ᠬᠡᠷᠪᠡ ᠪᠢ ᠨᠢᠭᠡᠡ ᠰᠠᠭᠤᠷᠢ ᠮᠤᠳᠤ ᠪᠤᠯᠤᠭᠰᠠᠨ ᠪᠤᠯ ᠁
ᠨᠡᠶᠢᠲᠡᠯᠡᠭᠰᠡᠨ ᠴᠠᠭ᠄
2018-06-26
ᠪᠤᠤ ᠯᠢ ᠯᠢ                 ᠠᠩᠬ᠎ᠠ ᠬᠤᠶᠠᠷ ᠤᠨ ᠲᠦᠷᠪᠡ                           ᠬᠡᠷᠪᠡ ᠪᠢ ᠨᠢᠭᠡᠡ ᠰᠠᠭᠤᠷᠢ ᠮᠤᠳᠤ ᠪᠤᠯᠤᠭᠰᠠᠨ ᠪᠤᠯ   ᠁         ᠬᠡᠷᠪᠡ ᠪᠢ ᠨᠢᠭᠡ ᠰᠠᠭᠤᠷᠢ ᠰᠤᠷᠭᠠᠭᠤᠯᠢ ᠶᠢᠨ ᠬᠦᠷᠢᠶᠠᠨ ᠤ ᠦᠨᠴᠤᠭ᠌ ᠪᠤᠯᠤᠩ ᠳᠤ ᠤᠷᠭᠤᠵᠤ ᠪᠠᠶᠢᠭ᠎ᠠ ᠮᠤᠳᠤ   ᠪᠤᠯᠤᠭᠰᠠᠨ ᠪᠤᠯ ᠡᠳᠤᠷ ᠪᠦᠷᠢ ᠰᠠᠯᠠᠭ᠎ᠠ ᠨᠠᠮᠠᠭ᠋ ᠎ᠠ᠂ ᠨᠠᠪᠴᠢ ᠨᠠᠬᠢᠶ᠎ᠠ ᠠᠴᠠ ᠪᠠᠨ ᠪᠢᠱᠢᠭᠦᠢ ᠤᠯᠠᠨ ᠬᠦᠴᠢᠯᠳᠤᠷᠤᠭ᠍ᠴᠢ ᠬᠡᠢ   ᠠᠮᠢᠰᠬᠤᠨ ᠭᠠᠷᠭᠠᠵᠤ᠂ ᠴᠠᠭ ᠢ ᠵᠠᠪᠳᠤᠨ ᠴᠢᠷᠮᠠᠶᠢᠨ ᠰᠤᠷᠤᠯᠴᠠᠵᠤ ᠪᠠᠶᠢᠭ᠎ᠠ ᠬᠦᠭᠡᠷᠤᠭᠦᠨ ᠨᠠᠶᠢᠵᠠᠰ ᠲᠠᠭᠠᠨ ᠰᠢᠨ᠎ᠡ   ᠰᠤᠷᠭᠤᠭ ᠠᠭᠤᠷ ᠠᠮᠢᠰᠬᠤᠯ ᠠᠮᠢᠰᠬᠤᠯᠯᠠᠭᠤᠯᠵᠤ᠂ ᠴᠡᠭᠡᠵᠢ ᠰᠡᠳᠬᠢᠯ ᠢ ᠨᠢ ᠰᠠᠷᠠᠯᠵᠢᠭᠤᠯᠵᠤ᠂ ᠤᠶᠤᠨ ᠪᠢᠯᠢᠭ ᠢ ᠨᠢ   ᠭᠡᠭᠡᠷᠡᠭᠦᠯᠤᠨ᠎ᠡ᠃     ᠬᠡᠷᠪᠡ ᠪᠢ ᠨᠢᠭᠡ ᠰᠠᠭᠤᠷᠢ ᠭᠤᠤᠯ ᠤᠨ ᠬᠦᠪᠡᠭᠡᠨ ᠳᠠᠬᠢ ᠮᠤᠳᠤ ᠪᠤᠯᠤᠭᠰᠠᠨ ᠪᠤᠯ ᠰᠠᠯᠠᠭ᠎ᠠ ᠮᠦᠴᠢᠷ ᠢᠶᠠᠷ ᠎ ᠢᠶᠠᠨ   ᠵᠤᠪᠠᠵᠤ ᠭᠤᠨᠢᠨ ᠲᠦᠭᠡᠷᠢᠵᠤ ᠲᠡᠨᠤᠭ᠍ᠰᠡᠨ ᠵᠤᠪᠠᠯᠠᠩᠳᠤ ᠬᠦᠮᠤᠰ ᠤᠨ ᠭᠤᠨᠢᠭ ᠤᠨ ᠨᠢᠯᠪᠤᠰᠤ ᠶᠢ ᠨᠢ ᠠᠷᠴᠢᠨ ᠦᠭᠴᠤ᠂   ᠭᠠᠨᠢᠬᠠᠷᠠᠵᠤ ᠭᠠᠩᠰᠠᠷᠠᠭᠰᠠᠨ ᠰᠡᠳᠬᠢᠯ ᠢ ᠨᠢ ᠠᠷᠭᠠᠳᠠᠨ ᠲᠤᠬᠤᠨᠢᠭᠤᠯᠵᠤ᠂ ᠠᠮᠢᠳᠤᠷᠠᠬᠤᠢ ᠶᠢᠨ ᠭᠡᠭᠡᠨ ᠰᠤᠪᠢᠩ ᠢ   ᠲᠦᠷᠤᠭᠦᠯᠤᠨ᠎ᠡ᠃ ᠬᠡᠷᠪᠡ ᠪᠢ ᠨᠢᠭᠡ ᠰᠠᠭᠤᠷᠢ ᠲᠠᠷᠢᠶᠠᠨ ᠵᠠᠬ᠎ᠠ ᠶᠢᠨ ᠮᠤᠳᠤ ᠪᠤᠯᠤᠭᠰᠠᠨ ᠪᠤᠯ ᠬᠠᠷ᠎ᠠ ᠪᠤᠷᠤ ᠠᠵᠢᠯ ᠤᠨ ᠬᠦᠨᠳᠤ ᠳᠤ   ᠬᠦᠯᠤᠰᠤ ᠪᠠᠨ ᠴᠤᠪᠤᠭᠤᠯᠤᠨ ᠵᠢᠳᠭᠦᠵᠤ ᠪᠠᠶᠢᠭ᠎ᠠ ᠲᠠᠷᠢᠶᠠᠴᠢᠳ ᠲᠤ ᠰᠡᠭᠦᠳᠡᠷ ᠬᠠᠯᠬᠠᠪᠴᠢ ᠪᠤᠯᠵᠤ᠂ ᠨᠠᠷᠠ ᠰᠠᠯᠬᠢᠨ ᠳᠤ   ᠬᠠᠷᠠᠯᠠᠵᠤ ᠪᠤᠷᠤᠯᠠᠭᠰᠠᠨ ᠮᠦᠷᠤ ᠲᠠᠯᠤ ᠪᠠᠨ ᠲᠠᠭᠠᠲᠠᠢ ᠠᠮᠠᠷᠠᠭᠤᠯᠬᠤ ᠰᠡᠷᠢᠭᠦᠨ ᠴᠢᠬᠢᠭᠯᠢᠭ ᠤᠷᠴᠢᠨ ᠢ ᠬᠠᠩᠭᠠᠵᠤ᠂ ᠪᠡᠶ᠎ᠠ   ᠰᠡᠳᠬᠢᠯ ᠤᠨ ᠶᠠᠳᠠᠷᠠᠭ᠎ᠠ ᠶᠢ ᠨᠢ ᠲᠠᠶᠢᠯᠤᠨ᠎ᠠ᠃     ᠬᠡᠷᠪᠡ ᠪᠢ ᠨᠢᠭᠡ ᠰᠠᠭᠤᠷᠢ ᠲᠠᠯ᠎ᠠ ᠶᠢᠨ ᠲᠤᠮᠳᠠᠬᠢ ᠮᠤᠳᠤ ᠪᠤᠯᠤᠭᠰᠠᠨ ᠪᠤᠯ ᠲᠡᠭᠷᠢ ᠭᠠᠵᠠᠷ ᠤᠨ ᠲᠤᠮᠳᠠ ᠰᠦᠭᠯᠡᠶᠢᠨ   ᠰᠡᠭᠦᠶᠢᠵᠤ᠂ ᠠᠭᠤᠳᠠᠮ ᠮᠤᠩᠭᠤᠯ ᠨᠤᠳᠤᠭ ᠲᠤ ᠪᠠᠨ ᠠᠮᠢᠯᠠᠯ ᠤᠨ ᠰᠦᠯᠳᠡ ᠲᠤᠭ ᠪᠤᠯᠤᠨ ᠨᠠᠮᠢᠷᠠᠨ᠂ ᠮᠤᠩᠭᠤᠯ ᠬᠦᠮᠤᠨ  ᠎ ᠤ ᠮᠦᠩᠭᠡ ᠶᠢᠨ ᠠᠮᠢ ᠠᠮᠢᠵᠢᠷᠠᠯ ᠢ ᠭᠠᠶᠢᠬᠠᠭᠤᠯᠤᠨ᠎ᠠ᠃     ᠬᠡᠷᠪᠡ ᠪᠢ ᠨᠢᠭᠡ ᠰᠠᠭᠤᠷᠢ ᠬᠦᠪᠴᠢ ᠰᠢᠯᠢ ᠶᠢᠨ ᠪᠢᠴᠢᠬᠠᠨ ᠮᠤᠳᠤ ᠪᠤᠯᠤᠭᠰᠠᠨ ᠪᠤᠯ ᠡᠪᠤᠯ ᠤᠨ ᠬᠦᠢᠳᠡᠨ ᠰᠠᠯᠬᠢᠨ  ᠎ ᠳᠤ ᠲᠠᠭᠵᠢᠨ ᠴᠡᠴᠡᠷᠠᠵᠤ ᠲᠠᠭᠠᠷᠠᠵᠤ ᠪᠡᠭᠡᠷᠡᠵᠤ ᠪᠠᠶᠢᠭ᠎ᠠ ᠬᠦᠮᠤᠰ ᠲᠤ ᠲᠦᠯᠡᠰᠢ ᠪᠤᠯᠵᠤ᠂ ᠬᠠᠯᠠᠭᠤᠨ ᠲᠤᠯᠠᠭᠠᠨ ᠢᠯᠴᠢ   ᠪᠡᠯᠡᠭᠯᠡᠨ ᠬᠦᠮᠤᠨ ᠲᠦᠷᠤᠯᠬᠢᠳᠠᠨ ᠳᠤ ᠲᠤᠰᠠᠲᠠᠢ ᠦᠢᠯᠡᠰ ᠲᠤ ᠬᠦᠴᠤᠨ ᠴᠢᠳᠠᠯ ᠢᠶᠠᠨ ᠡᠷᠭᠦᠨ᠎ᠡ     ᠬᠡᠷᠪᠡ ᠪᠢ ᠨᠢᠭᠡ ᠰᠠᠭᠤᠷᠢ ᠮᠤᠳᠤ ᠪᠤᠯᠤᠭᠰᠠᠨ ᠪᠤᠯ ᠬᠤᠯᠠ ᠨᠢᠰᠤᠭᠡᠳ ᠶᠠᠳᠠᠷᠠᠭᠰᠠᠨ ᠰᠢᠪᠠᠭᠤᠳ ᠲᠤ ᠶᠠᠳᠠᠷᠠᠭ᠎ᠠ   ᠴᠢᠯᠡᠭᠡ ᠪᠠᠨ ᠲᠠᠶᠢᠯᠬᠤ ᠠᠮᠠᠷᠠᠭ ᠲᠤᠯᠠᠭᠠᠨ ᠦᠷᠭᠦᠭᠡ ᠪᠤᠯᠵᠤ᠂ ᠤᠷᠠᠨ ᠬᠡᠯᠡ ᠲᠠᠢ ᠰᠢᠪᠠᠭᠤᠳ ᠤᠨ ᠤᠶᠠᠩᠭᠠᠳᠤ ᠲᠠᠭᠤᠤ  ᠂ ᠤᠷᠠᠨ ᠲᠤᠩᠭᠤᠳᠤᠭ᠎ᠠ ᠶᠢ ᠰᠤᠭᠳᠤᠭᠤᠷᠠᠨ ᠴᠢᠩᠨᠠᠵᠤ᠂ ᠡᠷᠭᠡ ᠴᠢᠯᠤᠭᠡᠳᠤ ᠠᠮᠢᠳᠤᠷᠠᠯ ᠤᠨ ᠬᠠᠪᠤ ᠴᠡᠩᠭᠡᠯ ᠢ ᠡᠳ᠋ᠯᠡᠨ᠎ᠠ᠃       ᠬᠡᠷᠪᠡ ᠪᠢ ᠨᠢᠭᠡ ᠰᠠᠭᠤᠷᠢ ᠮᠤᠳᠤ ᠪᠤᠯᠤᠭᠰᠠᠨ ᠪᠤᠯ ᠬᠦᠮᠤᠨ ᠲᠦᠷᠤᠯᠬᠢᠲᠠᠨ ᠳᠤ ᠲᠤᠷᠠᠲᠠᠶᠢᠶ᠎ᠠ ᠠᠮᠢ ᠨᠠᠰᠤ ᠎ ᠪᠠᠨ   ᠵᠤᠷᠢᠭᠤᠯᠤᠨ᠎ᠠ᠃ ᠬᠦᠮᠤᠰ ᠨᠠᠮ᠎ᠠ ᠪᠠᠷ ᠴᠠᠭᠠᠰᠤ ᠦᠢᠯᠡᠳᠪᠤᠷᠢᠯᠡᠨ ᠬᠦᠭᠡᠷᠤᠬᠦᠨ ᠬᠡᠤᠬᠡᠳ ᠤᠨ ᠪᠢᠯᠢᠭ ᠤᠨ ᠤᠨᠢᠰᠤ ᠶᠢ   ᠨᠡᠭᠡᠭᠡᠬᠦ ᠰᠢᠳᠢᠳᠤ ᠴᠠᠭᠠᠰᠤ ᠪᠤᠯᠤᠨ ᠬᠦᠮᠤᠨ ᠲᠦᠷᠤᠯᠬᠢᠲᠠᠨ ᠤ ᠪᠤᠯᠪᠠᠰᠤᠨ ᠳᠤ ᠬᠦᠰᠡᠯ ᠤᠨ ᠦᠷ᠎ᠡ ᠎ ᠶᠢ ᠲᠠᠷᠢᠨ᠎ᠠ᠃       ᠲᠠᠨᠢᠯᠴᠠᠭᠤᠯᠭ᠎ᠠ᠄       ᠬᠤᠶᠠᠷ ᠤᠨ ᠲᠦᠷᠪᠡ ᠶᠢᠨ ᠤᠳᠤᠨ ᠰᠤᠷᠤᠭᠴᠢ ᠪᠤᠤ ᠯᠢ ᠯᠢ ᠮᠤᠩᠭᠤᠯ ᠰᠤᠶᠤᠯ ᠎ ᠤᠨ ᠢᠶᠠᠨ ᠴᠡᠩᠭᠡᠷ ᠲᠡᠭᠷᠢ ᠳᠤ   ᠨᠢᠯᠬ᠎ᠠ ᠵᠢᠭᠦᠷ ᠢᠶᠠᠨ ᠲᠡᠯᠭᠡᠨ ᠡᠷᠭᠡ ᠲᠤᠷ᠎ᠠ ᠪᠠᠷ ᠡᠯᠢᠨ ᠬᠠᠯᠢᠨ ᠢᠳᠡᠷᠡᠭᠦᠨ ᠲᠤᠷᠨᠢᠬᠤ ᠳᠤ ᠪᠠᠨ ᠤᠳᠬ᠎ᠠ ᠤᠷᠯᠢᠭ ᠤᠨ   ᠰᠢᠳᠢᠳᠤ ᠬᠦᠯᠤᠭ᠌ ᠲᠣ᠋ ᠮᠤᠷᠳᠠᠬᠤ ᠪᠠᠷ ᠪᠢᠷ ᠢᠶᠠᠨ ᠬᠤᠷᠴᠠᠯᠠᠨ ᠵᠤᠬᠢᠶᠠᠨ ᠪᠢᠴᠢᠬᠦ ᠬᠡᠯᠡ ᠳᠤ ᠤᠷᠤᠭᠰᠠᠨ ᠵᠤᠯᠵᠠᠭ᠎ᠠ   ᠪᠦᠷᠭᠦᠳ ᠪᠤᠯᠤᠨ᠎ᠠ᠃ ᠲᠡᠷᠡ ︽ᠮᠦᠩᠭᠦᠨ ᠢᠨᠳᠡᠷ︾ ᠰᠡᠳᠭᠦᠯ ᠳᠤ ︽ ᠮᠢᠨᠤ ᠨᠤᠳᠤᠭ ᠤᠨ ᠲᠦᠷᠪᠡᠨ ᠤᠯᠠᠷᠢᠯ︾ ᠭᠡᠬᠦ   ᠨᠠᠶᠢᠷᠠᠭᠤᠯᠤᠯ ᠢᠶᠠᠨ ᠨᠡᠶᠢᠳᠡᠯᠡᠵᠤ ᠦᠡᠭᠬᠡᠷᠡᠭᠰᠡᠨ ᠢᠷᠠᠭᠤ ᠲᠡᠤᠭᠡ ᠎ ᠲᠠᠢ᠃       ᠴᠤᠬᠤᠯᠲᠠ᠄       ︽ᠬᠡᠷᠪᠡ ᠪᠢ᠂᠂᠂᠂᠂᠂︾ ᠭᠡᠳᠡᠭ ᠦᠭᠡ ᠪᠤᠯ ᠬᠢᠵᠠᠭᠠᠷ ᠦᠭᠡᠢ ᠰᠡᠳᠬᠢᠭᠦᠢ ᠶᠢᠨ ᠲᠡᠯᠡᠯᠲᠠ ᠮᠦᠨ᠂ ᠬᠦᠮᠤᠨ ᠤ   ᠰᠡᠳᠬᠢᠯ ᠤᠨ ᠵᠠᠢ ᠬᠡᠳᠤᠢ ᠶᠡᠭᠡ ᠬᠡᠳᠤᠢ ᠬᠢᠵᠠᠭᠠᠷ ᠦᠭᠡᠢ ᠪᠤᠯᠬᠤ ᠲᠤᠳᠤᠮ ᠲᠡᠭᠦᠨ ᠎ ᠤ ᠬᠦᠰᠡᠯ ᠮᠦᠷᠤᠭᠡᠳᠤᠯ ᠲᠡᠳᠤᠢ   ᠬᠤᠯᠠ ᠲᠡᠳᠤᠢ ᠭᠡᠭᠡᠨ ᠰᠠᠷᠠᠭᠤᠯ ᠪᠠᠶᠢᠳᠠᠭ᠃ ᠰᠤᠷᠤᠭᠴᠢ ᠪᠤᠤ ᠯᠢ ᠯᠢ ᠦᠪᠡᠷᠮᠢᠴᠡ ᠦᠩᠭᠡ ᠪᠤᠳᠤᠭ ᠲᠠᠢ ᠰᠡᠳᠬᠢᠯ ᠤᠨ   ᠶᠢᠷᠳᠢᠨᠴᠤ ᠪᠠᠨ ᠤᠷᠠᠨ ᠨᠢᠯᠤᠭᠤᠨ ᠤᠶᠠᠩᠭᠠᠯᠢᠭ ᠬᠡᠯᠡᠯᠭᠡ ᠪᠠᠷ ᠤᠩᠰᠢᠭᠴᠢᠳ ᠲᠤ ᠠᠮᠵᠢᠯᠲᠠ ᠲᠠᠢ ᠵᠢᠷᠤᠭᠯᠠᠨ   ᠦᠵᠡᠭᠦᠯᠵᠤ ᠴᠢᠳᠠᠵᠠᠢ᠃ ᠡᠨᠡ ᠪᠤᠯ ᠨᠢᠭᠡ ᠶᠤᠰᠤᠨ ᠤ ᠭᠠᠶᠢᠬᠠᠮᠰᠢᠭ ᠴᠢᠳᠠᠪᠤᠷᠢ᠂ ᠲᠦᠷᠤᠯᠬᠢ ᠶᠢᠨ ᠠᠪᠢᠶᠠᠰ ᠭᠡᠯᠲᠠᠢ᠃                         ᠵᠢᠯᠤᠭᠤᠳᠤᠭᠰᠠᠨ ᠪᠠᠭᠰᠢ — —   ᠪᠠᠶᠠᠷᠳᠤ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号