢ ᠶᠢᠨ ᠨᠡᠷ᠎ᠡ ᠪᠠᠷ ᠵᠢᠷᠭᠢᠭᠰᠡᠨ ᠪᠤᠷᠭᠠᠰᠤᠨ ᠪᠣᠯᠵᠣᠮᠣᠷ ᠢ ᠪᠠᠷᠢᠵᠤ ᠠᠪᠤᠭᠠᠳ ᠰᠠᠶᠢᠨ ᠨᠢᠭᠡ ᠰᠢᠢᠳᠭᠡᠯ ᠦᠭᠭᠦᠨ ᠲᠡ᠊ ᠪᠠᠭᠰᠢ ᠠᠴᠠ ᠲᠠᠯ᠎ᠠ ᠣᠯᠣᠶ᠎ᠡ ᠭᠡᠵᠦ ᠪᠣᠳᠣᠭᠰᠠᠨ ᠮᠢᠨᠢ ᠪᠤᠷᠤᠭᠤᠳᠠᠴᠢᠬᠠᠵᠠᠢ᠃ ᠲᠡ᠊ ᠪᠠᠭᠰᠢ ᠨᠠᠳᠠ ᠳᠤ ᠤᠴᠢᠷ ᠢ ᠲᠠᠶᠢᠯᠪᠤᠷᠢᠯᠠᠵᠤ ᠬᠡᠯᠡᠬᠦ ᠵᠠᠪᠰᠢᠶᠠᠨ ᠦᠭᠭᠦᠭᠰᠡᠨ ᠦᠭᠡᠢ ᠲᠤᠯᠠ ᠬᠠᠮᠢᠭ᠎ᠠ ᠠᠴᠠ ᠲᠠᠯ᠎ᠠ ᠣᠯᠬᠤ ᠪᠣᠢ᠂ ᠬᠠᠰ ᠤᠨ ᠮᠢᠬ᠎ᠠ ᠪᠠᠨ ᠬᠠᠭᠠᠷᠠᠲᠠᠯ᠎ᠠ ᠱᠤᠭᠤᠮᠳᠠᠭᠳᠠᠭᠰᠠᠨ ᠨᠢ ᠲᠡᠷᠡ ᠪᠢᠰᠢ ᠦᠦ᠃ ᠠᠢ ᠁       ᠯᠢᠦᠰᠢᠵᠠᠪ ᠪᠥᠰ ᠪᠣᠭᠤᠳᠠᠯ ᠳᠤ ᠨᠣᠮ᠂ ᠪᠢᠴᠢᠭ ᠤᠨ ᠬᠡᠷᠡᠭᠰᠡᠯ ᠪᠠ ᠦᠳᠡ ᠶᠢᠨ ᠬᠦᠨᠡᠰᠦ ᠪᠠᠨ ᠬᠠᠮᠲᠤ ᠪᠠᠭᠯᠠᠵᠤ᠂ ᠮᠥᠷᠥ ᠵᠢᠰᠢᠭᠦᠯᠡᠨ ᠴᠢᠩᠳᠠ ᠡᠭᠦᠷᠴᠦ᠂ ᠰᠤᠷᠭᠠᠭᠤᠯᠢ ᠶᠢᠨ ᠣᠯᠣᠮ ᠤᠨ ᠪᠤᠷᠭᠠᠰᠤᠨ ᠳᠤᠮᠳᠠᠭᠤᠷ ᠨᠠᠭᠠᠰᠢ ᠴᠠᠭᠠᠰᠢ ᠰᠦᠯᠵᠢᠯᠳᠦᠨ ᠭᠦᠶᠦᠨ᠎ᠡ᠃ ᠲᠡᠷᠡ ᠦᠬᠡᠷ ᠤᠨ ᠨᠢᠳᠦᠨ ᠴᠢᠨᠡᠭᠡ ᠪᠡᠶ᠎ᠡ ᠲᠠᠢ᠂ ᠥᠪᠴᠢ ᠨᠣᠭᠤᠭᠠᠨ ᠥᠩᠭᠡ ᠲᠠᠢ ᠨᠢᠭᠡᠨ ᠪᠤᠷᠭᠠᠰᠤᠨ ᠪᠣᠯᠵᠣᠮᠣᠷ ᠲᠤ ᠨᠢᠳᠦ ᠬᠤᠷᠣᠬᠠᠶᠢᠲᠤᠨ᠂ ᠵᠢᠷᠭᠢᠭᠡᠨ ᠳᠤ ᠨᠢ ᠰᠦᠨᠡᠰᠦ ᠨᠢ ᠲᠠᠲᠠᠭᠳᠠᠵᠠᠢ᠃ ᠲᠡᠷᠡ ᠠᠯᠢᠪᠠ ᠵᠦᠢᠯ ᠢ ᠠᠷᠤ ᠳᠤ ᠪᠠᠨ ᠮᠠᠷᠲᠠᠵᠤ᠂ ᠠᠷᠭᠠᠯᠠᠵᠤ ᠪᠠᠷᠢᠬᠤ ᠭᠠᠭᠴᠠᠬᠠᠨ ᠪᠣᠳᠣᠯ ᠳᠤ ᠠᠪᠲᠠᠭᠳᠠᠨ ᠪᠤᠲᠠ ᠪᠤᠷᠭᠠᠰᠤᠨ ᠳᠤ ᠲᠣᠷᠴᠤ ᠪᠠᠶᠢᠨ᠎ᠠ᠂ ᠲᠡᠭᠡᠭᠯᠡᠵᠦ ᠪᠠᠶᠢᠨ᠎ᠠ᠂ ᠶᠡᠷᠦ ᠵᠣᠷᠢᠭ ᠬᠠᠷᠢᠭᠰᠠᠨ ᠦᠭᠡᠢ᠃ ᠨᠡᠬᠡᠭᠡᠳ ᠪᠠᠶᠢᠯ᠎ᠠ᠃ ᠵᠠᠷᠢᠮ ᠳᠤ ᠪᠠᠨ ᠮᠤᠤᠷ ᠰᠢᠭ᠋ ᠮᠢᠷᠢᠶᠠᠵᠤ ᠦᠵᠡᠨ᠎ᠡ᠂ ᠵᠠᠷᠢᠮ ᠳᠤ ᠪᠠᠨ ᠮᠣᠭᠠᠢ ᠰᠢᠭ᠋ ᠭᠤᠯᠭᠤᠵᠤ ᠦᠵᠡᠨ᠎ᠡ᠂ ᠶᠠᠭᠠᠬᠢᠪᠠᠴᠤ ᠪᠠᠷᠢᠭᠳᠠᠬᠤ ᠶᠠᠭᠤᠮ᠎ᠠ ᠪᠢᠰᠢ᠃ ᠲᠡᠷᠡ ᠭᠤᠷᠢ ᠲᠠᠰᠤᠷᠠᠭᠰᠠᠨ ᠦᠭᠡᠢ᠃ ᠨᠢᠭᠡᠨ ᠬᠤᠷᠤᠭᠤ ᠪᠦᠳᠦᠭᠦᠨ ᠪᠤᠷᠭᠠᠰᠤ ᠶᠢ ᠬᠤᠭᠤᠯᠤᠨ ᠠᠪᠴᠤ᠂ ᠰᠠᠯᠠᠭ᠎ᠠ ᠨᠠᠮᠠᠭ᠎ᠠ ᠶᠢ ᠱᠤᠯᠤᠨ ᠵᠠᠰᠠᠵᠤ᠂ ᠰᠢᠪ ᠭᠡᠰᠡᠨ ᠠᠯᠲᠠ ᠤᠷᠲᠤ ᠰᠢᠪᠰᠢᠷᠭ᠎ᠠ ᠪᠣᠯᠭᠠᠨ ᠪᠠᠵᠠᠭᠠᠯ᠎ᠠ᠃ ᠪᠤᠷᠭᠠᠰᠤᠨ ᠪᠣᠯᠵᠣᠮᠣᠷ ᠤᠨ ᠰᠠᠭᠤᠭᠰᠠᠨ ᠪᠤᠲᠠᠨ ᠤ ᠳᠠᠯᠳᠠᠭᠤᠷ ᠮᠥᠯᠬᠦᠭᠰᠡᠭᠡᠷ ᠣᠶᠢᠷᠠᠲᠤᠨ ᠣᠴᠢᠪᠠ᠃ ᠲᠡᠷᠡ ᠪᠣᠯᠵᠣᠮᠣᠷ ᠤᠨ ᠰᠠᠭᠤᠭᠰᠠᠨ ᠪᠠᠶᠢᠴᠠ ᠪᠠᠷ ᠪᠠᠷᠤᠭᠯᠠᠵᠤ ᠬᠡᠳᠦᠨᠲᠡ ᠰᠢᠪᠰᠢᠷᠭᠠᠳᠠᠭᠰᠠᠨ ᠴᠢᠨᠢ ᠪᠤᠷᠭᠠᠰᠤᠨ ᠪᠣᠯᠵᠣᠮᠣᠷ ᠦᠨᠡᠬᠡᠷ ᠣᠨᠣᠭᠳᠠᠨ ᠤᠨᠠᠬᠤ ᠨᠢ ᠡ᠃       ᠪᠤᠷᠭᠠᠰᠤᠨ ᠪᠣᠯᠵᠣᠮᠣᠷ ᠢ ᠪᠠᠷᠢᠭᠠᠳ ᠠᠪᠤᠯ᠎ᠠ᠃ ᠪᠤᠷᠭᠠᠰᠤᠨ ᠪᠣᠯᠵᠣᠮᠣᠷ ᠲᠡᠳᠦᠢ ᠯᠡ ᠰᠢᠷᠬᠠᠲᠤᠭᠰᠠᠨ ᠦᠭᠡᠢ ᠪᠣᠯᠬᠤᠷ ᠳᠤᠲᠠᠭᠠᠨ ᠵᠢᠭᠤᠳᠠᠬᠤ ᠪᠠᠷ ᠬᠦᠴᠦᠯᠡᠨ ᠲᠡᠯᠴᠢᠯᠡᠨ᠎ᠡ᠃ ᠯᠢᠦᠰᠢᠵᠠᠪ ᠨᠣᠮ ᠤᠨ ᠨᠠᠶᠢᠵᠠ ᠨᠠᠷ ᠲᠤ ᠪᠠᠨ ᠭᠠᠶᠢᠬᠠᠭᠤᠯᠬᠤ ᠶᠠᠭᠤᠮ᠎ᠠ ᠣᠯᠳᠠᠭᠰᠠᠨ ᠳᠤ ᠪᠠᠨ ᠭᠤᠲᠤᠯ ᠥᠮᠥᠳᠦ ᠨᠢ ᠨᠣᠷᠴᠤ ᠳᠡᠪᠲᠦᠭᠰᠡᠨ ᠢ ᠣᠶᠢᠰᠢᠶᠠᠯ ᠦᠭᠡᠢ᠂ ᠬᠥᠯ ᠨᠢ ᠭᠠᠵᠠᠷ ᠲᠤᠯᠬᠤ ᠦᠭᠡᠢ ᠪᠠᠶᠠᠷᠯᠠᠵᠤ᠂ ᠰᠤᠷᠭᠠᠭᠤᠯᠢ ᠵᠦᠭ ᠢᠶᠠᠨ ᠠᠮᠢᠰᠬᠤᠭ᠎ᠠ ᠠᠪᠬᠤ ᠦᠭᠡᠢ ᠭᠦᠶᠦᠵᠦ ᠣᠳᠪᠠ ᠁       ᠯᠢᠦᠰᠢᠵᠠᠪ ᠬᠢᠴᠢᠶᠡᠯ ᠤᠨ ᠲᠠᠩᠬᠢᠮ ᠤᠨ ᠣᠶᠢᠷᠠᠯᠴᠠᠭ᠎ᠠ ᠣᠴᠢᠭᠠᠳ ᠰᠠᠶ᠋ᠢ ᠬᠢᠴᠢᠶᠡᠯ ᠡᠬᠢᠯᠡᠭᠡᠳ ᠨᠡᠯᠢᠶᠡᠳ ᠤᠳᠠᠭᠰᠠᠨ ᠪᠠᠶᠢᠭ᠎ᠠ ᠶᠢ ᠰᠠᠶ᠋ᠢ ᠰᠡᠷᠡᠵᠦ ᠮᠡᠳᠡᠵᠡᠢ᠃ ᠤᠴᠢᠷ ᠨᠢ ᠴᠡᠭᠡᠵᠢ ᠤᠩᠰᠢᠯᠭ᠎ᠠ ᠥᠩᠭᠡᠷᠡᠭᠡᠳ ᠲᠡ᠊ ᠪᠠᠭᠰᠢ ᠶᠢᠨ ᠰᠣᠨᠣᠰᠴᠤ ᠪᠢᠴᠢᠭᠦᠯᠵᠦ ᠪᠠᠶᠢᠭ᠎ᠠ ᠳᠠᠭᠤᠨ ᠢ ᠲᠣᠳᠣᠷᠬᠠᠢ ᠣᠯᠵᠤ ᠰᠣᠨᠣᠰᠤᠭᠰᠠᠨ ᠶᠤᠮ᠃ ᠣᠳᠣ ᠪᠠᠷᠠᠵᠠᠢ᠂ ᠮᠠᠨᠠᠶᠢᠬᠢᠳ ᠲᠤ ᠪᠠᠨ ᠭᠠᠶᠢᠬᠠᠭᠤᠯᠤᠶ᠎ᠠ ᠭᠡᠵᠦ ᠦᠢᠯᠡ ᠲᠠᠮᠤ ᠪᠠᠷᠠᠨ ᠪᠠᠶᠢᠵᠤ ᠠᠪᠴᠢᠷᠠᠭᠰᠠᠨ ᠪᠤᠷᠭᠠᠰᠤᠨ ᠪᠣᠯᠵᠣᠮᠣᠷ ᠢᠶᠠᠨ ᠶᠠᠭᠠᠬᠢᠬᠤ ᠪᠢᠯᠡ︖ ᠲᠠᠯᠪᠢᠭᠠᠳ ᠶᠠᠪᠤᠭᠤᠯᠤᠶ᠎ᠠ ᠭᠡᠬᠦᠯᠡᠷ ᠳᠣᠲᠣᠷ᠎ᠠ ᠪᠠᠨ ᠬᠠᠶᠢᠷᠠᠯᠠᠨ᠎ᠠ᠂ ᠪᠠᠷᠢᠭᠠᠳ ᠣᠷᠣᠶ᠎ᠠ ᠭᠡᠬᠦᠯᠡᠷ ᠪᠠᠭᠰᠢ ᠠᠴᠠ ᠠᠶᠤᠨ᠎ᠠ᠃ ᠯᠢᠦᠰᠢᠵᠠᠪ ᠤᠨ ᠤᠯᠠᠭ᠎ᠠ ᠪᠤᠲᠠᠷᠠᠵᠤ ᠪᠠᠶᠢᠭᠰᠠᠨ ᠴᠢᠷᠠᠢ ᠲᠠᠷᠦ᠋ᠢᠬᠠᠨ ᠦᠵᠦᠮ ᠤᠨ ᠪᠣᠷᠣ ᠥᠩᠭᠡᠯᠡᠵᠡᠢ᠃ ᠲᠡᠷᠡ ᠡᠶᠢᠰᠢ ᠲᠡᠶᠢᠰᠢ ᠠᠵᠢᠭᠯᠠᠪᠠ᠃ ᠲᠡ᠊ ᠪᠠᠭᠰᠢ ᠶᠢᠨ ᠬᠤᠨᠤᠭ ᠤᠨ ᠭᠡᠷ ᠤᠨ ᠴᠣᠩᠬᠤᠨ ᠲᠠᠶᠢᠰᠠᠨ ᠳᠡᠭᠡᠷ᠎ᠡ ᠦᠨᠦᠷ ᠢ ᠨᠢ ᠭᠠᠷᠭᠠᠬᠤ ᠭᠡᠵᠦ ᠲᠠᠯᠪᠢᠵᠤ ᠪᠠᠶᠢᠬᠤ ᠰᠠᠪᠠ ᠲᠠᠭᠯᠠᠭ᠎ᠠ ᠰᠠᠯᠤᠩᠭᠢ ᠬᠥᠲᠥᠪᠴᠢ ︵ᠰᠢᠭᠡᠰᠦᠨ ᠯᠣᠩᠬᠤ︶ ᠬᠠᠷᠠᠭᠳᠠᠪᠠ᠃ ᠰᠠᠨᠳᠤᠷᠪᠠᠯ ᠰᠠᠮᠪᠠᠭ᠎ᠠ ᠭᠠᠷᠤᠨ᠎ᠠ ᠭᠡᠳᠡᠭ ᠢᠶᠠᠷ ᠯᠢᠦᠰᠢᠵᠠᠪ ᠱᠠᠯᠠᠪᠬᠠᠨ ᠭᠦᠶᠦᠨ ᠣᠴᠢᠭᠠᠳ ᠪᠤᠷᠭᠠᠰᠤᠨ ᠪᠣᠯᠵᠣᠮᠣᠷ ᠢᠶᠠᠨ ᠬᠥᠲᠥᠪᠴᠢ ᠶᠢᠨ ᠠᠮᠠ ᠪᠠᠷ ᠲᠠᠯᠪᠢᠵᠤ ᠣᠷᠣᠭᠤᠯᠤᠭᠠᠳ ᠬᠥᠩᠭᠡᠬᠡᠨ ᠲᠠᠭᠯᠠᠵᠤ ᠲᠠᠯᠪᠢᠵᠠᠢ ᠁       ᠣᠷᠣᠢ ᠶᠢᠨ ᠰᠤᠷᠭᠠᠭᠤᠯᠢ ᠲᠠᠷᠬᠠᠪᠠ᠃ ᠠᠶᠤᠭᠰᠠᠨ ᠬᠥᠮᠥᠨ ᠳᠤ ᠪᠠᠭᠠᠲᠤᠷ ᠦᠭᠡᠢ ᠭᠡᠳᠡᠭᠴᠢᠯᠡᠨ ᠲᠡ᠊ ᠪᠠᠭᠰᠢ ᠶᠢᠨ ᠨᠢᠳᠦ ᠯᠢᠦᠰᠢᠵᠠᠪ ᠢ ᠨᠡᠬᠡᠨ ᠲᠠᠭᠠᠨ ᠬᠠᠷᠠᠭᠠᠳ ᠪᠠᠶᠢᠭ᠎ᠠ ᠰᠢᠭ᠋ ᠪᠣᠯᠬᠤᠷ ᠪᠤᠷᠭᠠᠰᠤᠨ ᠪᠣᠯᠵᠣᠮᠣᠷ ᠢ ᠭᠠᠷᠭᠠᠵᠤ ᠠᠪᠬᠤ ᠶᠢ ᠬᠦᠰᠡᠪᠡᠴᠦ ᠵᠣᠷᠢᠭ ᠬᠥᠷᠥᠭᠰᠡᠨ ᠦᠭᠡᠢ᠃ ᠪᠠᠭᠠᠬᠠᠨ ᠡᠭ ᠮᠡᠭ ᠪᠣᠳᠣᠯᠬᠢᠯᠠᠵᠤ ᠠᠪᠤᠭᠰᠠᠨ ᠢᠶᠠᠨ ᠪᠠᠭ᠎ᠠ ᠨᠠᠭᠠᠴᠤ ᠠᠪᠤ ᠶᠢᠨ ᠢᠶᠠᠨ ᠭᠡᠷ ᠵᠦᠭ ᠲᠠᠲᠠᠭ ᠶᠠᠳᠠᠭ ᠲᠠᠢ ᠬᠡᠯᠲᠦᠷᠢᠪᠡ᠃        4        ᠳᠠᠯᠠ ᠶᠢ ᠳᠠᠪᠠᠭᠰᠠᠨ ᠨᠠᠰᠤᠲᠠᠨ ᠬᠤᠶᠠᠷ ᠠᠪᠤ ᠬᠡᠦᠬᠡᠳ ᠦᠶ᠎ᠡ ᠶᠢᠨ ᠦᠯᠢᠭᠡᠷ ᠢᠶᠠᠨ ᠬᠠᠭᠤᠴᠢᠯᠠᠨ᠎ᠠ᠃ ᠨᠢᠭᠡ ᠨᠢ ᠮᠢᠨᠤ ᠠᠪᠤ᠂ ᠨᠥᠭᠦᠭᠡ ᠨᠢ ᠯᠢᠦᠰᠢᠵᠠᠪ ᠨᠠᠰᠤᠲᠠᠨ ᠪᠠᠶᠢᠪᠠ᠃       — ᠴᠢ ᠲᠡ᠊ ᠪᠠᠭᠰᠢ ᠶᠢᠨ ᠬᠠᠲᠠᠭᠤ ᠰᠢᠢᠳᠬᠡᠯ ᠢ ᠨᠢᠭᠡᠨᠲᠡ ᠡᠳ᠋ᠯᠡᠵᠦ ᠥᠩᠭᠡᠷᠡᠭᠡᠴᠢᠬᠡᠭᠰᠡᠨ ᠪᠠᠶᠢᠲᠠᠯ᠎ᠠ ᠶᠠᠭᠠᠬᠢᠭᠠᠳ ᠰᠤᠷᠭᠠᠭᠤᠯᠢ ᠳᠤ ᠪᠤᠴᠠᠵᠤ ᠢᠷᠡᠭᠰᠡᠨ ᠦᠭᠡᠢ ᠪᠣᠢ︖        ᠠᠪᠤ ᠴᠠᠭᠠᠨᠠᠬᠢ ᠤᠬᠠᠭᠠᠨ ᠢ ᠨᠢ ᠣᠯᠵᠤ ᠶᠠᠳᠠᠨ ᠤᠴᠢᠷᠯᠠᠨ ᠠᠰᠠᠭᠤᠨ᠎ᠠ᠃        — ᠴᠢ ᠭᠤᠣᠯ ᠤᠴᠢᠷ ᠢ ᠶᠠᠭ ᠣᠶᠢᠯᠠᠭᠠᠵᠤ ᠮᠡᠳᠡᠭᠰᠡᠨ ᠦᠭᠡᠢ ᠪᠠᠶᠢᠨ᠎ᠠ ᠰᠢᠦ᠃ ᠲᠡᠷᠡ ᠦᠳᠡᠰᠢ ᠲᠡ᠊ ᠪᠠᠭᠰᠢ ᠪᠤᠷᠭᠠᠰᠤᠨ ᠪᠣᠯᠵᠣᠮᠣᠷ ᠲᠠᠢ ᠯᠠᠪ ︿ᠪᠠᠶᠢᠯᠳᠤᠭᠠᠨ﹀ ᠬᠢᠨ᠎ᠡ᠃ ᠲᠡᠭᠡᠪᠡᠯ ᠪᠦᠳᠦᠭᠦᠨ ᠬᠡᠷᠡᠭ ᠭᠠᠷᠤᠨ᠎ᠠ᠃ ᠴᠢ ᠪᠣᠳᠣᠪᠠᠯ ᠪᠢ ᠰᠤᠷᠭᠠᠭᠤᠯᠢ ᠳᠤ ᠪᠤᠴᠠᠵᠤ ᠪᠣᠯᠳᠠᠭ ᠦᠦ︖ ᠲᠡᠷᠡ ᠪᠠᠷ ᠵᠣᠭᠰᠣᠬᠤ ᠦᠭᠡᠢ ᠭᠡᠷ ᠲᠤ ᠮᠡᠳᠡᠭᠳᠡᠨ᠎ᠡ᠃ ᠭᠡᠷ ᠤᠨ ᠬᠦᠮᠤᠨ ᠮᠡᠳᠡᠪᠡᠯ ᠭᠡᠳᠡᠷᠭᠦ ᠪᠠᠨ ᠪᠠᠰᠠ ᠦᠬᠦᠲᠡᠯ᠎ᠡ ᠰᠢᠢᠳᠬᠡᠭᠳᠡᠨ᠎ᠡ᠃ ᠭᠡᠷ ᠲᠤ ᠬᠠᠷᠢᠵᠤ ᠪᠣᠯᠣᠨ᠎ᠠ ᠦᠦ︖ ᠲᠡᠭᠡᠭᠡᠳ ᠵᠢᠷᠠᠨ ᠠᠷᠭᠠᠨ ᠤ ᠵᠠᠶᠢᠯᠠᠭᠰᠠᠨ ᠠᠷᠭ᠎ᠠ ᠨᠢ ᠳᠡᠭᠡᠷ᠎ᠡ ᠭᠡᠵᠦ ᠪᠣᠳᠣᠭᠠᠳ ᠪᠠᠭ᠎ᠠ ᠨᠠᠭᠠᠴᠤ ᠠᠪᠤ ᠶᠢᠨ ᠳᠤ ᠣᠴᠢᠵᠤ᠂ ᠴᠢᠪᠠᠭᠠᠲᠤ ᠶᠢᠨ ᠠᠶᠢᠯ ᠤᠨ ᠭᠠᠭ᠋ᠠᠢ ᠲᠤᠭᠤᠯ ᠢ ᠬᠠᠷᠢᠭᠤᠯᠤᠭᠰᠠᠨ ᠨᠢ ᠲᠡᠷᠡ ᠶᠤᠮ ᠪᠢᠯᠡ᠃       ᠯᠢᠦᠰᠢᠵᠠᠪ ᠨᠠᠰᠤᠲᠠᠨ ᠬᠤᠶᠠᠷ ᠡᠪᠦᠳᠦᠭ ᠢᠶᠠᠨ ᠠᠯᠠᠭᠠᠳᠠᠨ ᠠᠷᠤᠨᠰᠢ ᠲᠠᠩᠭᠠᠶᠢᠨ ᠬᠠᠭ᠋ᠠᠯᠠᠨ ᠢᠨᠢᠶᠡᠬᠦ ᠳᠤ ᠰᠢᠳᠦ ᠦᠭᠡᠢ ᠪᠣᠯᠣᠭᠰᠠᠨ ᠤᠯᠠᠭᠠᠨ ᠪᠦᠢᠯᠡ ᠨᠢ ᠲᠣᠳᠣᠬᠠᠨ ᠬᠠᠷᠠᠭᠳᠠᠬᠤ ᠪᠥᠭᠡᠳ ᠭᠦᠨ ᠲᠤᠨᠤᠷᠠᠭᠰᠠᠨ ᠨᠠᠪᠴᠢᠨ ᠲᠠᠮᠠᠬᠢᠨ ᠤ ᠥᠳᠬᠡᠨ ᠬᠥᠬᠡ ᠤᠲᠤᠭ᠎ᠠ ᠭᠠᠳᠠᠭᠰᠢᠯᠠᠭᠰᠠᠨ ᠠᠮᠢᠰᠬᠤᠭ᠎ᠠ ᠳᠤ ᠰᠠᠷᠨᠢᠨ ᠵᠠᠮᠬᠠᠷᠠᠨ᠎ᠠ ᠁       ᠲᠡᠷᠡ ᠦᠶ᠎ᠡ ᠳᠤ᠂ ᠪᠠᠶᠢᠭᠠᠯᠢ ᠳᠡᠯᠡᠬᠡᠢ ᠬᠡᠦᠬᠡᠳ ᠪᠠᠭᠠᠴᠤᠳ ᠬᠡᠴᠢᠨᠡᠨ ᠣᠶᠢᠷᠠᠬᠠᠨ ᠪᠠᠶᠢᠭᠰᠠᠨ ᠪᠣᠢ⁈ ᠲᠡᠷᠡ ᠦᠶ᠎ᠡ ᠳᠤ᠂ ᠬᠡᠦᠬᠡᠳ ᠪᠠᠭᠠᠴᠤᠳ ᠪᠠᠭᠰᠢ ᠠᠬᠠᠮᠠᠳ ᠬᠡᠳᠦ᠋ᠢᠴᠢᠨᠡᠨ ᠵᠠᠶᠢᠳᠠᠭᠤᠬᠠᠨ ᠪᠠᠶᠢᠭᠰᠠᠨ ᠪᠣᠢ⁈         ᠪᠤᠷᠭᠠᠰᠤᠨ ᠪᠣᠯᠵᠣᠮᠣᠷ ᠶᠠᠭᠤᠨ ᠳᠤ ᠵᠢᠷᠭᠢᠪᠡ︖ ᠪᠤᠷᠭᠠᠰᠤᠨ ᠪᠣᠯᠵᠣᠮᠣᠷ ᠬᠠᠮᠢᠭᠠᠰᠢ ᠣᠳᠪᠠ︖        ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠥᠨᠳᠡᠯᠡᠨ ᠭᠤᠣᠯ ᠪᠠᠭ᠎ᠠ ᠰᠤᠷᠭᠠᠭᠤᠯᠢ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号