ᠴᠢᠮ᠎ᠠ ᠳᠤ ᠬᠡᠯᠡᠮᠡᠷ ᠬᠡᠳᠥᠨ ᠥᠭᠡ | ᠨᠢᠭᠡ | ᠴᠢᠨᠥ ᠲᠥᠯᠥᠭᠡ ᠶᠠᠭᠤ ᠨᠢᠭᠡ ᠪᠢᠴᠢᠬᠦ ᠪᠢᠯᠡ ᠭᠡᠵᠥ ᠪᠤᠳᠤᠭᠰᠠᠭᠠᠷ ᠪᠢᠷ ᠮᠢᠨᠢ ᠲᠥᠭᠡᠷᠡᠴᠢᠳᠡᠭ᠂ ᠤᠴᠢᠷ ᠨᠢ | ᠴᠢᠨᠤ ᠤᠳᠤ ᠶᠢᠨ ᠪᠠᠶᠢᠳᠠᠯ ᠮᠢᠨᠤ ᠰᠠᠨᠠᠭᠰᠠᠨ ᠲᠠᠢ ᠶᠠᠭ ᠠᠳᠠᠯᠢ ᠥᠭᠡᠢ᠂ ᠴᠢᠮ᠎ᠠ ᠶᠢ ᠡᠶᠢᠮᠥ ᠯᠡ 《 ᠶᠠᠰᠥ | 》 ᠥᠭᠡᠢ ᠭᠡᠵᠥ ᠪᠢ ᠶᠡᠷᠤ ᠨᠢ ᠪᠤᠳᠤᠭ᠎ᠠ ᠥᠭᠡᠢ᠃ ᠬᠡᠳᠥᠨ ᠵᠢᠯ ᠤᠨ ᠡᠮᠥᠨ᠎ᠡ ᠠᠴᠠ ᠪᠢ ᠴᠢᠨᠤ ᠠᠮᠢᠳᠤᠷᠠᠯ ᠤᠨ | ᠲᠤᠬᠠᠢ ᠥᠯᠢᠭᠡᠷ ᠢ ᠲᠠᠰᠤᠭ ᠪᠤᠰᠤᠭ ᠰᠤᠨᠤᠰᠤᠭᠰᠠᠭᠠᠷ ᠪᠠᠶᠢᠭᠰᠠᠨ᠃ ᠥᠨᠡᠨ ᠳᠤ ᠪᠠᠨ ᠴᠢᠨᠤ ᠠᠮᠢᠳᠤᠷᠠᠯ ᠤᠤᠯ | ᠨᠢ ᠲᠤᠩ ᠳᠥᠭᠦᠮ ᠪᠥᠭᠡᠳ ᠵᠤᠯ ᠵᠢᠷᠭᠠᠯ ᠲᠠᠢ ᠰᠢᠥᠬᠠᠨ ᠪᠠᠶᠢᠭᠰᠠᠨ ᠶᠤᠮ᠃ ᠭᠡᠶ᠎ᠡ᠂ ᠡᠶᠢᠮᠥ ᠯᠡ ᠵᠤᠯ ᠵᠢᠷᠭᠠᠯ | ᠴᠢᠨᠢ ᠬᠡᠳᠤᠷᠬᠡᠢ ᠳᠥᠭᠦᠮ ᠪᠤᠯᠤᠭᠰᠠᠨ ᠤ ᠬᠢ ᠤᠤ ᠡᠰᠡᠬᠦᠯ᠎ᠡ ᠴᠢ ᠥᠪᠡᠰᠥᠪᠡᠨ ᠬᠡᠳᠤᠷᠬᠡᠢ ᠳᠥᠭᠦᠮ ᠪᠠᠶᠢᠭᠰᠠᠨ ᠤ | ᠬᠢ ᠤᠤ ᠪᠤᠥ ᠮᠡᠳᠡ᠂ ᠴᠢ ᠲᠡᠭᠡᠭᠡᠳ ᠯᠡ ᠠᠮᠢᠳᠤᠷᠠᠯ ᠤᠨ 《 ᠢᠯᠠᠭᠳᠠᠭᠴᠢ﹀ 》 ᠪᠤᠯᠵᠤ ᠬᠤᠴᠤᠷᠤᠭᠰᠠᠨ ᠪᠠᠶᠢᠨ᠎ᠠ | ᠃ | ᠬᠤᠶᠠᠷ | ᠲᠡᠷᠡ ᠴᠢᠮ᠎ᠠ ᠶᠢ ᠬᠠᠶᠠᠭᠠᠳ ᠯᠡ ᠶᠠᠪᠤᠭᠰᠠᠨ ᠶᠤᠮ᠃ ᠴᠠᠯᠠᠭᠠᠢ ᠵᠠᠶᠢᠳᠠᠩ ᠡᠷ᠎ᠡ ᠬᠦᠢᠰᠤᠳᠡᠨ ᠪᠥᠬᠦᠨ ᠤ | ᠭᠠᠷᠭᠠᠳᠠᠭ ᠠᠯᠳᠠᠭ᠎ᠠ ᠲᠠᠢ ᠠᠳᠠᠯᠢ᠂ ᠲᠡᠷᠡ ᠪᠤᠰᠤᠳ ᠲᠠᠢ ᠨᠠᠶᠢᠵᠢᠯᠠᠭᠠᠳ ᠴᠢᠮ᠎ᠠ ᠶᠢ ᠭᠡᠭᠡᠭᠡᠳ ᠶᠠᠪᠤᠭᠰᠠᠨ ᠶᠤᠮ᠃ | ᠥᠨᠥ ᠪᠢ ᠲᠡᠭᠦᠨ ᠤ ᠶᠠᠮᠠᠷ ᠰᠢᠦ ᠴᠢᠨᠰᠠᠭ᠎ᠠ ᠲᠠᠢ ᠪᠥᠰᠡᠭᠦᠢ ᠳᠤ ᠲᠡᠳᠥᠢ ᠮᠡᠨᠡᠭᠷᠡᠭᠰᠡᠨ ᠢ ᠮᠡᠳᠡᠶ᠎ᠡ ᠭᠡᠵᠥ ᠪᠤᠳᠤᠭ᠎ᠠ | ᠥᠭᠡᠢ ᠂ ᠬᠠᠷᠢᠨ ᠴᠢᠨᠤ ᠡᠨᠡᠬᠦ ᠥᠨ᠎ᠡ ᠬᠠᠩᠰᠢ ᠥᠭᠡᠢ ᠡᠷᠭᠢᠭᠦᠦ ᠥᠯᠢᠭᠡᠷ ᠠᠴᠠ ᠪᠡᠶ᠎ᠡ ᠪᠠᠨ ᠶᠠᠭᠠᠬᠢᠨ ᠴᠢᠯᠥᠭᠡᠯᠡᠵᠥ | ᠂ ᠥᠪᠡᠷ ᠤᠨ ᠠᠮᠢᠳᠤᠷᠠᠯ ᠢᠶᠠᠨ ᠲᠠᠬᠢᠨ ᠡᠮᠬᠢᠳᠭᠡᠬᠦ ᠶᠢ ᠴᠢᠨᠢ ᠪᠤᠳᠤᠭᠰᠠᠭᠠᠷ ᠢᠷᠡᠭᠰᠡᠨ᠃ | ᠴᠢ ᠬᠡᠳᠤᠷᠬᠡᠢ ᠳᠤᠷᠤᠢ ᠨᠢᠥᠯᠲᠥ ᠪᠠᠶᠢᠭ᠎ᠠ ᠳᠤ ᠴᠢᠨᠢ ᠪᠢ ᠬᠤᠷᠤᠰᠳᠠᠭ᠃ ᠬᠥᠮᠥᠨ ᠭᠡᠳᠡᠭ ᠴᠢᠨᠢ ᠥᠪᠡᠷ ᠤᠨ | ᠤᠨᠴᠠᠯᠢᠭ ᠪᠥᠬᠦᠢ ᠰᠥᠷ ᠰᠥᠯᠳᠡ᠂ ᠬᠤᠪᠢ ᠲᠤᠰᠠ ᠶᠢᠨ ᠢᠲᠡᠭᠡᠯ ᠬᠥᠨᠳᠥᠴᠡ ᠪᠠᠶᠢᠮᠠᠨᠴᠢᠨ ᠰᠠᠶ᠋ᠢ ᠪᠤᠰᠤᠳ ᠤᠨ | ᠰᠡᠳᠬᠢᠯ ᠳᠤ ᠬᠥᠨᠳᠥ ᠶᠢᠨ ᠵᠢᠩ ᠲᠠᠢ ᠪᠠᠶᠢᠵᠥ ᠲᠠᠭᠠᠷᠠᠨ᠎ᠠ᠂ ᠪᠤᠰᠤᠳ ᠢᠶᠠᠷ ᠬᠦᠬᠡᠷᠤᠬᠦᠶᠢᠯᠡᠵᠤ ᠶᠠᠪᠤᠬᠤ ᠴᠢᠨᠢ | ᠶᠢᠷᠲᠢᠨᠴᠥ ᠶᠢᠨ ᠬᠠᠮᠤᠭ ᠤᠨ ᠳᠤᠤᠷᠠᠳᠤ ᠠᠮᠢᠳᠤᠷᠠᠯ ᠪᠤᠯᠴᠢᠬᠤ ᠨᠢ ᠶᠤᠮ ᠰᠢᠦ᠂ ᠴᠢ ᠪᠤᠳᠤᠵᠤ ᠥᠩᠭᠡᠷᠡᠪᠡ ᠤᠤ︖ | | ᠲᠡᠭᠦᠨ ᠢ ᠴᠢ ᠲᠤᠩ ᠰᠠᠨᠠᠵᠤ᠂ ᠢᠲᠡᠭᠡᠵᠥ᠂ ᠨᠠᠶᠢᠳᠠᠵᠤ᠂ ᠲᠥᠰᠢᠵᠥ ᠶᠠᠪᠤᠭᠰᠠᠨ ᠢ ᠪᠢ ᠮᠡᠳᠡᠨ᠎ᠡ᠃ ᠲᠡᠭᠦᠨ | ᠤ ᠬᠤᠪᠢᠷᠠᠯᠲᠠ ᠰᠠᠨᠠᠭᠠᠨ ᠳᠤ ᠥᠭᠡᠢ ᠪᠢᠰᠢ᠂ ᠰᠢᠯᠲᠠᠭᠠᠨ ᠨᠢ ᠴᠤ ᠭᠠᠭᠴᠠ ᠪᠢᠰᠢ᠂ ᠠᠳᠡ ᠲᠡᠭᠦᠨ ᠤ ᠠᠮᠢᠳᠤᠷᠠᠯ | ᠤᠨ ᠲᠠᠯ᠎ᠠ ᠬᠢ ᠰᠤᠯᠠ ᠵᠠᠳᠠᠭᠠᠢ ᠪᠥᠭᠡᠳ ᠬᠠᠷᠢᠭᠤᠴᠠᠯᠭ᠎ᠠ ᠥᠭᠡᠢ ᠠᠴᠠ ᠥᠭᠡᠷ᠎ᠡ ᠰᠢᠯᠲᠠᠭᠠᠨ ᠢ ᠴᠢ ᠰᠤᠳᠤᠯᠵᠤ | ᠥᠵᠡᠯ᠎ᠡ ᠤᠤ ︖ ᠠᠳᠡ ᠴᠢᠨᠤ ᠪᠥᠰᠡᠭᠦᠢ ᠬᠥᠮᠥᠨ ᠪᠤᠯᠤᠭᠰᠠᠨ ᠤ ᠬᠤᠪᠢ ᠳᠠᠬᠢ ᠬᠢᠵᠥ ᠬᠥᠷᠥᠯᠴᠡᠭᠡ ᠥᠭᠡᠢ | ᠲᠠᠯ᠎ᠠ ᠥᠭᠡᠢ ᠭᠡᠵᠢ ᠤᠤ ︖ | ᠬᠤᠷᠢᠨ ᠬᠡᠳᠥᠨ ᠵᠢᠯ ᠤᠨ ᠤᠨ ᠰᠠᠷ᠎ᠠ ᠡ᠂ ᠴᠢ ᠲᠡᠭᠡᠵᠥ ᠯᠡ ᠰᠤᠭᠳᠤᠭᠤ ᠬᠦᠯᠴᠤᠭᠦᠤ ᠪᠠᠷ ᠥᠩᠭᠡᠷᠡᠭᠰᠡᠨ | ᠰᠢᠪ ᠳ᠋ᠠ᠂ ᠭᠡᠶ᠎ᠡ᠂ ᠴᠢᠮ᠎ᠠ ᠲᠠᠢ ᠠᠳᠠᠯᠢᠬᠠᠨ ᠮᠢᠨᠴᠥᠭᠦᠷᠡᠮᠡᠯ ᠠᠮᠢᠳᠤᠷᠠᠵᠤ ᠢᠷᠡᠭᠰᠡᠨ ᠲᠡᠷᠡ ᠬᠠᠷᠢᠨ ᠮᠡᠷᠭᠡᠨ ᠰᠡᠴᠡᠨ | ᠪᠠᠭ ᠢᠶᠠᠨ ᠡᠴᠥᠰ ᠲᠡᠭᠡᠨ ᠤᠷᠬᠢᠵᠤ᠂ ᠡᠷᠬᠢᠯᠲᠡ ᠥᠭᠡᠢ ᠶᠠᠪᠤᠯ᠎ᠠ᠃ ᠶᠢᠷᠲᠢᠨᠴᠥ ᠭᠡᠵᠥ ᠡᠶᠢᠮᠥ ᠯᠡ ᠪᠤᠲᠠᠲᠠᠢ | ᠪᠥᠭᠡᠳ ᠬᠤᠪᠢᠨᠴᠢᠷ ᠪᠢᠯᠡ᠂ ᠭᠡᠲᠡᠯ᠎ᠡ ᠴᠢ ᠰᠡᠷᠭᠦᠭᠡ ᠥᠭᠡᠢ᠂ ᠴᠢᠨᠥ ᠠᠮᠢ ᠨᠠᠰᠥᠨ ᠳᠠᠭᠠᠨ ᠪᠥᠷᠢᠮᠥᠰᠥᠨ | ᠰᠢᠩᠭᠡᠭᠡᠵᠥ ᠡᠭᠦᠷᠢᠳᠡ ᠬᠠᠶᠠᠵᠥ ᠳᠡᠶᠢᠯᠬᠦ ᠥᠭᠡᠢ ᠪᠤᠯᠤᠭᠰᠠᠨ ᠲᠡᠭᠦᠨ ᠢ ᠪᠠᠨ ᠰᠠᠨᠠᠵᠤ ᠪᠠᠶᠢᠭ᠎ᠠ᠂ ᠭᠤᠮᠤᠳᠠᠵᠤ | ᠪᠠᠶᠢᠭ᠎ᠠ ᠶᠢᠨ ᠬᠤᠭᠤᠷᠤᠨᠳᠤ ᠡᠳᠥᠷ ᠰᠥᠨᠢ ᠶᠢ ᠨᠢᠯᠪᠤᠰᠤ ᠲᠠᠢ ᠨᠥᠭᠴᠢᠭᠡᠨ᠎ᠡ︕ ᠠᠭᠤᠯᠭ᠎ᠠ ᠲᠠᠢ ᠤᠤ ᠥᠨ᠎ᠡ | ᠴᠠᠨ᠎ᠠ ᠲᠠᠢ ᠤᠤ ᠴᠢ ᠪᠤᠳᠤᠭ᠎ᠠ ᠥᠭᠡᠢ᠂ ᠪᠤᠳᠤᠭᠰᠠᠨ ᠴᠦ ᠬᠠᠷᠢᠭᠤᠯᠲᠠ ᠥᠭᠡᠢ᠃ ᠭᠠᠭᠴᠠᠬᠦ ᠡᠨᠡᠬᠦ ᠪᠤᠲᠠᠳᠤ | ᠤᠷᠴᠢᠨ ᠠᠬᠤᠢ ᠶᠢ ᠠᠪᠤᠨ ᠲᠤᠰᠴᠤ ᠳᠡᠶᠢᠯᠬᠦ ᠥᠭᠡᠢ ᠰᠢᠥᠬᠠᠨ᠃ ᠡᠶᠢᠮᠥ ᠠᠴᠠ ᠪᠢ ᠴᠢᠨᠥ ᠲᠥᠯᠥᠭᠡ᠂ ᠴᠢᠨᠥ | ᠥᠨ᠎ᠡ ᠬᠥᠷᠥᠭᠡ ᠥᠭᠡᠢ 《 ᠬᠠᠶᠢᠷ᠎ᠠ 》 ᠶᠢᠨ ᠴᠢᠨᠢ ᠲᠥᠯᠥᠭᠡ ᠴᠢᠮ᠎ᠠ ᠶᠢ ᠬᠦᠬᠡᠷᠤᠬᠦᠶᠢᠯᠡᠭᠦ ᠪᠢᠰᠢ | ᠬᠤᠷᠤᠰᠤᠨ᠎ᠠ︕ ᠡᠷᠡᠭᠦᠯ ᠰᠠᠷᠠᠭᠤᠯ ᠪᠥᠰᠡᠭᠦᠢ ᠬᠥᠮᠥᠨ᠂ ᠰᠠᠷ᠎ᠠ ᠶᠢᠨ ᠴᠠᠯᠢᠩ ᠬᠡᠳᠥᠨ ᠮᠢᠩᠭ᠎ᠠ ᠲᠠᠢ ᠬᠥᠮᠥᠨ᠂ | ᠲᠡᠷᠡ ᠥᠵᠡᠭᠡᠳ ᠥᠵᠡᠮᠡᠷ ᠳᠥᠷᠰᠥ ᠪᠢᠰᠢ᠂ ᠰᠠᠨᠠᠭᠠᠳ ᠰᠠᠨᠠᠮᠠᠷ ᠪᠡᠨ᠎ᠡ ᠥᠭᠡᠢ ᠬᠢᠮᠳᠠ ᠡᠷ᠎ᠡ ᠶᠢᠨ ᠬᠤᠶᠢᠨ᠎ᠠ ᠠᠴᠠ | ᠵᠥᠨᠥᠭᠷᠡᠬᠦ ᠳᠤ ᠴᠢᠨᠢ ᠴᠢᠮ᠎ᠠ ᠶᠢ ᠬᠤᠷᠤᠰᠤᠨ᠎ᠠ ︕ ᠭᠤᠯᠤᠨ᠎ᠠ ᠡ︕ | ᠭᠤᠷᠪᠠ | ᠬᠤᠸᠠᠷ ᠴᠡᠴᠡᠭ ᠰᠢᠭ ᠰᠠᠶᠢᠬᠠᠨ ᠨᠠᠰᠤ ᠪᠠᠨ ᠴᠤᠭᠭᠠᠷ ᠥᠩᠭᠡᠷᠡᠭᠦᠯᠥᠭᠰᠡᠨ ᠲᠡᠭᠦᠨ ᠢᠶᠠᠨ ᠮᠠᠷᠲᠠᠵᠤ ᠳᠡᠶᠢᠯᠬᠦ | ᠥᠭᠡᠢ ᠶᠢ ᠴᠢᠨᠢ ᠬᠡᠨ ᠴᠦ ᠤᠶᠢᠯᠠᠭᠠᠨ᠎ᠠ᠂ ᠭᠡᠲᠡᠯ᠎ᠡ᠂ ᠰᠢᠷᠠᠭᠲᠤᠭᠰᠠᠨ ᠵᠢᠷᠥᠬᠡ ᠪᠠᠨ ᠬᠠᠮᠠᠭᠠᠯᠠᠵᠤ ᠴᠢᠳᠠᠬᠤ | ᠥᠭᠡᠢ 《 ᠥᠭᠦᠮᠠᠯ 》 ᠨᠢᠥᠯᠲᠥ ᠳᠤ ᠴᠢᠨᠢ ᠴᠢᠮ᠎ᠠ ᠶᠢ ᠳᠡᠭᠡᠷ᠎ᠡ ᠬᠠᠷᠠᠬᠤ ᠰᠡᠳᠬᠢᠯᠭᠡ ᠤᠷᠤᠵᠤ ᠳᠡᠶᠢᠯᠬᠦ ᠥᠭᠡᠢ | ᠪᠢᠯᠡ᠃ ᠰᠤᠨᠢᠨ ᠪᠢᠰᠢ ᠰᠠᠨ ᠂ ᠬᠥᠮᠥᠨ ᠤ ᠥᠷᠡᠭᠳᠡᠯ ᠵᠠᠪᠠᠯ ᠥᠨ᠎ᠡ ᠥᠷᠳᠡᠭ ᠲᠠᠢ ᠪᠠᠶᠢᠬᠤ ᠶᠤᠰᠤᠲᠠᠢ᠂ ᠴᠢᠨᠥ | ᠥᠷᠡᠭᠳᠡᠯ ᠤᠨ ᠥᠨ᠎ᠡ ᠥᠷᠳᠡᠭ ᠬᠠᠮᠢᠭ᠎ᠠ ᠪᠤᠢ︖ ᠥᠬᠦᠭᠡᠳ ᠶᠠᠪᠤᠭᠰᠠᠨ ᠬᠥᠮᠥᠨ ᠪᠤᠯ ᠡᠷᠬᠢᠵᠥ ᠢᠷᠡᠳᠡᠭ | ᠥᠭᠡᠢ᠂ ᠴᠢ ᠨᠠᠰᠤᠨ ᠳᠠᠭᠠᠨ ᠪᠡᠯᠪᠡᠰᠥᠨ ᠰᠠᠭᠤᠵᠤ ᠳᠤᠷᠠᠰᠬᠠᠪᠠᠴᠤ ᠪᠤᠯᠤᠨ᠎ᠠ᠂ ᠡᠭᠦᠨ ᠢ ᠥᠨᠡᠨ ᠬᠠᠶᠢᠷ᠎ᠠ ᠭᠡᠵᠥ | ᠦᠨᠡᠯᠡᠵᠤ ᠪᠠᠰᠠ ᠪᠤᠯᠤᠨ᠎ᠠ᠃ ᠠᠮᠢᠳᠤ ᠰᠡᠷᠢᠭᠦᠨ ᠢᠶᠠᠷ ᠢᠶᠠᠨ ᠨᠢᠳᠥ ᠪᠠᠨ ᠠᠨᠢᠨ ᠬᠠᠶᠠᠭᠠᠳ ᠶᠠᠪᠤᠭᠰᠠᠨ ᠲᠡᠷᠡ | ᠴᠢᠨᠢ ᠠᠬᠢᠭᠠᠳ ᠪᠤᠴᠠᠭᠠᠳ ᠢᠷᠡᠬᠦ ᠨᠢᠭᠤᠷ᠂ ᠵᠤᠷᠢᠭ᠂ ᠨᠥᠭᠦᠴᠡᠯ᠂ ᠪᠤᠯᠤᠯᠴᠠᠭ᠎ᠠ ᠨᠡᠩ ᠥᠭᠡᠢ᠂ ᠴᠢ ᠶᠠᠭᠤᠨ ᠳᠤ | ᠥᠴᠥᠭᠡᠳᠥᠷ ᠤᠨ ᠪᠠᠯᠠᠷᠬᠠᠢ ᠵᠡᠭᠦᠳᠥ ᠶᠢᠨ ᠬᠤᠶᠢᠨ᠎ᠠ ᠠᠴᠠ ᠥᠨᠥᠳᠥᠷ ᠤᠨ ᠰᠠᠶᠢᠨ ᠰᠠᠶᠢᠬᠠᠨ ᠢ ᠤᠮᠳᠤᠭᠠᠶᠢᠯᠠᠬᠤ | ᠪᠢᠯᠡ︖ | ᠨᠡᠶᠢᠭᠡᠮ ᠤᠷᠤᠭᠰᠢᠯᠠᠵᠤ᠂ ᠬᠥᠮᠥᠨ ᠤ ᠥᠵᠡᠯ ᠰᠠᠨᠠᠭ᠎ᠠ ᠳᠡᠭᠡᠭᠰᠢᠯᠡᠵᠥ ᠪᠠᠶᠢᠨ᠎ᠠ ᠃ ᠴᠢ ᠥᠪᠡᠷ ᠢ ᠪᠠᠨ | ᠡᠵᠡᠮᠳᠡᠵᠥ᠂ ᠥᠪᠡᠷ ᠢ ᠪᠠᠨ ᠬᠥᠨᠳᠥᠳᠭᠡᠨ᠂ ᠲᠡᠷᠡᠬᠦ ᠲᠤᠭᠤᠰᠤ ᠨᠤᠪᠰᠢ ᠲᠠᠢ ᠰᠡᠳᠬᠢᠯᠭᠡ ᠶᠢᠨ ᠤᠷᠴᠢᠨ ᠠᠴᠠ | ᠥᠪᠡᠷ ᠶᠢ ᠪᠠᠨ ᠴᠢᠯᠥᠭᠡᠯᠡᠵᠥ ᠴᠢᠳᠠᠬᠤ ᠥᠭᠡᠢ ᠭᠡᠵᠢ ᠤᠤ︖ ᠬᠥᠮᠥᠨ ᠤ ᠨᠢᠭᠡ ᠨᠠᠰᠥ ᠭᠡᠵᠥ ᠬᠡᠳᠥᠢ ᠤᠬᠤᠷᠬᠠᠨ | ᠪᠤᠢ ᠂ ᠬᠤᠪᠤᠷᠬᠠᠨ ᠤᠯᠳᠠᠭᠰᠠᠨ ᠡᠨᠡ ᠪᠠᠶ᠎ᠡ ᠪᠠᠨ ᠨᠠᠨᠳᠢᠩᠨᠠᠵᠤ ᠶᠠᠪᠤᠬᠤ ᠨᠢ ᠵᠥᠢᠲᠠᠢ ᠪᠢᠰᠢᠥ︖ ᠬᠤᠪᠢ | ᠲᠠᠪᠢᠯᠠᠩ ᠳᠠᠭᠠᠨ ᠳᠠᠭᠠᠳᠬᠠᠵᠤ ᠶᠠᠪᠤᠬᠤ ᠡᠷᠡᠨ ᠴᠠᠭ ᠪᠢᠰᠢ ᠪᠤᠯᠤᠭᠰᠠᠨ᠂ ᠡᠨᠡ ᠪᠥᠬᠦᠨ ᠢ ᠴᠢ ᠨᠠᠳᠠ ᠪᠠᠷ | ᠬᠡᠯᠡᠭᠦᠯᠤᠮᠡᠷ ᠪᠢᠳᠠᠭᠤ ᠬᠥᠮᠥᠨ ᠪᠢᠰᠢ ᠳ᠋ᠧ ᠁ | ᠳᠥᠷᠪᠠ | ᠴᠢᠨᠥ ᠰᠠᠳᠬᠢᠯ ᠬᠡᠳᠤᠷᠬᠡᠢ ᠴᠠᠶᠢᠯᠭᠠᠨ᠂ ᠡᠭᠦᠨ ᠠᠴᠠ ᠪᠤᠯᠵᠥ ᠴᠢᠮ᠎ᠠ ᠶᠢ ᠬᠡᠷᠰᠡᠥᠯᠡᠬᠦ ᠪᠤᠶᠤ ᠴᠢᠨᠥ ᠥᠰᠢᠶ᠎ᠡ | ᠪᠤᠳᠤᠬᠤ ᠠᠴᠠ ᠵᠢᠷᠥᠬᠡᠰᠢᠳᠡᠭ ᠬᠥᠮᠥᠨ ᠥᠭᠡᠢ᠃ ᠲᠡᠷᠡ ᠴᠢᠨᠥ ᠡᠨᠡᠬᠦ ᠡᠮᠵᠡᠭ ᠢ ᠠᠰᠢᠭᠯᠠᠵᠤ᠂ ᠨᠢᠴᠥᠭᠦᠨ | ᠨᠢᠳᠤᠷᠭ᠎ᠠ ᠨᠢᠮᠬᠡᠨ ᠨᠥᠭᠦᠴᠡᠯ ᠢᠶᠠᠷ ᠬᠠᠮᠲᠥ ᠳᠠᠭᠠᠨ ᠵᠤᠬᠢᠶᠠᠭᠰᠠᠨ ᠠᠮᠢᠳᠤᠷᠠᠯ ᠢᠶᠠᠨ ᠮᠠᠷᠲᠠᠵᠤ᠂ ᠥᠪᠡᠷ ᠤᠨ | ᠠᠮᠢᠨᠴᠢᠷ ᠰᠢᠨᠥᠯ ᠡᠷᠬᠢᠬᠦᠥ ᠲᠠᠴᠢᠶᠠᠯ ᠢᠶᠠᠨ ᠬᠠᠩᠭᠠᠵᠥ ᠬᠥᠮᠥᠰ ᠤᠨ ᠵᠢᠭᠰᠢᠯ ᠪᠤᠯᠵᠤ ᠶᠠᠪᠤᠬᠤ ᠳᠠᠭᠠᠨ ᠢᠴᠢᠩᠭᠦᠷᠡᠯ | ᠰᠠᠨᠠᠭᠳᠠᠭᠠ ᠥᠭᠡᠢ ᠁ ᠥᠨᠡᠨ ᠳᠤ ᠪᠠᠨ ᠪᠥᠰᠡᠭᠦᠢ ᠬᠥᠮᠥᠨ ᠥᠪᠡᠷ ᠤᠨ 《 ᠥᠵᠡᠯ ᠰᠠᠨᠠᠭ᠎ᠠ 》 ᠲᠠᠢ ᠨᠢ | ᠳᠡᠭᠡᠷ᠎ᠡ ᠶᠤᠮ᠂ ᠶᠠᠳᠠᠬᠤ ᠳᠠᠭᠠᠨ ᠪᠡᠶ᠎ᠡ ᠪᠠᠨ ᠬᠠᠮᠠᠭᠠᠯᠠᠬᠤ ᠰᠡᠳᠬᠢᠬᠦᠢ ᠪᠠ ᠴᠢᠳᠠᠪᠤᠷᠢ ᠲᠠᠢ ᠪᠠᠶᠢᠵᠥ ᠲᠠᠭᠠᠷᠠᠨ᠎ᠠ᠂ | ᠡᠨᠡ ᠤᠷᠴᠢᠯᠠᠩ ᠳᠤ ᠪᠠᠶ᠎ᠠ ᠳᠤ ᠪᠠᠨ ᠵᠥᠪ ᠥᠭᠡᠢ ᠪᠡᠶ᠎ᠡ ᠪᠠᠨ ᠬᠥᠨᠳᠥᠳᠭᠡᠬᠦ ᠥᠭᠡᠢ ᠬᠥᠮᠥᠨ ᠢ ᠬᠥᠨᠳᠥ | ᠥᠵᠡᠳᠡᠭ ᠬᠥᠮᠥᠨ ᠪᠠᠶᠢᠳᠠᠭ ᠥᠭᠡᠢ᠃ | ᠠᠮᠢᠳᠤᠷᠠᠯ ᠬᠠᠶᠢᠷ᠎ᠠ ᠳᠡᠭᠡᠷ᠎ᠡ ᠲᠤᠭᠲᠠᠳᠠᠭ᠂ ᠬᠠᠶᠢᠷ᠎ᠠ ᠥᠭᠡᠢ ᠠᠮᠢᠳᠤᠷᠠᠯ ᠬᠢᠭᠡᠳ ᠠᠮᠢᠳᠤᠷᠠᠯ ᠥᠭᠡᠢ ᠬᠠᠶᠢᠷ᠎ᠠ | ᠠᠳᠠᠯᠢᠬᠠᠨ ᠵᠡᠮᠳᠡᠭ ᠪᠠᠶᠢᠳᠠᠭ᠃ ᠠᠮᠢᠳᠤᠷᠠᠯ ᠳᠤ ᠪᠥᠭᠯᠡᠷᠡᠭᠰᠡᠨ ᠵᠠᠮ ᠪᠠᠶᠢᠳᠠᠭ ᠥᠭᠡᠢ᠂ ᠬᠡᠨ ᠨᠢ ᠬᠡᠨ ᠠᠴᠠ ᠰᠠᠯᠪᠠᠯ | ᠠᠮᠢᠳᠤᠷᠠᠵᠤ ᠳᠡᠶᠢᠯᠬᠦ ᠥᠭᠡᠢ ᠭᠡᠳᠡᠭ ᠵᠢᠮ᠎ᠡ ᠶᠤᠰᠤ ᠨᠡᠩ ᠪᠠᠶᠢᠭ᠎ᠠ ᠥᠭᠡᠢ᠃ ᠡᠷᠡᠭᠦᠯ ᠰᠠᠷᠠᠭᠤᠯ ᠴᠤᠭᠴᠠᠰ ᠡᠩᠬᠡ | ᠲᠥᠪᠰᠢᠨ ᠨᠡᠶᠢᠭᠡᠮ᠂ ᠬᠡᠴᠥᠨᠡᠨ ᠵᠤᠯ ᠲᠠᠢ ᠴᠠᠭ ᠥᠶ᠎ᠡ ᠪᠥᠭᠡᠳ ᠤᠷᠴᠢᠨ ᠠᠬᠤᠢ ᠪᠤᠢ ᠃ ᠬᠠᠮᠢᠭ᠎ᠠ ᠬᠥᠷᠴᠥ | ᠶᠡᠭᠤ ᠬᠢᠭᠰᠡᠨ ᠴᠦ ᠥᠪᠡᠷ ᠪᠡᠶ᠎ᠡ ᠪᠠᠨ ᠬᠡᠬᠡᠵᠤ ᠪᠤᠯᠬᠤ ᠥᠭᠡᠢ᠃ ᠴᠢᠨᠠᠷᠯᠢᠭ ᠰᠠᠶᠢᠨ ᠬᠤᠪᠴᠠᠰᠤ ᠡᠮᠥᠰᠴᠥ᠂ | ᠵᠢᠰᠥ ᠭᠡᠵᠢᠭᠡ ᠪᠠᠨ ᠰᠠᠶᠢᠬᠠᠨ ᠵᠠᠰᠠᠵᠤ ᠭᠤᠶᠤᠯᠠᠭᠠᠳ᠂ ᠥᠷᠯᠥᠭᠡ ᠪᠥᠷᠢ ᠲᠤᠯᠢᠨ ᠡᠮᠥᠨ᠎ᠡ ᠵᠤᠭᠰᠤᠵᠤ ᠪᠡᠶ᠎ᠡ ᠳᠤ | ᠪᠠᠨ 《 ᠪᠢ ᠵᠠᠯᠠᠭᠤ ᠪᠥᠭᠡᠳ ᠭᠤᠶᠤ᠂ ᠰᠤᠶᠤᠯ ᠮᠡᠳᠡᠯᠭᠡ ᠲᠠᠢ ᠪᠥᠭᠡᠳ ᠠᠵᠢᠯ ᠥᠢᠯᠡᠰ ᠲᠠᠢ ᠬᠥᠮᠥᠨ 》 ᠭᠡᠵᠥ | ᠬᠤᠪᠢᠨ ᠳᠠᠭᠠᠨ ᠵᠠᠬᠢᠭᠠᠳ ᠰᠢᠨ᠎ᠡ ᠨᠢᠭᠡ ᠡᠳᠥᠷ ᠢᠶᠠᠨ ᠡᠬᠢᠯᠡ᠂ ᠨᠢᠭᠡᠯᠬᠡᠨ ᠭᠠᠷᠠᠭ ᠤᠨ ᠳᠤᠲᠤᠷ᠎ᠠ ᠴᠢ ᠳᠠᠷᠤᠢ ᠬᠡᠨ | ᠠᠴᠠ ᠴᠦ ᠭᠤᠶᠤ ᠪᠥᠭᠡᠳ ᠶᠡᠬᠡᠮᠰᠥᠭ᠂ ᠪᠤᠯᠪᠠᠰᠤᠨ ᠪᠦᠭᠡᠳ ᠴᠢᠨᠠᠷᠯᠢᠭ ᠪᠥᠰᠡᠭᠦᠢ ᠪᠤᠯᠴᠢᠳᠠᠭ ᠶᠤᠮ᠂ ᠡᠭᠦᠨ ᠢ | ᠤᠶᠤᠨ ᠰᠠᠨᠠᠭᠠᠨ ᠤ ᠵᠤᠷᠢᠭᠵᠢᠭᠤᠯᠤᠯ ᠤᠨ ᠭᠥᠨ ᠤᠬᠠᠭᠠᠨ ᠭᠡᠳᠡᠭ᠃ ᠲᠡᠷᠢᠭᠦᠨ ᠡᠷᠭᠦᠨ ᠴᠡᠭᠡᠵᠢ ᠲᠦᠷᠢᠨ᠂ | ᠴᠢᠷᠠᠢ ᠳᠥᠭᠦᠷᠡᠩ ᠢᠲᠡᠭᠡᠯ ᠤᠨ ᠢᠨᠢᠶᠡᠮᠰᠥᠭᠯᠡᠯ ᠲᠠᠢ ᠰᠢᠨ᠎ᠡ ᠠᠮᠢᠳᠤᠷᠠᠯ ᠲᠠᠢ ᠪᠤᠯᠤᠭᠰᠠᠨ ᠤ ᠰᠡᠭᠦᠯᠡᠷ᠂ ᠳᠠᠬᠢᠨ | ᠲᠡᠷᠡ ᠴᠢᠮ᠎ᠠ ᠶᠢ ᠳᠤᠷᠤᠮᠵᠢᠯᠠᠵᠤ᠂ ᠥᠪᠡᠷ ᠤᠨ ᠰᠢᠨᠥᠯ ᠢᠶᠠᠨ ᠪᠤᠰᠤᠳ ᠤᠨ ᠵᠤᠪᠠᠭᠤᠷᠢ ᠳᠡᠭᠡᠷ᠎ᠡ ᠪᠠᠶᠢᠭᠤᠯᠤᠭᠰᠠᠨ | ᠪᠤᠯᠬᠢ ᠬᠥᠮᠥᠰ ᠤᠨ ᠥᠴᠥᠬᠡᠨ ᠪᠠᠷ᠎ᠠ ᠶᠢ ᠬᠠᠷᠠᠬᠤ ᠳᠤ᠂ ᠴᠢ ᠯᠠᠪᠲᠠᠢ ᠨᠢᠭᠡ ᠬᠥᠩᠭᠡᠬᠡᠨ ᠢᠨᠢᠶᠡᠳᠥ ᠯᠡ ᠲᠡᠳᠥᠢ | ᠥᠯᠡᠳᠡᠬᠦ ᠶᠤᠮ᠃ ᠳᠠᠷᠠᠭ᠎ᠠ ᠠᠯᠬᠤᠮ ᠢᠶᠠᠨ ᠶᠠᠭᠠᠬᠢᠵᠥ ᠶᠠᠪᠤᠬᠤ ᠶᠢ ᠬᠡᠨ ᠴᠦ ᠴᠢᠮᠠᠳᠥ ᠬᠡᠯᠡᠬᠦ ᠴᠢᠬᠤᠯᠠ ᠥᠭᠡᠢ᠂ | ᠴᠢ ᠤᠤᠯ ᠤᠨ ᠢᠶᠠᠨ ᠰᠠᠶᠢᠨ ᠰᠠᠶᠢᠬᠠᠨ ᠰᠡᠳᠬᠢᠯᠭᠡ ᠪᠠ ᠠᠮᠢᠳᠤᠷᠠᠯ ᠢᠶᠠᠨ ᠡᠷᠢᠭᠡᠳ ᠤᠯᠴᠢᠬᠤ ᠨᠢ ᠶᠤᠮ᠃ | ᠭᠠᠷ ᠢᠶᠠᠨ ᠨᠠᠰᠢ ᠥᠭ᠂ ᠪᠢᠳᠡ ᠬᠡᠵᠢᠶᠡᠳᠡ ᠰᠠᠶᠢᠨ ᠨᠠᠶᠢᠵᠠ ᠶᠤᠮ᠂ ᠪᠢ ᠴᠢᠨᠥ ᠰᠠᠴᠤᠷᠠᠮ᠎ᠠ ᠰᠠᠶᠢᠬᠠᠨ | ᠢᠨᠢᠶᠡᠳᠥ ᠲᠠᠢ ᠤᠤᠯ ᠤᠨ ᠳᠥᠷᠬᠦ ᠶᠢᠨ ᠴᠢᠨᠢ ᠳᠠᠬᠢᠨ ᠠᠮᠢᠯᠠᠬᠤ ᠶᠢ ᠢᠲᠡᠭᠡᠵᠥ ᠪᠠᠶᠢᠨ᠎ᠠ ᠁ | |