ᠬᠡᠷᠡᠯᠳᠦᠭᠰᠡᠨ ᠣᠯᠠᠭᠠᠨ ᠯᠣᠣᠪᠠᠩ | ᠨᠢᠬᠡ | ︽ᠨᠣᠬᠠᠢ ᠳᠤ ᠬᠠᠵᠠᠭᠳᠠᠪᠠ ᠤᠤ︖ ᠪᠡᠳᠡᠬᠢ ᠭᠠᠷᠣᠭᠰᠠᠨ ᠤᠤ︖ ᠮᠣᠳᠣᠨ ᠳᠤ ᠠᠪᠠᠷᠢᠭᠠᠳ ᠵᠦᠰᠴᠢᠬᠡᠪᠡ | ᠤᠤ ︖ ᠬᠦᠬᠡᠷᠦᠬᠦᠢ ᠠᠮᠢᠳᠠᠨ ᠴᠢ ᠁︾ | ᠬᠠᠷ᠎ᠠ ᠬᠦᠦ ᠳᠣᠭᠳᠣᠯᠣᠨ ᠳᠣᠯᠣᠭᠠᠢ ᠡᠷᠬᠦᠵᠦ᠂ ᠬᠡᠣᠬᠡᠨ ᠤ ᠳᠦᠬᠦᠷᠢᠭ ᠰᠠᠶᠢᠬᠠᠨ ᠡᠷᠡᠣ ᠶᠢ ᠬᠠᠷᠠᠨ᠂ | ᠬᠠᠮᠠᠷ ᠢᠶᠠᠨ ᠰᠠᠷᠳᠠᠯᠵᠠᠭᠤᠯᠵᠣ ᠠᠪᠣᠪᠠ᠃ | ︽ᠵᠢᠦᠢ ᠽᠢ ᠡ᠂ ᠬᠠᠭᠤᠷᠠᠢ ᠬᠦᠦ ᠳᠠᠨᠢᠬᠤ ᠰᠠᠨᠠᠭ᠎ᠠ ᠲᠠᠢ ᠤᠤ︖︾ ᠭᠡᠵᠤ ᠶᠣᠯᠬᠤᠭᠤᠷ ᠬᠠᠴᠠᠷ ᠲᠠᠢ | ᠨᠢᠬᠡ ᠪᠦᠰᠡᠬᠦᠢ ᠬᠡᠣᠬᠡᠨ ᠵᠦᠭ ᠪᠠᠷᠬᠢᠷᠠᠪᠠ᠃ | ᠬᠠᠷ᠎ᠠ ᠬᠦᠦ ᠶᠢᠨ ᠨᠢᠳᠦ ᠨᠢ ᠡᠷᠬᠢᠯᠳᠦᠨ᠂ ᠴᠠᠭᠠᠨ ᠨᠢᠳᠦ ᠨᠢ ᠡᠷᠪᠡᠬᠡᠢ ᠰᠢᠭ ᠡᠷᠪᠡᠯᠵᠡᠪᠠ᠃ | ︽ᠳᠡᠶᠢᠮᠣ᠂ ᠪᠢ ᠵᠢᠦᠢ ᠽᠢ ᠬᠡᠳᠡᠭ᠂ ᠡᠮᠦᠨ᠎ᠡ ᠳᠣᠰᠬᠤᠨ ᠤ ᠬᠢ᠂ ᠠᠳᠡ ᠠᠴᠠ ᠠᠷᠪᠠᠨ ᠬᠡᠳᠦᠨ ᠭᠠᠵᠠᠷ | ᠪᠣᠢ᠂ ᠴᠢ ᠦᠭᠡ ᠶᠠᠷᠢᠬᠤ ᠳᠣᠷᠠᠳᠠᠢ ᠪᠣᠯ ᠨᠠᠮᠠᠢᠢ ᠵᠢᠦᠢ ᠽᠢ ᠡᠬᠡᠴᠢ ᠬᠡᠪᠡᠯ ᠪᠣᠯᠴᠢᠬᠠᠨ᠎ᠠ︕︾ ᠭᠡᠵᠤ ᠬᠡᠣᠬᠡᠨ | ᠬᠠᠷ᠎ᠠ ᠬᠦᠦ ᠳᠤ ᠬᠡᠯᠡᠪᠡ᠃ | ︽ᠵᠢᠦᠢ ᠽᠢ ᠡ᠂ ᠳᠡᠷᠡ ᠶᠢ ᠳᠣᠭᠤᠴᠢᠬᠠᠪᠠ ᠤᠤ︖ ᠵᠣᠯᠵᠠᠭᠠᠨ ᠬᠦᠷᠭᠡᠨ ᠠᠪᠬᠤ ᠨᠢ ᠤᠤ︖ | ᠵᠦᠳᠡᠷᠡᠨ᠎ᠡ ᠳ᠋ᠡ ᠴᠢ᠂ ᠡᠨᠡ ᠳᠡᠭᠳᠡᠭᠡᠭᠡᠢ ᠳᠠᠯᠠᠪᠴᠢ ᠪᠠᠨ ᠳᠡᠪᠢᠳᠡᠯᠡ ᠬᠡᠳᠦᠨ ᠵᠢᠯ ᠪᠣᠯᠣᠨ᠎ᠠ ᠁︾ | ︽ᠦᠮᠡᠬᠡᠢ ᠬᠦᠭᠰᠢᠨ ᠠᠮᠠ ᠨᠡᠬᠡᠬᠡᠪᠡᠯ ᠮᠣᠭᠠᠢ ᠮᠡᠯᠡᠬᠡᠢ ᠴᠣᠪᠣᠷᠠᠭᠤᠯᠣᠭᠠᠳ︕︾ ᠭᠡᠵᠤ ᠵᠢᠦᠢ ᠽᠢ | ᠶᠣᠯᠬᠤᠭᠤᠷ ᠬᠠᠴᠠᠷᠳᠣ ᠶᠢ ᠬᠠᠷᠢᠶᠠᠨ᠂ ᠬᠠᠷ᠎ᠠ ᠬᠦᠦ ᠶᠢ ᠬᠦᠳᠦᠯᠦᠨ ᠠᠭᠤᠯᠠ ᠳᠠᠪᠠᠭ᠎ᠠ ᠬᠡᠮᠡᠷ ᠬᠡᠮᠬᠡᠳᠡᠭ ᠴᠢᠯᠠᠭᠤᠨ | ᠤ ᠣᠪᠣᠭᠠᠨ ᠤ ᠡᠮᠦᠨ᠎ᠡ ᠠᠪᠠᠴᠢᠵᠦ᠂ ᠳᠡᠭᠰᠢᠬᠡᠨ ᠴᠢᠯᠠᠭᠤ ᠣᠯᠵᠣ ᠦᠭᠬᠦᠬᠡᠳ᠄ ︽ᠠᠳᠡ ᠰᠠᠭᠤ᠂ ᠨᠠᠮᠠᠢᠢ | ᠳᠦᠰᠢᠬᠡᠷᠡᠢ᠂ ᠠᠭᠠᠵᠢᠭᠤᠬᠠᠨᠨ ᠬᠡᠮᠬᠡᠴᠡ︕︾ ᠬᠡᠮᠡᠨ ᠬᠡᠯᠡᠬᠡᠳ ᠬᠠᠷᠠᠵᠣ ᠪᠠᠶᠢᠵᠠᠢ᠃ ᠬᠡᠬᠦ ᠳᠡᠭᠡᠨ ᠳᠡᠷᠡ ᠭᠤᠣᠯ | ᠠᠴᠠ ᠳᠣᠭᠤᠯᠳᠠᠵᠣ ᠢᠷᠡᠬᠦ ᠰᠦᠷᠦᠭ ᠵᠢᠭᠠᠰᠣ ᠢᠷᠠᠭᠠᠯᠠᠬᠤ ᠰᠢᠭ᠋᠂ ᠨᠠᠷᠢᠨ ᠠᠭᠠᠳ ᠬᠡᠰᠡᠭ ᠬᠤᠯᠠᠳᠠᠵᠣ ᠬᠡᠰᠡᠭ | ᠣᠶᠢᠷᠠᠳᠬᠤ ᠰᠣᠨᠢᠨ ᠳᠠᠭᠤ ᠶᠢ ᠣᠯᠵᠣ ᠰᠣᠨᠣᠰᠣᠭᠰᠠᠨ ᠠᠵᠢ᠃ ᠳᠡᠷᠡ ᠬᠦᠴᠦ ᠳᠠᠯᠪᠢᠨ ᠴᠢᠩᠨᠠᠵᠣ᠂ ᠬᠠᠷᠠᠭ᠎ᠠ | ᠰᠣᠨᠣᠷ ᠢᠶᠠᠨ ᠵᠡᠷᠭᠡ ᠬᠡᠷᠡᠭᠯᠡᠨ᠂ ᠭᠤᠣᠯ ᠠᠴᠠ ᠬᠡᠷᠡᠯᠳᠦᠭᠰᠡᠨ ᠭᠡᠢ ᠪᠡᠶᠡᠳᠦ ᠳᠡᠬᠡᠭᠰᠢ ᠳᠡᠭᠳᠡᠬᠦ ᠪᠦᠬᠡᠳ ᠳᠠᠭᠤ ᠨᠢ | ᠳᠡᠷᠡ ᠬᠡᠢ ᠪᠡᠶᠡᠳᠦ ᠳᠤ ᠪᠠᠶᠢᠭ᠎ᠠ ᠶᠢ ᠮᠡᠳᠡᠵᠡᠢ᠃ ᠳᠡᠷᠡ ᠬᠦ ᠭᠠᠶᠢᠬᠠᠮᠰᠢᠭᠳᠣ ᠬᠡᠢ ᠪᠡᠶᠡᠳᠦ ᠶᠢ ᠬᠠᠷᠠᠭᠠᠳ ᠪᠠᠶᠢᠪᠠᠯ | ᠰᠣᠨᠣᠰᠣᠪᠣᠷᠢ ᠲᠠᠢ ᠭᠤᠶᠢᠳᠠ ᠳᠠᠭᠤ ᠴᠢᠬᠢᠨ ᠠᠴᠠ ᠨᠢ ᠠᠯᠳᠠᠭᠳᠠᠬᠤ ᠨᠢ ᠦᠭᠡᠢ ᠠᠪᠠᠢ᠃ ᠬᠠᠷ᠎ᠠ ᠬᠦᠦ ᠶᠢᠨ | ᠴᠢᠷᠠᠢ ᠨᠢ ᠣᠯᠠᠪᠢᠷᠳᠣᠨ ᠣᠷᠣᠭᠤᠯ ᠳᠡᠬᠡᠷ᠎ᠡ ᠨᠢ ᠬᠦᠮᠦᠨ ᠢ ᠳᠣᠭᠳᠣᠯᠣᠭᠤᠯᠣᠮᠠ ᠢᠨᠢᠶᠡᠳᠦ ᠴᠠᠯᠬᠢᠯᠠᠪᠠ᠃ ᠳᠡᠷᠡ | ᠦᠪᠡᠷ ᠤᠨ ᠢᠶᠠᠨ ᠶᠠᠮᠠᠷ ᠭᠠᠵᠠᠷ ᠰᠠᠭᠤᠵᠣ ᠶᠠᠭᠤ ᠬᠢᠬᠡ ᠪᠠᠨ ᠮᠠᠷᠳᠠᠵᠣ ᠣᠷᠬᠢᠭᠰᠠᠨ ᠪᠦᠬᠡᠳ ᠡᠷᠬᠦᠵᠦ ᠪᠠᠶᠢᠭ᠎ᠠ | ᠭᠠᠷ ᠨᠢ ᠴᠦ ᠦᠬᠡᠷ᠎ᠡ ᠬᠦᠮᠦᠨ ᠤ ᠬᠢ ᠰᠢᠭ᠋ ᠪᠣᠯᠵᠠᠢ᠃ ᠰᠡᠬᠦᠯᠳᠡᠵᠦ ᠢᠷᠡᠭᠡᠳ ᠪᠠᠷᠠᠭᠤᠨ ᠭᠠᠷ ᠤᠨ ᠳᠣᠯᠢᠶᠠᠪᠣᠷ | ᠬᠤᠷᠣᠭᠤ ᠨᠢ ᠮᠢᠴᠦᠬᠦᠷᠡᠵᠦ ᠵᠡᠬᠦᠨ ᠭᠠᠷ ᠨᠢ ᠴᠦ ᠦᠪᠡᠷ ᠤᠨ ᠮᠡᠳᠡᠯ ᠦᠭᠡᠢ ᠳᠠᠳᠠᠯᠳᠣᠵᠣ ᠪᠠᠶᠢᠭ᠎ᠠ ᠪᠠᠨ ᠰᠡᠷᠡᠵᠦ᠂ | ᠭᠠᠰᠠᠯᠵᠣ ᠰᠡᠬᠦᠷᠡᠰᠦᠯᠡᠬᠦ ᠶᠢᠨ ᠬᠤᠭᠤᠷᠣᠨᠳᠣ ᠬᠢᠩᠬᠢᠨᠡᠪᠡ᠃ ᠳᠣᠷᠣᠭᠰᠢ ᠬᠠᠷᠠᠪᠠᠯ ᠳᠣᠯᠢᠶᠠᠪᠣᠷ ᠬᠤᠷᠣᠭᠤᠨ ᠤ | ᠬᠢᠨᠢ ᠬᠢᠮᠣᠰᠣ ᠬᠡᠳᠦᠶᠢᠨ ᠬᠡᠳᠦ ᠲᠠᠯᠪᠢᠭᠳᠠᠴᠢᠬᠠᠭᠠᠳ ᠵᠠᠪᠰᠠᠷ ᠢᠶᠠᠷ ᠨᠢ ᠴᠢᠰᠦ ᠳᠠᠭᠠᠭᠠᠪᠣᠷᠢᠯᠠᠵᠣ ᠪᠠᠶᠢᠪᠠ᠃ | ︽ᠬᠠᠷ᠎ᠠ ᠬᠦᠦ ᠡ᠂ ᠭᠠᠷ ᠢᠶᠠᠨ ᠴᠣᠬᠢᠴᠢᠬᠠᠯᠠ ᠪᠠ︖︾ ᠭᠡᠵᠤ ᠬᠡᠣᠬᠡᠨ ᠪᠣᠰᠴᠣ ᠢᠷᠡᠨ ᠬᠠᠷ᠎ᠠ ᠬᠦᠦ | ᠶᠢᠨ ᠡᠮᠦᠨ᠎ᠡ ᠣᠴᠣᠶᠢᠵᠣ ᠰᠠᠭᠤᠭᠠᠳ᠄ ︽ᠡᠯᠡᠢ ᠮᠢᠨᠢ ᠡ᠂ ᠶᠠᠭᠠᠬᠢᠵᠣ ᠴᠣᠬᠢᠴᠢᠬᠠᠵᠣ ᠪᠣᠢ︖ ᠴᠢᠮ᠎ᠠ ᠰᠢᠭ᠋ | ᠠᠵᠢᠯ ᠬᠢᠳᠡᠭ ᠬᠦᠮᠦᠨ ᠪᠣᠢ ᠤᠤ︖ ᠬᠦᠮᠦᠨ ᠨᠢ ᠠᠳᠡ ᠰᠠᠨᠠᠭ᠎ᠠ ᠬᠠᠮᠢᠭ᠎ᠠ ᠣᠴᠢᠭᠠᠳ ᠪᠠᠶᠢᠭ᠎ᠠ ᠪᠣᠢ︕︾ | ᠭᠡᠵᠤ ᠵᠢᠮᠡᠯᠡᠨ᠎ᠡ᠃ | ᠬᠠᠷ᠎ᠠ ᠬᠦᠦ ᠪᠠᠷᠠᠭᠤᠨ ᠭᠠᠷ ᠢᠶᠠᠷ ᠢᠶᠠᠨ ᠰᠢᠷᠣᠢ ᠠᠳᠬᠤᠵᠣ᠂ ᠴᠣᠬᠢᠭᠳᠠᠭᠰᠠᠨ ᠭᠠᠷ ᠳᠡᠬᠡᠷ᠎ᠡ ᠪᠠᠨ ᠬᠢᠪᠡ᠃ | | ︽ᠬᠠᠷ᠎ᠠ ᠬᠦᠦ᠂ ᠴᠢ ᠮᠡᠨᠡᠭᠭᠦᠤ ᠪᠣᠯᠴᠢᠬᠠᠪᠠ ᠤᠤ︖ ᠰᠢᠷᠣᠶᠢᠨ ᠳᠤ ᠶᠠᠮᠠᠷ ᠴᠦ ᠪᠣᠵᠠᠷ ᠶᠠᠭᠤᠮ᠎ᠠ ᠪᠣᠢ ᠰᠢᠦ | ︕ ︾ ᠬᠡᠭᠰᠡᠭᠡᠷ ᠬᠡᠣᠬᠡᠨ ᠬᠠᠷ᠎ᠠ ᠬᠦᠦ ᠶᠢ ᠴᠢᠷᠴᠦ ᠭᠤᠣᠯ ᠤᠨ ᠬᠦᠪᠡᠭᠡ ᠣᠷᠣᠭᠤ ᠶᠠᠪᠣᠪᠠ᠃ ᠬᠦᠦ ᠶᠢᠨ ᠬᠦᠯ | ᠬᠦᠯᠢᠢᠭᠰᠡᠨ ᠭᠠᠵᠠᠷ ᠢ ᠳᠠᠭᠤ ᠭᠠᠷᠳᠠᠯ᠎ᠠ ᠬᠢᠰᠬᠢᠯᠡᠵᠦ ᠪᠠᠶᠢᠯ᠎ᠠ᠃ ᠭᠤᠣᠯ ᠤᠨ ᠬᠦᠪᠡᠬᠡᠨ ᠳᠤ ᠣᠴᠣᠶᠢᠵᠣ | ᠰᠠᠭᠤᠭᠠᠳ᠂ ᠬᠡᠣᠬᠡᠨ ᠬᠠᠷ᠎ᠠ ᠬᠦᠦ ᠶᠢᠨ ᠭᠠᠷ ᠢ ᠠᠳᠬᠤᠨ ᠣᠰᠣᠨ ᠳᠤ ᠳᠦᠷᠦᠪᠡ᠃ ᠬᠠᠷ᠎ᠠ ᠬᠦᠦ ᠶᠢᠨ | ᠬᠤᠷᠣᠭᠤᠨ ᠤ ᠡᠮᠦᠨ᠎ᠡ ᠪᠣᠯᠠᠩᠬᠢᠷᠳᠣᠭᠰᠠᠨ ᠰᠢᠷ᠎ᠠ ᠣᠷᠣᠰᠬᠠᠯ ᠳᠣᠳᠣᠷᠠᠯᠠ᠃ ᠰᠢᠷ᠎ᠠ ᠰᠢᠷᠣᠢ ᠶᠢ ᠵᠠᠶᠢᠯᠠᠵᠣ | ᠪᠠᠷᠠᠮᠠᠭᠴᠠ ᠬᠤᠷᠠᠭᠰᠠᠨ ᠴᠢᠰᠣ ᠮᠥᠨ ᠯᠠ ᠳᠠᠭᠠᠭᠠᠪᠣᠷᠢᠯᠠᠨ ᠢᠯᠡᠷᠡᠵᠦ᠂ ᠣᠰᠣᠨ ᠳᠣᠳᠣᠷ᠎ᠠ ᠣᠯᠠᠭᠠᠨ ᠣᠳᠠᠰᠣ | ᠰᠢᠭ᠋ ᠴᠡᠴᠡᠷᠬᠡᠨᠡᠵᠦ ᠬᠢᠮᠦᠰᠦ ᠨᠢ ᠬᠡᠮᠬᠡᠷᠡᠭᠰᠡᠨ ᠬᠠᠰ ᠰᠢᠭ᠋ ᠬᠠᠷᠠᠭᠳᠠᠨ᠎ᠠ᠃ | ︽ᠡᠪᠡᠳᠴᠦ ᠪᠠᠶᠢᠨ᠎ᠠ ᠤᠤ︖︾ | ᠬᠠᠷ᠎ᠠ ᠬᠦᠦ ᠬᠠᠷᠢᠭᠤᠯᠣᠭᠰᠠᠨ ᠦᠭᠡᠢ᠂ ᠨᠢᠳᠦ ᠨᠢ ᠪᠠᠰᠠ ᠯᠠ ᠣᠰᠣᠨ ᠤ ᠢᠷᠣᠭᠠᠷ ᠲᠠᠬᠢ ᠰᠡᠮ ᠬᠤᠷᠣᠬᠠᠢ | ᠳᠡᠬᠡᠷ᠎ᠡ ᠳᠣᠭᠳᠠᠪᠠ᠂ ᠭᠤᠣᠯ ᠤᠨ ᠰᠡᠮ ᠬᠤᠷᠣᠬᠠᠢ ᠬᠢᠯᠳᠦᠬᠡᠨᠡᠭᠰᠡᠨ ᠪᠡᠶ᠎ᠡ ᠲᠠᠢ᠂ ᠣᠷᠳᠣ ᠬᠤᠶᠠᠷ ᠰᠠᠬᠠᠯ ᠢᠶᠠᠨ | ᠨᠠᠮᠢᠷᠠᠭᠤᠯᠣᠭᠠᠳ ᠴᠣᠬᠤᠮ ᠭᠤᠶᠣ᠃ ᠬᠡᠣᠬᠡᠨ ᠰᠠᠷᠠᠨᠠᠢ ᠴᠡᠴᠡᠭ ᠬᠠᠳᠬᠤᠮᠠᠯᠯᠠᠭᠰᠠᠨ ᠭᠠᠷ ᠠᠯᠴᠢᠭᠤᠷ ᠢᠶᠠᠨ ᠭᠠᠷᠭᠠᠨ | ᠬᠤᠷᠣᠭᠤ ᠶᠢ ᠨᠢ ᠪᠣᠭᠤᠵᠣ᠂ ᠴᠢᠯᠠᠭᠤᠨ ᠣᠪᠣᠭᠠᠨ ᠤ ᠬᠠᠵᠠᠭᠤᠳᠠ ᠠᠪᠴᠢᠷᠠᠭᠠᠳ᠄ ︽ᠪᠣᠯᠵᠠᠢ᠂ ᠰᠠᠭᠤᠭᠠᠳ | ᠨᠠᠭᠠᠳ︕ ᠴᠢᠮᠠᠢᠢ ᠬᠠᠮᠢᠶᠠᠷᠬᠤ ᠬᠦᠮᠦᠨ ᠦᠭᠡᠢ᠂ ᠬᠡᠷᠡᠭ ᠤᠨ ᠡᠵᠡᠨ ᠮᠢᠨᠢ︕︾ ᠭᠡᠪᠡ᠃ ᠪᠦᠰᠡᠬᠦᠶᠢᠴᠦᠳ | ᠭᠠᠷ ᠲᠠᠬᠢ ᠠᠵᠢᠯ ᠢᠶᠠᠨ ᠵᠣᠭᠰᠣᠵᠣ᠂ ᠴᠢᠬᠢᠭᠳᠦᠭᠰᠡᠨ ᠨᠢᠳᠦ ᠪᠠᠷ ᠨᠠᠭᠠᠰᠢ ᠬᠠᠷᠠᠵᠠᠭᠠᠨ᠂ ᠴᠢᠯᠠᠭᠤᠨ ᠣᠪᠣᠭᠠᠨ ᠤ | ᠬᠠᠵᠠᠭᠤᠳᠠ ᠬᠡᠰᠡᠭ ᠵᠠᠭᠤᠷ᠎ᠠ ᠨᠠᠮ ᠵᠢᠮ ᠪᠣᠯᠪᠠ᠃ ᠬᠤᠨᠢᠨ ᠴᠠᠭᠠᠨ ᠡᠬᠦᠯᠡᠰ ᠬᠦᠨ ᠴᠡᠩᠬᠡᠷ ᠳᠡᠭᠷᠢ ᠪᠠᠷ ᠳᠦᠷᠭᠡᠨ | ᠭᠡᠭᠴᠢ ᠨᠡᠬᠦᠳᠡᠯᠯᠡᠨ᠂ ᠳᠣᠣᠷᠠᠬᠠᠨ ᠢᠶᠠᠨ ᠦᠩᠬᠡᠷᠡᠬᠦ ᠰᠡᠬᠦᠳᠡᠷ ᠨᠢ ᠴᠠᠶᠢᠪᠠᠯᠵᠠᠭᠰᠠᠨ ᠭᠤᠣᠯ ᠤᠨ ᠳᠣᠬᠤᠢ ᠪᠠ | ᠠᠷᠭ᠎ᠠ ᠠᠯᠳᠠᠷᠠᠮᠠ ᠭᠤᠣᠯ ᠤᠨ ᠣᠰᠣᠨ ᠳᠡᠬᠡᠬᠦᠷ ᠵᠢᠷᠪᠢᠬᠡᠨᠡᠨᠡ᠃ ᠪᠦᠰᠡᠬᠦᠶᠢᠴᠦᠳ ᠤᠨ ᠴᠢᠷᠠᠢ ᠶᠠᠭ ᠯᠠ ᠬᠠᠮᠠᠷ | ᠬᠠᠳᠬᠤᠬᠤ ᠡᠪᠡᠰᠦ ᠦᠭᠡᠢ ᠬᠤᠵᠢᠷᠯᠢᠭ ᠭᠠᠵᠠᠷ ᠰᠢᠭ᠋ ᠬᠤᠷᠪᠣᠶᠢᠨ᠂ ᠳᠣᠩ ᠣᠳᠠᠭᠠᠳ ᠰᠠᠶ᠋ᠢ ᠵᠡᠬᠦᠳᠦᠨ ᠠᠴᠠ ᠪᠠᠨ | ᠰᠡᠷᠢᠭᠰᠡᠨ ᠮᠡᠳᠦ ᠴᠢᠯᠠᠭᠤ ᠪᠠᠨ ᠬᠡᠮᠬᠡᠯᠡᠬᠦ ᠠᠵᠢᠯ ᠳᠠᠭᠠᠨ ᠣᠷᠣᠵᠠᠭᠠᠪᠠ᠃ ᠳᠢᠩᠬᠡᠷ ᠳᠠᠩᠭᠠᠷ ᠳᠠᠭᠤᠨ ᠠᠴᠠ ᠳᠡᠳᠡ | ᠨᠠᠷ ᠤᠨ ᠠᠷᠭ᠎ᠠ ᠠᠯᠳᠠᠷᠠᠭᠰᠠᠨ ᠨᠢ ᠢᠯᠡᠳᠳᠡ ᠪᠠᠶᠢᠯ᠎ᠠ᠃ | ᠬᠠᠷ᠎ᠠ ᠬᠦᠦ ᠳᠣᠪ ᠳᠣᠭᠤᠢ ᠰᠠᠭᠤᠵᠣ ᠭᠠᠷ ᠠᠯᠴᠢᠭᠤᠷ ᠳᠡᠬᠡᠷᠡᠬᠢ ᠣᠯᠠᠭᠠᠨ ᠴᠡᠴᠡᠭ ᠢ ᠬᠠᠷᠠᠭ᠎ᠠ ᠰᠠᠯᠭᠠᠯ | ᠦᠭᠡᠢ ᠰᠢᠷᠳᠡᠨ᠎ᠡ᠃ ᠣᠯᠠᠭᠠᠨ ᠴᠡᠴᠡᠭ ᠤᠨ ᠬᠠᠵᠠᠭᠤ ᠪᠠᠷ ᠪᠠᠰᠠ ᠨᠢᠬᠡ ᠴᠡᠴᠡᠭ ᠳᠡᠯᠬᠡᠷᠡᠭᠰᠡᠨ ᠨᠢ ᠬᠢᠮᠣᠰᠣᠨ | ᠵᠠᠪᠰᠠᠷ ᠠᠴᠠ ᠨᠡᠪᠴᠢᠵᠦ ᠭᠠᠷᠣᠭᠰᠠᠨ ᠴᠢᠰᠦ ᠠᠵᠢ᠃ ᠪᠦᠰᠡᠬᠦᠶᠢᠴᠦᠳ ᠣᠳᠠᠯ ᠴᠦ ᠦᠭᠡᠢ ᠪᠠᠷ ᠳᠡᠬᠦᠨ ᠢ | ᠮᠠᠷᠳᠠᠵᠣ ᠣᠷᠬᠢᠭᠠᠳ ︽ ᠬᠢᠳ ᠭᠠᠳ︾ ᠢᠨᠢᠶᠡᠯᠳᠦᠵᠦ ᠭᠠᠷᠪᠠ᠃ ᠬᠠᠷ᠎ᠠ ᠬᠦᠦ ᠰᠢᠷᠬᠠᠳᠠᠢ ᠭᠠᠷ ᠢᠶᠠᠨ ᠠᠮᠠᠨ | ᠳᠠᠭᠠᠨ ᠣᠶᠢᠷᠠᠳᠣᠭᠤᠯᠵᠣ᠂ ᠭᠠᠷ ᠠᠯᠴᠢᠭᠤᠷ ᠤᠨ ᠵᠠᠩᠬᠢᠯᠠᠭ᠎ᠠ ᠶᠢ ᠬᠠᠵᠠᠵᠣ ᠠᠯᠳᠠᠷᠠᠭᠠᠭᠠᠳ᠂ ᠪᠠᠷᠠᠭᠤᠨ ᠭᠠᠷ ᠢᠶᠠᠷ | ᠢᠶᠠᠨ ᠨᠢᠬᠡ ᠠᠳᠬᠤ ᠰᠢᠷᠣᠢ ᠠᠳᠬᠤᠵᠣ ᠰᠢᠷᠬᠠᠳᠠᠢ ᠬᠤᠷᠣᠭᠤᠨ ᠳᠡᠬᠡᠷ᠎ᠡ ᠪᠠᠨ ᠪᠦᠷᠢᠪᠡ᠃ ᠬᠡᠣᠬᠡᠨ ᠠᠮᠠ ᠨᠡᠭᠡᠭᠡᠬᠦ | ᠬᠡᠳᠡᠯ᠎ᠡ ᠬᠠᠷ᠎ᠠ ᠬᠦᠦ ᠰᠢᠳᠦ ᠪᠠ ᠪᠠᠷᠠᠭᠤᠨ ᠭᠠᠷ ᠢᠶᠠᠷ ᠢᠶᠠᠨ ᠭᠠᠷ ᠠᠯᠴᠢᠭᠤᠷ ᠢᠶᠠᠨ ᠳᠠᠬᠢᠨ ᠪᠣᠭᠤᠴᠢᠬᠠᠪᠠ᠃ | ᠬᠡᠣᠬᠡᠨ ᠣᠷᠳᠣ ᠭᠡᠭᠴᠢ ᠠᠮᠢᠰᠬᠤᠭ᠎ᠠ ᠠᠪᠣᠭᠠᠳ ᠠᠯᠤᠬ᠎ᠠ ᠪᠠᠨ ᠡᠷᠬᠦᠨ ᠬᠠᠪᠳᠠᠭᠠᠢ ᠬᠦᠷᠡᠩ ᠴᠢᠯᠠᠭᠤ ᠶᠢ | ᠬᠦᠴᠦᠳᠡᠶᠢᠬᠡᠨ ᠪᠠᠯᠪᠠᠪᠠ᠃ ᠴᠢᠯᠠᠭᠤ ᠰᠦᠷᠡᠬᠡᠢ ᠬᠠᠳᠠᠭᠤ᠂ ᠦᠵᠦᠬᠦᠷ ᠤᠳ ᠨᠢ ᠬᠢᠳᠣᠭᠠᠨ ᠢᠷ ᠰᠢᠭ ᠬᠤᠷᠴᠠ | ᠪᠠᠶᠢᠵᠣ᠂ ᠳᠣᠮᠣ ᠳᠣᠮᠣ ᠣᠴᠢ ᠪᠣᠳᠠᠷᠠᠬᠤ ᠨᠢ ᠬᠡᠬᠡᠨ ᠡᠳᠦᠷ ᠢᠶᠠᠷ ᠳᠣᠳᠣ ᠬᠠᠷᠠᠭᠳᠠᠪᠠ᠃ | ᠦᠳᠡ ᠳᠤ ᠯᠢᠦ ᠳᠡᠳ᠋ ᠡᠷᠬᠢᠯᠡᠭᠴᠢ ᠲᠠᠰ ᠬᠠᠷ᠎ᠠ ᠳᠣᠭᠤᠢ ᠳᠡᠷᠭᠡ ᠣᠨᠣᠵᠣ᠂ ᠬᠠᠷ᠎ᠠ ᠬᠦᠦ ᠪᠠ ᠪᠢᠴᠢᠬᠠᠨ | ᠴᠢᠯᠠᠭᠤᠨ ᠲᠠᠷᠬᠠᠨ ᠤ ᠳᠣᠰᠬᠤᠨ ᠠᠴᠠ ᠬᠦᠷᠴᠦ ᠢᠷᠡᠪᠡ᠃ ᠳᠡᠷᠡ ᠬᠠᠭᠠᠯᠳᠠ ᠳᠡᠬᠡᠷ᠎ᠡ ᠵᠣᠭᠰᠣᠨ ᠠᠮᠠᠷᠠᠬᠤ ᠱᠦᠭᠯᠦ | ᠦᠯᠢᠶᠡᠭᠡᠳ᠂ ᠳᠣᠭᠤᠭᠠᠨ ᠭᠡᠷ ᠤᠨ ᠬᠤᠭᠤᠯᠠ ᠪᠣᠯᠣᠭᠰᠠᠨ᠂ ᠭᠡᠷ ᠠᠴᠠ ᠪᠠᠨ ᠳᠠᠪᠣᠨ ᠭᠠᠵᠠᠷ ᠵᠠᠶᠢᠳᠠᠢ ᠡᠷᠦᠬᠡ | ᠶᠢᠨ ᠠᠵᠢᠯᠴᠢᠨ ᠰᠠᠶ᠋ᠢ ᠬᠤᠭᠤᠯᠠ ᠢᠳᠡᠬᠦ ᠬᠢᠷᠢ ᠬᠡᠮ ᠲᠠᠢ ᠭᠡᠵᠤ ᠳᠣᠩᠬᠠᠭᠯᠠᠪᠠ᠃ ᠬᠦᠮᠦᠰ ᠰᠠᠩᠳᠠ ᠮᠡᠩᠳᠡ | ᠪᠠᠭᠠᠵᠢ ᠪᠠᠨ ᠬᠤᠷᠢᠶᠠᠵᠣ᠂ ᠬᠡᠣᠬᠡᠨ ᠴᠦ᠂ ᠬᠠᠷ᠎ᠠ ᠬᠦᠦ ᠴᠦ ᠪᠣᠰᠴᠣ ᠵᠣᠭᠰᠣᠯ᠎ᠠ᠃ | ︽ᠬᠠᠷ᠎ᠠ ᠬᠦᠦ ᠡ᠂ ᠭᠡᠷ ᠴᠢᠨᠢ ᠬᠡᠳᠦᠢ ᠭᠠᠵᠠᠷ ᠪᠠᠶᠢᠨ᠎ᠠ︖︾ | ᠬᠠᠷ᠎ᠠ ᠬᠦᠦ ᠬᠡᠣᠬᠡᠨ ᠢ ᠣᠶᠢᠰᠢᠶᠠᠭᠰᠠᠨ ᠦᠭᠡᠢ᠂ ᠶᠠᠭᠤ ᠨᠢᠬᠡ ᠶᠢ ᠡᠷᠢᠵᠦ ᠪᠠᠶᠢᠬᠤ ᠰᠢᠭ᠋ ᠪᠠᠶᠢᠪᠠ᠃ | ᠬᠡᠣᠬᠡᠨ ᠬᠠᠷ᠎ᠠ ᠬᠦᠦ ᠶᠢ ᠳᠠᠭᠠᠵᠣ ᠳᠣᠯᠣᠭᠠᠢ ᠪᠠᠨ ᠨᠠᠭᠠᠰᠢ ᠴᠠᠭᠠᠰᠢ ᠬᠦᠳᠡᠯᠬᠡᠨ ᠠᠭᠰᠠᠭᠠᠷ ᠬᠠᠷ᠎ᠠ ᠬᠦᠦ ᠡᠶᠢᠰᠢ | ᠳᠡᠶᠢᠰᠢ ᠬᠦᠳᠡᠯᠬᠦ ᠪᠠᠨ ᠵᠣᠭᠰᠣᠮᠠᠭᠴᠠ ᠳᠡᠷᠡ ᠪᠠᠰᠠ ᠵᠣᠭᠰᠣᠵᠣ᠂ ᠣᠷᠣᠭᠰᠢ ᠬᠠᠷᠠᠬᠤ ᠳᠠᠭᠠᠨ ᠪᠢᠴᠢᠬᠠᠨ | ᠴᠢᠯᠠᠭᠤᠨ ᠲᠠᠷᠬᠠᠨ ᠤ ᠴᠤᠭ ᠪᠠᠳᠠᠷᠠᠩᠭᠤᠢ ᠬᠠᠷᠠᠴᠠ ᠲᠠᠢ ᠬᠠᠷᠠᠭ᠎ᠠ ᠮᠦᠷᠬᠦᠯᠳᠦᠵᠦ ᠬᠤᠶᠠᠭᠤᠯᠠ ᠠᠷᠪᠠᠭᠠᠳ | ᠰᠧᠺᠦ᠋ᠨ᠋ᠳ᠋ ᠰᠢᠷᠳᠡᠯᠴᠡᠪᠡ᠃ ᠪᠢᠴᠢᠬᠠᠨ ᠴᠢᠯᠠᠭᠤᠨ ᠲᠠᠷᠬᠠᠨ᠄ ︽ᠬᠠᠷ᠎ᠠ ᠬᠦᠦ ᠡ᠂ ᠬᠠᠷᠢᠵᠣ ᠬᠤᠭᠤᠯᠠ ᠪᠠᠨ | ᠢᠳᠡᠶ᠎ᠡ᠂ ᠴᠢ ᠬᠦᠯᠢᠪᠡᠯᠵᠡᠬᠦ ᠬᠡᠷᠡᠭ ᠦᠭᠡᠢ᠂ ᠪᠢᠳᠡ ᠬᠤᠶᠠᠷ ᠤᠨ ᠭᠡᠷ ᠬᠤᠶᠠᠷ ᠭᠠᠵᠠᠷ ᠬᠦᠷᠬᠦ ᠦᠭᠡᠢ᠂ | ᠬᠤᠭᠤᠯᠠᠨ ᠭᠡᠷ ᠤᠨ ᠬᠤᠭᠤᠯᠠ ᠶᠢ ᠵᠣᠭᠤᠭᠯᠠᠬᠤ ᠪᠣᠶᠠᠨ ᠦᠭᠡᠢ︕︾ ᠭᠡᠪᠡ᠃ | ︽ᠲᠠ ᠬᠤᠶᠠᠷ ᠨᠢᠬᠡ ᠳᠣᠰᠬᠤᠨ ᠤ ᠤᠤ︖︾ ᠭᠡᠵᠤ ᠬᠡᠣᠬᠡᠨ ᠪᠢᠴᠢᠬᠠᠨ ᠴᠢᠯᠠᠭᠤᠨ ᠲᠠᠷᠬᠠᠨ ᠠᠴᠠ | ᠠᠰᠠᠭᠤᠪᠠ᠃ | ᠪᠢᠴᠢᠬᠠᠨ ᠴᠢᠯᠠᠭᠤᠨ ᠲᠠᠷᠬᠠᠨ ᠳᠣᠭᠳᠣᠯᠵᠠᠬᠤ ᠳᠠᠭᠠᠨ ᠬᠡᠯᠡᠬᠡᠶᠢᠯᠡᠵᠤ᠂ ᠳᠣᠰᠬᠤᠨ ᠢᠶᠠᠨ ᠵᠢᠭᠠᠨ ᠪᠢᠳᠡ | ᠬᠤᠶᠠᠷ ᠳᠡᠨᠳᠡᠬᠢ᠂ ᠬᠦᠬᠦᠷᠬᠡ ᠦᠩᠬᠡᠷᠡᠪᠡᠯ ᠭᠡᠷ ᠲᠡᠭᠡᠨ ᠬᠦᠷᠴᠢᠬᠡᠨ᠎ᠡ ᠭᠡᠯᠡ᠃ ᠬᠡᠣᠬᠡᠨ ᠴᠢᠯᠠᠭᠤᠨ ᠲᠠᠷᠬᠠᠨ | ᠬᠤᠶᠠᠷ ᠡᠩ ᠤᠨ ᠠᠳᠠᠯ᠎ᠠ ᠪᠠᠨ ᠬᠠᠯᠠᠭᠤᠮᠰᠤᠭ ᠢᠶᠠᠷ ᠬᠡᠰᠡᠭ ᠵᠣᠭᠤᠭᠳᠠᠯᠠ᠃ ᠴᠢᠯᠠᠭᠤᠨ ᠲᠠᠷᠬᠠᠨ ᠬᠡᠣᠬᠡᠨ ᠢ | ᠡᠮᠦᠨ᠎ᠡ ᠳᠣᠰᠬᠤᠨ ᠤ ᠬᠢ᠂ ᠬᠤᠭᠤᠯᠠᠨ ᠭᠡᠷ ᠤᠨ ᠬᠤᠭᠤᠯᠠ ᠶᠢ ᠢᠳᠡᠵᠦ᠂ ᠬᠦᠬᠦᠷᠬᠡᠨ ᠭᠤᠯᠳᠣᠩ ᠳᠤ ᠬᠤᠨᠣᠬᠤ | ᠶᠤᠮ ᠪᠠᠶᠢᠨ᠎ᠠ ᠭᠡᠵᠤ ᠮᠡᠳᠡᠪᠡ᠃ ᠬᠤᠭᠤᠯᠠᠨ ᠭᠡᠷ ᠤᠨ ᠬᠤᠭᠤᠯᠠ ᠶᠢ ᠢᠳᠡᠬᠦ ᠳᠤ ᠪᠣᠯᠣᠨ᠎ᠠ᠂ ᠬᠦᠬᠦᠷᠬᠡᠨ | ᠭᠤᠯᠳᠣᠩ ᠳᠤ ᠬᠤᠨᠣᠬᠤ ᠳᠣᠷ᠎ᠠ ᠦᠭᠡᠢ᠂ ᠨᠠᠮᠣᠷ ᠤᠨ ᠰᠠᠯᠬᠢᠨ ᠦᠯᠢᠶᠡᠭᠡᠳ ᠳᠡᠩᠳᠡᠬᠦᠦ ᠵᠢᠩᠳᠡᠬᠦᠨ ᠭᠡᠵᠤ | ᠬᠡᠣᠬᠡᠨ ᠶᠠᠷᠢᠵᠠᠢ᠃ ᠬᠡᠣᠬᠡᠨ ᠪᠠᠰᠠ ᠪᠢᠴᠢᠬᠠᠨ ᠴᠢᠯᠠᠭᠤᠨ ᠲᠠᠷᠬᠠᠨ ᠠᠴᠠ ᠬᠠᠷ᠎ᠠ ᠬᠦᠦ ᠶᠢ ᠶᠠᠪᠠ ᠤᠤ ᠭᠡᠵᠤ | ᠰᠡᠮᠬᠡᠨ ᠠᠰᠠᠭᠤᠪᠠ᠃ ᠪᠢᠰᠢ ᠡ᠂ ᠡᠨᠡ ᠬᠡᠣᠬᠡᠳ ᠬᠡᠷᠡᠭ ᠰᠡᠷᠬᠦᠯᠡᠩ᠂ ᠳᠦᠷᠪᠡ ᠳᠠᠪᠣᠳᠠᠢ ᠳᠠᠭᠠᠨ ᠦᠬᠡ ᠶᠠᠷᠢᠬᠤ | ᠨᠢ ᠬᠤᠯᠣᠰᠣᠨ ᠲᠦᠩᠰᠡᠨ ᠳᠤ ᠪᠣᠷᠴᠠᠭ ᠰᠢᠯᠬᠡᠬᠡᠬᠦ ᠰᠢᠭ ᠪᠠᠶᠢᠭᠰᠠᠨ᠂ ᠬᠡᠪᠡᠴᠦ ᠰᠡᠬᠦᠯᠳᠡᠵᠦ ᠢᠷᠡᠭᠡᠳ ᠦᠭᠡ | ᠬᠠᠮᠠᠷ ᠨᠢ ᠴᠦᠬᠡᠷᠡᠵᠦ᠂ ᠳᠣᠷᠣᠰᠬᠢᠪᠡᠯ ᠵᠢᠵᠢᠭ ᠴᠢᠯᠠᠭᠤᠨ ᠱᠣᠭᠤᠮᠠᠯ ᠰᠢᠭ᠋ ᠬᠦᠯᠢᠷᠡᠬᠦ ᠪᠣᠯᠣᠭᠰᠠᠨ᠃ ᠶᠠᠭᠤ | ᠪᠣᠳᠣᠳᠠᠭ ᠢ ᠨᠢ ᠬᠡᠨ ᠮᠡᠳᠡᠬᠦᠪ᠃ ᠨᠢᠳᠦ ᠶᠢ ᠨᠢ ᠬᠠᠷᠠᠯ ᠳ᠋ᠠ᠂ ᠮᠡᠯ ᠬᠠᠷ᠎ᠠ᠂ ᠬᠠᠷᠠᠭᠠᠳ ᠪᠠᠶᠢᠮᠠᠷ ᠭᠡᠵᠤ ᠴᠢᠯᠠᠭᠤᠨ | ᠲᠠᠷᠬᠠᠨ ᠬᠡᠯᠡᠪᠡ᠃ ᠡᠨᠡ ᠬᠦᠦ ᠶᠢᠨ ᠰᠡᠷᠬᠦᠯᠡᠩ ᠴᠣᠪᠣᠭᠤ ᠬᠡᠳᠡᠭ ᠨᠢ ᠮᠡᠳᠡᠭᠳᠡᠵᠦ ᠪᠠᠶᠢᠨ᠎ᠠ᠂ ᠪᠢ ᠬᠦᠦ ᠶᠢ | ᠳᠡᠬᠦᠦ ᠪᠠᠨ ᠰᠢᠭ ᠰᠠᠨᠠᠬᠤ ᠶᠤᠮ ᠭᠡᠵᠤ ᠬᠡᠣᠬᠡᠨ ᠦᠴᠢᠪᠡ᠃ ᠰᠡᠳᠬᠢᠯ ᠴᠢᠨᠢ ᠴᠠᠶᠢᠯᠭᠠᠨ ᠪᠣᠯᠬᠤᠷ ᠳᠡᠬᠡᠬᠡ ᠭᠡᠵᠤ | ᠴᠢᠯᠠᠭᠤᠨ ᠲᠠᠷᠬᠠᠨ ᠬᠡᠯᠡᠵᠡᠢ᠃ | ᠪᠢᠴᠢᠬᠠᠨ ᠴᠢᠯᠠᠭᠤᠨ ᠲᠠᠷᠬᠠᠨ᠂ ᠬᠡᠣᠬᠡᠨ᠂ ᠬᠠᠷ᠎ᠠ ᠬᠦᠦ ᠭᠤᠷᠪᠠ ᠨᠢᠬᠡ ᠮᠡᠳᠡᠬᠦ ᠳᠤ ᠪᠦᠷ ᠬᠤᠴᠣᠷᠣᠭᠰᠠᠨ | ᠪᠠᠶᠢᠪᠠ᠃ ᠵᠠᠯᠠᠭᠤ ᠬᠡᠣᠬᠡᠨ ᠬᠤᠶᠠᠷ ᠰᠦᠷᠡᠬᠡᠢ ᠬᠠᠯᠠᠭᠤᠮᠰᠤᠭ ᠶᠠᠷᠢᠯᠴᠠᠵᠣ᠂ ᠬᠤᠴᠣᠷᠣᠶᠠ ᠬᠠᠯᠠᠭ ᠭᠡᠵᠤ ᠪᠠᠶᠢᠯ᠎ᠠ᠃ | ᠬᠠᠷ᠎ᠠ ᠬᠦᠦ ᠳᠡᠷᠡ ᠬᠤᠶᠠᠷ ᠤᠨ ᠠᠷᠣ ᠠᠴᠠ ᠳᠠᠭᠠᠵᠣ᠂ ᠬᠦᠯ ᠨᠢᠬᠡ ᠶᠡᠭᠡ ᠡᠷᠬᠦᠪᠡᠴᠦ ᠠᠯᠬᠤᠮ ᠢᠶᠠᠨ ᠪᠠᠭ᠎ᠠ | ᠳᠠᠯᠪᠢᠵᠣ᠂ ᠬᠡᠷᠡᠮ ᠤᠨ ᠣᠷᠣᠢ ᠪᠠᠷ ᠮᠠᠷᠢᠶᠠᠵᠣ ᠶᠠᠪᠣᠭ᠎ᠠ ᠵᠣᠯᠵᠠᠭᠠᠨ ᠮᠣᠣᠷ ᠰᠢᠭ᠋ ᠵᠣᠯᠪᠣᠭᠠᠳᠠᠢ ᠶᠠᠪᠣᠵᠣ ᠪᠠᠶᠢᠪᠠ᠃ | ᠶᠢᠰᠦᠨ ᠭᠤᠯᠳᠣᠩᠳᠣ ᠬᠦᠬᠦᠷᠬᠡᠨ ᠳᠡᠬᠡᠷ᠎ᠡ ᠰᠠᠶ᠋ᠢᠬᠠᠨ ᠪᠣᠷᠣ ᠰᠠᠴᠣᠭᠳᠣ ᠬᠤᠩᠭᠤᠷᠴᠣᠭᠳᠣ ᠮᠣᠳᠣᠨ ᠣᠢ ᠳᠤ ᠴᠠᠭ | ᠢᠶᠠᠨ ᠰᠠᠭᠠᠳᠣᠭᠠᠭᠰᠠᠨ ᠯᠢᠦ ᠨᠠᠷᠠᠨ ᠳᠣᠭᠤᠢ ᠪᠠᠨ ᠵᠠᠷᠵᠠᠭᠠᠨᠠᠭᠤᠯᠣᠨ ᠬᠦᠢᠴᠡᠵᠦ ᠢᠷᠡᠭᠡᠳ ᠬᠦᠬᠦᠷᠬᠡ ᠨᠠᠷᠢᠬᠠᠨ | ᠪᠣᠯᠬᠤᠷ ᠠᠷᠭ᠎ᠠ ᠦᠭᠡᠢ ᠳᠣᠭᠤᠢ ᠠᠴᠠ ᠪᠠᠨ ᠪᠠᠭᠤᠪᠠ᠃ | ︽ᠲᠠᠨᠣᠰ ᠪᠠᠰᠠ ᠠᠳᠡ ᠭᠤᠶᠢᠭᠤᠷᠠᠵᠣ ᠪᠠᠶᠢᠨ᠎ᠠ ᠤᠤ︖ ᠰᠠᠮᠵᠠᠨ ᠳᠣᠷᠣᠰᠬᠠ ᠦᠳᠡ ᠶᠢᠨ ᠡᠮᠦᠨ᠎ᠡ ᠶᠠᠮᠠᠷ | ᠰᠢᠦ ᠬᠢᠪᠡ ᠳ᠋ᠠ︖ ᠦ᠂ ᠰᠠᠪᠠᠷ ᠴᠢᠨᠢ ᠶᠠᠭᠠᠬᠢᠴᠢᠬᠠᠪᠠ︖︾ | ︽ᠳᠡᠷᠡ ᠠᠯᠤᠬ᠎ᠠ ᠪᠠᠷ ᠭᠠᠷ ᠢᠶᠠᠨ ᠴᠣᠬᠢᠴᠢᠬᠠᠵᠠᠢ︕︾ | ︽ᠡᠬᠡ ᠶᠢᠨ ᠬᠢᠨᠢ︕ ᠪᠢᠴᠢᠬᠠᠨ ᠴᠢᠯᠠᠭᠤᠨ ᠲᠠᠷᠬᠠᠨ ᠡ᠂ ᠴᠢ ᠦᠳᠡ ᠳᠤ ᠪᠠᠷᠢᠭᠠᠳᠠ ᠶᠢᠨ ᠲᠠᠷᠤᠭ᠎ᠠ | ᠳᠠᠭᠠᠨ ᠡᠷᠳᠡᠬᠡᠨ ᠬᠦᠮᠦᠨ ᠰᠣᠯᠢ ᠬᠡ᠂ ᠠᠮᠢᠨ ᠬᠡᠷᠡᠭ ᠭᠠᠷᠪᠠᠯ ᠪᠢ ᠯᠠ ᠳᠣᠯᠣᠭᠠᠢ ᠳᠠᠭᠠᠭᠠᠵᠣ ᠴᠢᠳᠠᠬᠤ ᠦᠭᠡᠢ | ᠳ᠋ᠠ︕︾ | ︽ᠳᠡᠷᠡ ᠠᠯᠪᠠᠨ ᠠᠵᠢᠯ ᠢᠶᠠᠷ ᠰᠢᠷᠬ᠎ᠠ ᠣᠯᠣᠭᠰᠠᠨ ᠰᠢᠦ᠂ ᠲᠠ ᠳᠡᠬᠦᠨ ᠢ ᠬᠦᠬᠡᠬᠡᠵᠦ ᠳᠦᠪᠳᠡᠨᠡ ᠤᠤ︖︾ | ᠭᠡᠵᠤ ᠬᠡᠣᠬᠡᠨ ᠳᠡᠬᠡᠷ᠎ᠡ ᠳᠠᠭᠤ ᠪᠠᠷ ᠬᠡᠯᠡᠪᠡ᠃ | ︽ᠯᠢᠦ ᠡᠷᠬᠢᠯᠡᠭᠴᠢ ᠡ᠂ ᠪᠢᠳᠡ ᠬᠤᠶᠠᠷ ᠣᠳᠠᠭᠠᠨ ᠵᠢᠯ ᠶᠠᠪᠣᠯᠴᠠᠵᠣ ᠪᠠᠶᠢᠨ᠎ᠠ᠂ ᠡᠶᠢᠮᠣ ᠳᠣᠮᠣ ᠠᠵᠢᠯ ᠤᠨ | ᠭᠠᠵᠠᠷ ᠲᠤ ᠡᠶᠢᠮᠣ ᠨᠢᠬᠡ ᠬᠡᠣᠬᠡᠳ ᠢᠯᠡᠬᠦᠳᠡᠨᠡ ᠭᠡᠵᠢ ᠤᠤ︖ ᠲᠠ ᠬᠡᠯᠡᠯ ᠳ᠋ᠡ᠂ ᠭᠠᠷ ᠢ ᠨᠢ | ᠳᠠᠭᠢᠢᠯᠠᠭᠠᠴᠢᠬᠠᠭᠠᠳ ᠪᠠᠷᠢᠭᠠᠳᠠ ᠳᠤᠨᠢ ᠣᠴᠢᠭᠤᠯᠵᠣ ᠶᠠᠭᠤ ᠬᠢᠯᠬᠡᠬᠦ ᠭᠡᠵᠢ︖︾ ᠭᠡᠵᠤ ᠪᠢᠴᠢᠬᠠᠨ ᠴᠢᠯᠠᠭᠤᠨ | ᠲᠠᠷᠬᠠᠨ ᠦᠬᠦᠯᠡᠪᠡ᠃ | ︽ᠮᠠᠭᠤ ᠰᠠᠮᠵᠠᠨ ᠳᠣᠷᠣᠰᠬᠠ᠂ ᠡᠬᠡ ᠶᠢᠨ ᠴᠢᠨᠢ︕︾ ᠭᠡᠵᠤ ᠯᠢᠦ ᠨᠠᠷᠠᠨ ᠳᠦᠳᠡᠬᠡᠯᠵᠡᠰᠬᠢᠬᠡᠳ᠄ ︽ | ᠴᠢᠮ᠎ᠠ ᠮᠠᠭᠤ ᠳᠤ ᠨᠢᠬᠡ ᠠᠵᠢᠯ ᠰᠣᠯᠢᠵᠣ ᠦᠭᠬᠦᠶ᠎ᠡ᠂ ᠲᠡᠮᠦᠷᠴᠢᠨ ᠳᠤ ᠬᠦᠬᠡᠷᠬᠡ ᠳᠠᠳᠠᠵᠣ ᠦᠭᠴᠦ ᠴᠢᠳᠠᠬᠤ ᠤᠤ︖ | ︾ ᠬᠡᠪᠡ ᠃ | ᠬᠠᠷ᠎ᠠ ᠬᠦᠦ ᠳᠣᠰᠠᠯᠠᠮᠵᠢ ᠬᠦᠰᠡᠭᠰᠡᠨ ᠬᠠᠷᠠᠴᠠ ᠪᠠᠷ ᠪᠢᠴᠢᠬᠠᠨ ᠴᠢᠯᠠᠭᠤᠨ ᠲᠠᠷᠬᠠᠨ᠂ ᠬᠡᠣᠬᠡᠨ ᠬᠤᠶᠠᠷ ᠢ | ᠡᠬᠡᠯᠵᠢᠯᠡᠨ ᠬᠠᠷᠠᠪᠠ᠃ | ︽ᠴᠢᠳᠠᠨ᠎ᠠ᠂ ᠳᠡᠶᠢᠮᠣ ᠪᠢᠵᠡ᠂ ᠬᠠᠷ᠎ᠠ ᠬᠦᠦ︖︾ ᠭᠡᠵᠤ ᠪᠢᠴᠢᠬᠠᠨ ᠴᠢᠯᠠᠭᠤᠨ ᠲᠠᠷᠬᠠᠨ ᠬᠡᠯᠡᠪᠡ᠃ | ᠬᠡᠣᠬᠡᠨ ᠴᠦ ᠣᠷᠮ᠎ᠠ ᠱᠠᠩᠨᠠᠵᠣ ᠳᠣᠯᠣᠭᠠᠢ ᠳᠣᠬᠢᠯ᠎ᠠ᠃ | ᠬᠤᠶᠠᠷ | ᠬᠠᠷ᠎ᠠ ᠬᠦᠦ ᠲᠡᠮᠦᠷᠴᠢᠨ ᠳᠤ ᠬᠦᠬᠡᠷᠬᠡ ᠳᠠᠳᠠᠭᠰᠠᠨ ᠤ ᠳᠠᠪᠣᠳᠣᠭᠠᠷ ᠡᠳᠦᠷ᠂ ᠨᠢᠴᠦᠬᠦᠨ ᠪᠡᠶ᠎ᠡ ᠨᠢ ᠣᠬᠢ | ᠴᠢᠨᠠᠷ ᠤᠨ ᠨᠡᠬᠦᠷᠡᠰᠦ ᠰᠢᠭ ᠬᠦᠯᠳᠦᠬᠡᠨᠡᠨ ᠬᠠᠷᠠᠯᠠᠵᠣ᠂ ᠨᠢᠳᠦᠨ ᠤ ᠬᠢᠨᠢ ᠴᠠᠭᠠᠨ ᠪᠠ ᠰᠢᠳᠦᠨ ᠠᠴᠠ ᠨᠢ ᠦᠬᠡᠷ᠎ᠡ | ᠴᠠᠭᠠᠨ ᠶᠠᠭᠤᠮ᠎ᠠ ᠠᠯᠠᠭ᠎ᠠ ᠪᠣᠯᠪᠠ᠃ ᠢᠩᠬᠢᠭᠰᠡᠨ ᠴᠢᠨᠢ ᠨᠢᠳᠦ ᠨᠢ ᠪᠦᠷ ᠴᠦ ᠬᠦᠮᠦᠨ ᠤ ᠬᠠᠶᠢᠷ᠎ᠠ ᠶᠢ ᠳᠠᠳᠠᠵᠣ᠂ | ᠣᠷᠣᠭᠤᠯ ᠢᠶᠠᠨ ᠬᠠᠮᠬᠢᠨ ᠪᠣᠰᠣᠳ ᠢ ᠬᠠᠷᠠᠬᠤ ᠳᠤᠨᠢ ᠬᠡᠨ ᠢ ᠬᠠᠷᠠᠪᠠᠯ ᠬᠡᠨ ᠤ ᠳᠣᠳᠣᠷ᠎ᠠ ᠢᠯᠡᠣᠷ ᠢᠶᠠᠷ ᠢᠯᠢᠵᠣ | ᠪᠠᠶᠢᠬᠤ ᠰᠢᠭ᠋ ᠵᠣᠪᠠᠭᠤᠷᠢᠯᠠᠵᠣ ᠪᠠᠶᠢᠪᠠ᠃ ᠬᠠᠷ᠎ᠠ ᠬᠦᠦ ᠶᠢᠨ ᠬᠠᠮᠠᠷ ᠤᠨ ᠬᠤᠶᠠᠷ ᠬᠠᠵᠠᠭᠤ ᠪᠠᠷ ᠨᠡᠬᠦᠷᠡᠰᠦᠨ | ᠬᠤᠮᠠᠬᠢ ᠰᠠᠭᠤᠵᠣ᠂ ᠦᠰᠦ ᠨᠢ ᠬᠠᠭᠠᠰ ᠢᠮᠠᠬᠤ ᠣᠷᠭᠤᠵᠠᠢ᠃ ᠪᠠᠷᠢᠯᠭ᠎ᠠ ᠶᠢᠨ ᠭᠠᠵᠠᠷ ᠤᠨ ᠬᠢᠨ ᠪᠦᠷ ᠳᠡᠬᠦᠨ ᠢ | ︽ᠬᠠᠷ᠎ᠠ ᠬᠦᠦ︾ ᠭᠡᠵᠤ ᠳᠠᠭᠤᠳᠠᠨ᠎ᠠ᠂ ᠳᠡᠷᠡ ᠬᠡᠨ ᠢ ᠴᠦ ᠣᠶᠢᠰᠢᠶᠠᠬᠤ ᠦᠭᠡᠢ᠂ ᠶᠠᠳᠠᠵᠣ ᠨᠠᠷᠢᠨ ᠠᠵᠢᠭᠯᠠᠬᠤ | ᠴᠦ ᠦᠭᠡᠢ᠂ ᠵᠦᠪᠬᠡᠨ ᠵᠢᠦᠢ ᠽᠢ ᠬᠡᠣᠬᠡᠨ ᠪᠠ ᠪᠢᠴᠢᠬᠠᠨ ᠴᠢᠯᠠᠭᠤᠨ ᠲᠠᠷᠬᠠᠨ ᠦᠭᠡ ᠳᠣᠣᠭᠠᠷᠬᠤ ᠪᠠᠷ ᠬᠠᠷᠠᠴᠠ | ᠪᠠᠷ ᠢᠶᠠᠨ ᠬᠠᠷᠢᠭᠤ ᠦᠭᠬᠦᠨ᠎ᠡ᠃ ᠦᠴᠦᠬᠡᠳᠦᠷ ᠦᠳᠡ ᠳᠤ᠂ ᠪᠠᠷᠢᠯᠭ᠎ᠠ ᠶᠢᠨ ᠭᠠᠵᠠᠷ ᠤᠨ ᠬᠢᠨ ᠪᠦᠷ ᠬᠤᠭᠤᠯᠠᠨ | ᠳᠠᠭᠠᠨ ᠶᠠᠪᠣᠭᠰᠠᠨ ᠤ ᠳᠠᠷᠠᠭ᠎ᠠ ᠳᠡᠮᠦᠷᠴᠢᠨ ᠪᠠᠭᠰᠢ ᠶᠢᠨ ᠵᠢᠵᠢᠭ ᠠᠯᠤᠬ᠎ᠠ ᠪᠠ ᠣᠯᠠᠶᠢᠰᠬᠠᠨ ᠳᠠᠪᠳᠠᠬᠤ ᠳᠤ | ᠬᠡᠷᠡᠭᠯᠳᠡᠭ ᠰᠢᠨ᠎ᠡ ᠣᠰᠣᠨ ᠰᠠᠭᠤᠯᠭ᠎ᠠ ᠶᠢ ᠬᠤᠯᠠᠭᠠᠢ ᠠᠪᠣᠭᠠᠳ ᠶᠠᠪᠣᠴᠢᠬᠠᠪᠠ᠃ ᠯᠢᠦ ᠨᠠᠷᠠᠨ ᠦᠶᠡᠷ ᠤᠨ | ᠬᠠᠰᠢᠯᠭ᠎ᠠ ᠳᠡᠬᠡᠷ᠎ᠡ ᠬᠠᠭᠠᠰ ᠴᠠᠭ ᠬᠠᠷᠢᠶᠠᠯ ᠳᠠᠯᠪᠢᠵᠣ᠂ ᠬᠠᠷ᠎ᠠ ᠬᠦᠦ ᠳᠤ ᠦᠳᠡ ᠶᠢᠨ ᠬᠤᠭᠤᠯᠠᠨ ᠤ ᠦᠶ᠎ᠡ ᠳᠤ | ᠠᠵᠢᠯ ᠤᠨ ᠭᠠᠵᠠᠷ ᠦᠯᠡᠳᠡᠨ ᠪᠠᠭᠠᠵᠢ ᠬᠠᠷᠠᠬᠤ ᠰᠢᠨ᠎ᠡ ᠡᠬᠦᠷᠬᠡ ᠦᠭᠪᠡ᠃ ᠦᠳᠡ ᠶᠢᠨ ᠬᠤᠭᠤᠯᠠ ᠶᠢ ᠴᠢᠨᠢ | ᠳᠡᠮᠦᠷᠴᠢᠨ ᠳᠣᠭᠤᠭᠠᠨ ᠭᠡᠷ ᠠᠴᠠ ᠴᠢᠮ᠎ᠠ ᠳᠤ ᠠᠪᠴᠢᠷᠠᠵᠣ ᠦᠭᠬᠦᠭ᠂ ᠮᠠᠭᠤ ᠬᠦᠯᠦᠬᠡ ᠦᠳᠡ ᠶᠢᠨ ᠬᠤᠭᠤᠯᠠ | ᠬᠤᠨᠵᠢᠭ ᠭᠡᠵᠤ ᠯᠢᠦ ᠳᠡᠳ᠋ ᠡᠷᠬᠢᠯᠡᠭᠴᠢ ᠬᠡᠯᠡᠭᠰᠡᠨ ᠠᠵᠢ᠃ | ᠬᠦᠮᠦᠰ ᠪᠦᠷ ᠶᠠᠪᠣᠵᠣ᠂ ᠨᠢᠬᠡ ᠦᠳᠡ ᠶᠢᠨ ᠡᠮᠦᠨ᠎ᠡ ᠱᠣᠣᠬᠢᠭᠰᠠᠨ ᠪᠠᠷᠢᠯᠭ᠎ᠠ ᠶᠢᠨ ᠭᠠᠵᠠᠷ ᠨᠠᠮ ᠬᠦᠮ | ᠪᠣᠯᠪᠠ᠃ ᠬᠠᠷ᠎ᠠ ᠬᠦᠦ ᠬᠦᠬᠦᠷᠬᠡᠨ ᠤ ᠭᠤᠯᠳᠣᠩ ᠠᠴᠠ ᠭᠠᠷᠴᠣ᠂ ᠬᠠᠭᠠᠯᠳᠠ ᠶᠢᠨ ᠡᠮᠦᠨᠡᠬᠢ ᠡᠯᠡᠰᠦᠨ ᠳᠡᠬᠡᠷ᠎ᠡ | ᠬᠤᠯᠬᠢᠴᠠᠯᠠ᠃ ᠳᠡᠷᠡ ᠨᠢᠷᠣᠭᠤ ᠪᠠᠨ ᠡᠬᠦᠷᠴᠦ᠂ ᠬᠤᠶᠠᠷ ᠭᠠᠷ ᠢᠶᠠᠷ ᠢᠶᠠᠨ ᠪᠦᠭᠰᠡ ᠪᠠᠨ ᠬᠠᠯᠬᠠᠯᠠᠨ᠂ ᠬᠦᠮᠦᠰᠬᠡ | ᠪᠠᠨ ᠵᠠᠩᠬᠢᠳᠬᠤ ᠳᠤ ᠮᠠᠩᠨᠠᠢ ᠳᠡᠬᠡᠷ᠎ᠡ ᠨᠢ ᠬᠦᠨ ᠭᠡᠭᠴᠢ ᠭᠤᠷᠪᠠᠨ ᠠᠳᠣᠷᠢᠶ᠎ᠠ ᠳᠣᠳᠣᠷᠠᠨ᠎ᠠ᠃ ᠳᠡᠷᠡ ᠬᠦᠬᠦᠷᠬᠡᠨ ᠤ | ᠭᠤᠯᠳᠣᠩ ᠢ ᠠᠬᠢᠨ ᠳᠠᠬᠢᠨ ᠳᠣᠭᠠᠯᠠᠭᠰᠠᠭᠠᠷ᠂ ᠠᠮᠠᠨ ᠠᠴᠠ ᠪᠠᠨ ᠵᠢᠵᠢᠭ ᠬᠦᠬᠡᠰᠦ ᠦᠯᠢᠶᠡᠨ ᠭᠠᠷᠭᠠᠵᠣ ᠪᠠᠶᠢᠪᠠ᠃ | ᠬᠦᠬᠦᠷᠬᠡᠨ ᠤ ᠳᠣᠯᠣᠳᠣᠭᠠᠷ ᠳᠣᠯᠭᠠᠭᠤᠷᠢ ᠳᠤ ᠬᠦᠷᠦᠬᠡᠳ ᠳᠡᠷᠡ ᠴᠢᠯᠠᠭᠤᠨ ᠪᠠᠭᠠᠨ᠎ᠠ ᠬᠦᠯ ᠢᠶᠠᠷ ᠢᠶᠠᠨ ᠬᠠᠪᠴᠢᠨ | ᠳᠡᠭᠡᠭᠰᠢ ᠮᠠᠴᠣᠪᠠ᠃ ᠬᠠᠭᠠᠰ ᠲᠤᠨᠢ ᠬᠦᠷᠬᠦ ᠶᠢᠨ ᠠᠯᠳᠠ ᠪᠠᠷ ᠭᠤᠯᠭᠤᠷᠢᠭᠰᠠᠨ ᠢᠶᠠᠷ ᠬᠡᠳᠡᠰᠦ ᠨᠢ ᠦᠷᠬᠦᠯᠵᠢ | ᠳᠡᠭᠡᠨ ᠰᠢᠬᠠᠭᠤ ᠬᠠᠷᠣᠭᠳᠠᠵᠣ ᠴᠢᠰᠦᠨ ᠴᠦᠪᠦᠷᠢᠬᠦᠦ ᠭᠠᠷᠪᠠ᠃ ᠳᠡᠷᠡ ᠪᠦᠬᠦᠶᠢᠵᠦ ᠨᠢᠬᠡ ᠠᠳᠬᠤ ᠰᠢᠷᠣᠢ | ᠠᠪᠴᠣ ᠬᠡᠳᠡᠰᠡᠦᠨ ᠳᠡᠬᠡᠷ᠎ᠡ ᠪᠠᠨ ᠳᠠᠯᠪᠢᠪᠠ ᠃ ᠳᠡᠬᠡᠬᠡᠳ ᠬᠡᠳᠦᠨ ᠠᠯᠬᠤᠮ ᠣᠬᠤᠷᠢᠵᠣ ᠬᠦᠬᠦᠷᠬᠡᠨ ᠤ | ᠳᠣᠯᠭᠠᠭᠤᠷᠢ ᠪᠠ ᠬᠦᠬᠦᠷᠬᠡᠨ ᠤ ᠠᠭᠤᠯᠵᠠᠭᠤᠷ ᠤᠨ ᠴᠢᠯᠠᠭᠤᠨ ᠵᠠᠪᠰᠠᠷ ᠢ ᠰᠠᠷᠠᠪᠴᠢᠯᠠᠨ ᠠᠵᠢᠭᠯᠠᠭᠠᠳ ᠰᠠᠨᠠᠭ᠎ᠠ | ᠠᠮᠠᠷᠠᠯ᠎ᠠ᠃ | ᠳᠦᠳᠡᠬᠡᠨ ᠵᠠᠭᠤᠷ᠎ᠠ ᠳᠤ ᠳᠡᠷᠡ ᠪᠠᠷ ᠪᠦᠰᠡᠬᠦᠶᠢᠴᠦᠳ ᠤᠨ ᠴᠢᠯᠠᠭᠤ ᠬᠡᠮᠬᠡᠯᠡᠳᠡᠭ ᠭᠠᠵᠠᠷ ᠬᠦᠷᠪᠡᠯ ᠰᠠᠭᠤᠵᠣ | ᠦᠩᠬᠡᠷᠡᠭᠰᠡᠨ ᠴᠢᠯᠠᠭᠤ ᠨᠢ ᠠᠯᠠᠭ᠎ᠠ ᠪᠣᠯᠣᠭᠰᠠᠨ ᠪᠣᠯᠪᠠᠴᠣ᠂ ᠵᠢᠦᠢ ᠽᠢ ᠬᠡᠣᠬᠡᠨ ᠤ ᠰᠠᠭᠤᠳᠠᠭ ᠴᠢᠯᠠᠭᠤ ᠶᠢ | ᠳᠣᠣᠷᠠᠬᠠᠨ ᠢᠶᠠᠨ ᠣᠯᠪᠠ᠃ ᠬᠡᠣᠬᠡᠨ ᠤ ᠬᠡᠷᠡᠭᠯᠡᠳᠡᠭ ᠳᠡᠮᠦᠷᠴᠢᠨ ᠤ ᠠᠯᠤᠬ᠎ᠠ ᠶᠢ ᠳᠡᠷᠡ ᠳᠠᠨᠢᠨ᠎ᠠ᠃ ᠳᠡᠷᠡ ᠪᠠᠷ | ᠬᠡᠣᠬᠡᠨ ᠤ ᠰᠠᠭᠤᠳᠠᠯ ᠳᠡᠬᠡᠷ᠎ᠡ ᠰᠠᠭᠤᠭᠠᠳ᠂ ᠪᠡᠶ᠎ᠡ ᠪᠠᠨ ᠵᠠᠶᠢᠮᠣᠴᠠᠭᠤᠯᠣᠨ ᠰᠠᠭᠤᠳᠠᠯ ᠲᠠᠢ ᠪᠠᠨ ᠣᠭᠤᠭᠰᠠᠭᠠᠷ᠂ | ᠳᠣᠯᠣᠳᠣᠭᠠᠷ ᠳᠣᠯᠭᠠᠭᠤᠷᠢ ᠶᠢᠨ ᠴᠢᠯᠠᠭᠤᠨ ᠵᠠᠪᠰᠠᠷ ᠲᠠᠢ ᠰᠢᠯᠣᠭᠤᠨ ᠱᠣᠭᠤᠮ ᠪᠣᠯᠬᠤ ᠳᠤ ᠰᠠᠶ᠋ᠢ ᠯᠠᠪᠳᠠᠭᠤᠬᠠᠨ | ᠰᠠᠭᠤᠵᠣ᠂ ᠴᠢᠯᠠᠭᠤᠨ ᠵᠠᠪᠰᠠᠷ ᠲᠠᠬᠢ ᠳᠡᠷᠡ ᠶᠠᠭᠤᠮ᠎ᠠ ᠶᠢ ᠴᠣᠭᠤ ᠰᠢᠷᠳᠡᠨ ᠪᠠᠶᠢᠯ᠎ᠠ᠃ | ᠳᠡᠷᠡ ᠦᠳᠡ ᠳᠤ ᠬᠠᠷ᠎ᠠ ᠬᠦᠦ ᠡᠷᠳᠡᠬᠡᠨ ᠭᠡᠭᠴᠢ ᠬᠠᠰᠢᠯᠭ᠎ᠠ ᠶᠢᠨ ᠳᠣᠣᠷ᠎ᠠ ᠬᠦᠶᠦᠨ ᠬᠦᠷᠴᠦ᠂ ᠪᠠᠷᠠᠭᠤᠨ | ᠠᠴᠠ ᠨᠢᠬᠡᠳᠦᠬᠡᠷ ᠭᠤᠯᠳᠣᠩ ᠳᠤ ᠣᠴᠣᠶᠢᠨ ᠰᠠᠭᠤᠵᠣ᠂ ᠣᠯᠠᠶᠢᠭᠰᠠᠨ ᠵᠣᠤᠬ᠎ᠠ᠂ ᠲᠡᠮᠦᠷ ᠵᠠᠭᠤᠳᠠᠭ᠂ ᠮᠠᠨᠴᠣ᠂ | ᠠᠯᠤᠬ᠎ᠠ᠂ ᠲᠡᠮᠦᠷ ᠰᠠᠭᠤᠯᠭ᠎ᠠ᠂ ᠨᠡᠬᠦᠷᠡᠰᠦᠨ ᠬᠤᠰᠣᠭᠤᠷ᠂ ᠴᠢᠨᠠᠭᠰᠢᠯᠠᠭᠠᠳ ᠨᠡᠬᠦᠷᠡᠰᠦ᠂ ᠨᠡᠬᠦᠷᠡᠰᠦᠨ ᠰᠢᠭᠠᠷᠣ ᠶᠢ | ᠨᠢᠬᠡᠳ ᠨᠢᠬᠡ ᠰᠢᠷᠪᠢᠨ ᠬᠠᠷᠠᠵᠣ ᠪᠢᠯᠡ᠃ ᠠᠵᠢᠯ ᠳᠤ ᠭᠠᠷᠬᠤ ᠠᠶᠠᠳᠠᠵᠣ ᠪᠠᠶᠢᠯ᠎ᠠ᠃ ᠳᠡᠷᠡ ᠪᠠᠷᠠᠭᠤᠨ ᠭᠠᠷ | ᠲᠠᠭᠠᠨ ᠨᠡᠬᠦᠷᠡᠰᠦᠨ ᠬᠤᠰᠣᠭᠤᠷ ᠪᠠᠷᠢᠵᠣ᠂ ᠭᠠᠯ ᠢ ᠮᠠᠨᠠᠭᠰᠠᠨ ᠣᠯᠠᠶᠢᠰᠣᠭᠰᠠᠨ ᠵᠣᠤᠬ᠎ᠠ ᠶᠢ ᠰᠢᠯᠬᠡᠬᠡᠨ᠂ ᠵᠡᠬᠦᠨ | ᠭᠠᠷ ᠢᠶᠠᠷ ᠢᠶᠠᠨ ᠬᠦᠬᠡᠷᠬᠡ ᠪᠠᠨ ᠬᠦᠴᠦᠳᠡᠢ ᠳᠠᠳᠠᠬᠤ ᠳᠤ ᠣᠳᠤᠭ᠎ᠠ ᠪᠣᠷᠬᠢᠯᠣᠨ ᠦᠨᠡᠰᠦ ᠴᠢᠨᠳᠣᠷᠣᠣ ᠪᠣᠵᠢᠬᠢᠨᠠᠵᠣ᠂ | ᠨᠢᠳᠦᠨ ᠳᠤᠨᠢ ᠣᠷᠣᠪᠠ᠃ ᠳᠡᠷᠡ ᠢᠳᠡ ᠮᠡᠳᠡᠨ ᠨᠣᠬᠤᠯᠠᠪᠠᠯ ᠨᠢᠳᠦ ᠨᠢ ᠣᠯᠠᠶᠢᠵᠣ ᠤᠯᠠᠭᠠᠨ ᠰᠣᠳᠠᠰᠣ ᠳᠠᠳᠠᠯ᠎ᠠ᠃ | ᠬᠦᠬᠡᠷᠬᠡᠨ ᠤ ᠳᠠᠬᠢᠶᠠᠨ ᠦᠳᠦ ᠶᠢ ᠰᠢᠨ᠎ᠡ ᠪᠠᠷ ᠣᠷᠢᠶᠠᠭᠰᠠᠨ ᠪᠣᠯᠬᠤᠷ ᠬᠦᠨᠳᠦ ᠬᠡᠳᠡᠭ ᠨᠢ ᠰᠦᠷᠡᠬᠡᠢ᠂ ᠳᠡᠷᠡ | ᠲᠠᠯ᠎ᠠ ᠭᠠᠷ ᠢᠶᠠᠷ ᠢᠶᠠᠨ ᠳᠠᠳᠠᠬᠤ ᠳᠤ ᠬᠦᠴᠢᠷᠳᠡᠵᠦ ᠪᠠᠶᠢᠪᠠ᠃ ᠵᠡᠬᠦᠨ ᠭᠠᠷ ᠤᠨ ᠳᠣᠯᠢᠶᠠᠪᠣᠷ ᠬᠤᠷᠣᠭᠤ ᠪᠠᠨ | ᠶᠠᠭᠤᠮᠠᠨ ᠳᠤ ᠮᠦᠷᠬᠦᠬᠦᠯᠵᠦ᠂ ᠭᠠᠷ ᠢᠶᠠᠨ ᠬᠠᠷᠠᠬᠤ ᠳᠠᠭᠠᠨ ᠰᠢᠷᠬ᠎ᠠ ᠣᠷᠢᠶᠠᠭᠰᠠᠨ ᠭᠠᠷ ᠠᠯᠴᠢᠭᠤᠷ ᠢ ᠬᠠᠷᠠᠪᠠ᠃ | ᠨᠦᠬᠦᠬᠡ ᠠᠯᠴᠢᠭᠤᠷ ᠴᠠᠭᠠᠨ ᠪᠢᠰᠢ ᠪᠣᠯᠣᠭᠰᠠᠨ ᠴᠦ ᠰᠠᠷᠨᠠᠢ ᠴᠡᠴᠡᠭ ᠨᠢ ᠬᠤᠷᠴᠠ ᠣᠯᠠᠭᠠᠨ ᠢᠶᠠᠷ ᠢᠶᠠᠨ ᠪᠠᠶᠢᠯ᠎ᠠ᠃ | ᠬᠠᠷ᠎ᠠ ᠬᠦᠦ ᠳᠤ ᠨᠢᠬᠡ ᠪᠣᠳᠣᠯ ᠳᠦᠷᠦᠭᠳᠡᠵᠦ᠂ ᠬᠦᠬᠦᠷᠬᠡᠨ ᠤ ᠭᠤᠯᠳᠣᠩ ᠠᠴᠠ ᠭᠠᠷᠣᠨ ᠳᠦᠷᠪᠡᠨ ᠵᠦᠭ ᠲᠤ | ᠠᠵᠢᠭᠯᠠᠪᠠ᠃ ᠳᠡᠷᠡ ᠳᠣᠯᠣᠳᠣᠭᠠᠷ ᠳᠣᠯᠭᠠᠭᠤᠷᠢ ᠶᠢᠨ ᠡᠮᠦᠨ᠎ᠡ ᠭᠠᠷ ᠠᠯᠴᠢᠭᠤᠷ ᠢ ᠠᠯᠳᠠᠷᠭᠠᠨ ᠠᠮᠠᠨ ᠳᠠᠭᠠᠨ | ᠵᠠᠭᠤᠭᠰᠠᠭᠠᠷ ᠵᠦᠳᠡᠬᠦᠷᠢᠳᠡᠶᠢᠬᠡᠨ ᠮᠠᠴᠣᠨ ᠭᠠᠷᠴᠣ᠂ ᠦᠨᠦ ᠠᠯᠴᠢᠭᠤᠷ ᠢ ᠳᠡᠷᠡ ᠬᠦ ᠴᠢᠯᠠᠭᠤᠨ ᠵᠠᠪᠰᠠᠷ ᠬᠢᠭᠰᠡᠨ | ᠰᠠᠨ ᠁ ᠬᠡᠳᠦ ᠰᠡᠳᠬᠡᠵᠦ ᠰᠢᠯᠬᠡᠬᠡᠳᠡᠯᠡ ᠭᠠᠯ ᠨᠣᠴᠣᠴᠢᠬᠠᠪᠠ᠃ ᠬᠠᠷ᠎ᠠ ᠬᠦᠦ ᠶᠢᠨ ᠮᠠᠩᠨᠠᠢ ᠳᠡᠬᠡᠷ᠎ᠡ ᠬᠦᠯᠦᠰᠦ | ᠪᠣᠷᠴᠠᠭᠯᠠᠯᠠ᠃ ᠳᠡᠬᠡᠳᠡᠯᠡ ᠭᠠᠳᠠᠨ᠎ᠠ ᠠᠴᠠ ᠬᠦᠯ ᠤᠨ ᠴᠢᠮᠡᠭᠡ ᠭᠠᠷᠬᠤ ᠪᠠᠷ ᠬᠠᠷ᠎ᠠ ᠬᠦᠦ ᠡᠮᠢᠶᠡᠨ ᠣᠬᠤᠷᠢᠭᠰᠠᠭᠠᠷ | ᠮᠦᠯᠦᠶᠢᠮᠡ ᠬᠦᠢᠳᠡᠨ ᠴᠢᠯᠠᠭᠤᠨ ᠬᠠᠨᠠᠨ ᠳᠤ ᠨᠢᠷᠣᠭᠤ ᠨᠢ ᠳᠣᠯᠪᠠ᠃ ᠣᠬᠤᠷ ᠦᠮᠦᠳᠦ ᠲᠠᠢ ᠵᠠᠯᠠᠭᠤ ᠦᠨᠳᠦᠷ | ᠢᠶᠠᠨ ᠭᠠᠶᠢᠬᠠᠭᠤᠯᠬᠤ ᠬᠡᠰᠡᠨ ᠰᠢᠭ ᠪᠦᠬᠦᠶᠢᠭᠰᠡᠭᠡᠷ ᠣᠷᠣᠵᠣ ᠢᠷᠡᠬᠦ ᠳᠤ᠂ ᠬᠠᠷ᠎ᠠ ᠬᠦᠦ ᠣᠷᠣᠭᠤᠯ ᠢᠶᠠᠨ | ᠦᠮᠦᠯᠵᠡᠬᠦᠯᠪᠡ᠃ ᠣᠬᠤᠷ ᠦᠮᠦᠳᠦ ᠲᠠᠢ ᠵᠠᠯᠠᠭᠤ ᠭᠠᠯ ᠢ ᠨᠢ ᠰᠢᠯᠬᠡᠬᠡᠭᠰᠡᠨ ᠵᠣᠤᠬ᠎ᠠ ᠪᠠ ᠬᠠᠭᠠᠰ ᠳᠠᠳᠠᠵᠣ | ᠭᠠᠷᠭᠠᠭᠰᠠᠨ ᠬᠦᠬᠡᠷᠬᠡᠨ ᠤ ᠪᠠᠷᠢᠭᠤᠯ ᠢ ᠬᠠᠷᠠᠵᠣ᠂ ᠬᠡᠷᠡᠮ ᠨᠠᠭᠠᠯᠳᠣᠭᠰᠠᠨ ᠬᠠᠷ᠎ᠠ ᠬᠦᠦ ᠶᠢ ᠬᠠᠷᠠᠭᠠᠳ᠄ ︽ᠮᠠᠭᠤ | ᠬᠦᠯᠦᠭᠡ︕ ᠴᠢ ᠰᠠᠨᠳᠠᠭᠠᠭᠠᠳ ᠶᠠᠭᠠᠬᠢᠬᠤ ᠶᠤᠮ︖ ᠭᠠᠯ ᠢ ᠰᠢᠯᠬᠡᠬᠡᠳ ᠣᠨᠳᠠᠷᠠᠭᠠᠵᠣ᠂ ᠬᠦᠬᠡᠷᠬᠡ ᠶᠢ ᠴᠦ | ᠮᠣᠷᠣᠢ ᠳᠠᠳᠠᠭᠠᠳ᠂ ᠵᠠᠨᠴᠢᠭᠳᠠᠬᠤ ᠪᠠᠨ ᠡᠷᠢᠭᠰᠡᠨ ᠮᠠᠭᠤ ᠪᠡᠯᠳᠡᠷᠬᠡ︕︾ ᠭᠡᠵᠤ ᠬᠠᠷᠢᠶᠠᠪᠠ᠃ ᠬᠠᠷ᠎ᠠ ᠬᠦᠦ ᠶᠢᠨ | ᠳᠣᠯᠣᠭᠠᠢ ᠳᠡᠬᠡᠬᠦᠷ ᠰᠠᠯᠬᠢ ᠱᠣᠣᠬᠢᠬᠤ ᠰᠢᠭ᠋ ᠪᠣᠯᠵᠣ᠂ ᠳᠠᠷᠰᠠᠭᠠᠷ ᠰᠢᠷᠦᠬᠦᠨ ᠠᠯᠠᠭ᠎ᠠ ᠵᠣᠯᠠᠢ ᠶᠢ ᠨᠢ ᠱᠦᠷᠬᠦᠨ᠂ | ᠵᠠᠯᠭᠠᠭᠠᠳ ᠴᠠᠷᠴᠠᠬᠠᠢ ᠬᠢᠰᠬᠢᠬᠦ ᠰᠢᠭ᠋ ᠴᠢᠷᠠᠭᠤᠨ ᠳᠠᠭᠤ ᠭᠠᠷᠪᠠ᠃ | ︽ᠴᠢᠯᠠᠭᠤ ᠪᠠᠨ ᠬᠡᠮᠬᠡᠴᠡᠬᠦ ᠪᠠᠷ ᠦᠩᠬᠦᠷᠢᠳᠦ︕ ᠮᠠᠭᠤ ᠪᠡᠯᠳᠡᠷᠡᠭᠡ︕︾ ᠭᠡᠵᠤ ᠵᠠᠯᠠᠭᠤ ᠬᠠᠷᠢᠶᠠᠭᠰᠠᠭᠠᠷ | ᠪᠠᠶᠢᠪᠠ᠃ | ᠬᠠᠷ᠎ᠠ ᠬᠦᠦ ᠢᠩᠬᠢᠬᠡᠳ ᠰᠠᠶ᠋ᠢ ᠡᠨᠡ ᠪᠣᠯ ᠵᠠᠯᠠᠭᠤ ᠳᠡᠮᠦᠷᠴᠢᠨ ᠬᠡᠳᠡᠭ ᠢ ᠮᠡᠳᠡᠯ᠎ᠡ᠃ ᠵᠠᠯᠠᠭᠤ ᠲᠡᠮᠦᠷᠴᠢᠨ ᠤ | ᠬᠠᠴᠠᠷ ᠨᠢ ᠰᠡᠪᠬᠡᠯᠢᠭ ᠪᠣᠯᠳᠣᠷᠣᠣ ᠪᠠᠷ ᠳᠦᠬᠦᠷᠴᠦ᠂ ᠬᠠᠮᠠᠷ ᠨᠢ ᠳᠣᠭᠤᠯ ᠤᠨ ᠬᠢ ᠬᠠᠪᠳᠠᠭᠠᠷ ᠪᠦᠬᠡᠳ ᠬᠦᠯᠦᠰᠦ | ᠪᠣᠷᠴᠠᠭᠯᠠᠭᠰᠠᠨ ᠬᠠᠷᠠᠭᠳᠠᠨ᠎ᠠ᠃ ᠳᠡᠷᠡ ᠵᠣᠤᠬ᠎ᠠ ᠶᠢᠨ ᠬᠤᠭᠤᠯᠠᠢ ᠱᠠᠯᠠᠮᠠᠭ ᠰᠠᠶᠢᠬᠠᠨ ᠴᠡᠪᠡᠷᠯᠡᠵᠦ ᠠᠰᠠᠭᠠᠭᠠᠳ᠂ | ᠬᠦᠬᠡᠷᠬᠡ ᠶᠢ ᠬᠦᠩᠬᠡᠬᠡᠨ ᠳᠠᠳᠠᠬᠤ ᠳᠤ ᠪᠣᠭᠤᠳᠠᠢ ᠶᠢᠨ ᠰᠦᠷᠡᠯ ᠬᠦᠪ ᠬᠦᠩᠬᠡᠬᠡᠨ ᠴᠠᠭᠠᠨ ᠣᠳᠤᠭ᠎ᠠ ᠪᠣᠷᠬᠢᠵᠣ | ᠠᠪᠣᠭᠰᠠᠨ ᠢᠶᠠᠨ ᠭᠠᠯ ᠤᠨ ᠰᠣᠷ ᠴᠣᠷᠬᠢᠪᠠ᠃ ᠵᠠᠯᠠᠭᠤ ᠲᠡᠮᠦᠷᠴᠢᠨ ᠨᠣᠶᠢᠳᠠᠨ ᠨᠡᠬᠦᠷᠡᠰᠦ ᠶᠢ ᠬᠤᠰᠣᠭᠤᠷᠳᠠᠵᠣ | ᠳᠦᠷᠡᠯᠵᠡᠨ ᠨᠣᠴᠣᠵᠣ ᠪᠣᠢ ᠪᠣᠭᠤᠳᠠᠢ ᠶᠢᠨ ᠰᠦᠷᠡᠯ ᠳᠡᠬᠡᠬᠦᠷ ᠵᠣᠯᠠᠵᠣ ᠳᠠᠯᠪᠢᠬᠤ ᠶᠢᠨ ᠳᠠᠭᠠᠣ ᠬᠦᠬᠡᠷᠬᠡ ᠪᠠᠨ | ᠵᠣᠭᠰᠣᠯ ᠦᠭᠡᠢ ᠳᠠᠳᠠᠵᠣ ᠪᠠᠶᠢᠪᠠ᠃ ᠨᠡᠬᠦᠷᠡᠰᠦ ᠶᠢ ᠳᠠᠪᠬᠤᠷ ᠳᠠᠪᠬᠤᠷ ᠵᠣᠯᠠᠵᠣ᠂ ᠵᠣᠣᠬᠠᠨ ᠠᠴᠠ ᠡᠬᠡᠬᠦᠨ ᠰᠢᠷ᠎ᠠ | ᠣᠳᠤᠭ᠎ᠠ ᠪᠠᠭᠠᠬᠢᠨ ᠨᠡᠬᠦᠷᠡᠰᠦᠨ ᠣᠳᠤᠭ᠎ᠠ ᠬᠠᠭ᠋ᠠᠭᠠᠮᠠᠷ ᠦᠨᠤᠷᠲᠦᠭᠳᠡᠨᠡ᠃ ᠵᠠᠯᠠᠭᠤ ᠲᠡᠮᠦᠷᠴᠢᠨ ᠬᠤᠰᠣᠭᠤᠷ ᠤᠨ | ᠢᠶᠠᠨ ᠦᠵᠦᠬᠦᠷ ᠢᠶᠠᠷ ᠵᠣᠣᠬᠠᠨ ᠳᠠᠬᠢ ᠨᠡᠬᠦᠷᠡᠰᠦ ᠶᠢ ᠰᠡᠳᠬᠡᠭᠰᠡᠨ ᠳᠤ ᠨᠦᠯ ᠣᠯᠠᠭᠠᠨ ᠭᠠᠯ ᠤᠨ ᠰᠣᠷ ᠲᠦᠷᠪᠡᠨ | ᠨᠡᠬᠦᠷᠡᠰᠦ ᠨᠣᠴᠣᠵᠣ ᠭᠠᠯ ᠬᠦᠭᠵᠢᠪᠡ᠃ ᠬᠠᠷ᠎ᠠ ᠬᠦᠦ ᠪᠠᠶᠠᠷᠯᠠᠬᠤ ᠳᠠᠭᠠᠨ ᠳᠠᠭᠤ ᠠᠯᠳᠠᠪᠠ᠃ | ︽ᠪᠠᠰᠠ ᠦᠩᠬᠦᠷᠢᠳᠦᠬᠦ ᠦᠭᠡᠢ ᠤᠤ᠂ ᠮᠠᠭᠤ ᠪᠡᠯᠳᠡᠷᠬᠡ︕︾ | ᠨᠢᠬᠡ ᠳᠣᠷᠠᠩᠬᠠᠢ ᠦᠨᠳᠦᠷ ᠡᠪᠦᠬᠡᠨ ᠠᠭᠠᠵᠢᠭᠤᠬᠠᠨ ᠣᠷᠣᠵᠣ ᠢᠷᠡᠭᠡᠳ᠂ ᠵᠠᠯᠠᠭᠤ ᠠᠴᠠ᠄ ︽ᠭᠠᠯ ᠢᠶᠠᠨ | ᠮᠠᠨᠠᠭᠰᠠᠨ ᠪᠢᠰᠢ ᠪᠢᠯᠡ ᠤᠤ︖ ᠨᠣᠴᠣᠭᠠᠵᠣ ᠪᠠᠶᠢᠬᠤ ᠴᠢᠨᠢ︖︾ ᠭᠡᠵᠤ ᠠᠰᠠᠭᠤᠪᠠ᠃ ᠳᠡᠬᠦᠨ ᠤ ᠳᠠᠭᠤ ᠨᠢ | ᠳᠣᠣᠷ᠎ᠠ᠂ ᠶᠠᠭ ᠯᠠ ᠴᠡᠬᠡᠵᠢᠨ ᠬᠦᠨᠳᠡᠢ ᠠᠴᠠ ᠨᠢ ᠠᠴᠠ ᠭᠠᠷᠴᠣ ᠪᠠᠶᠢᠭ᠎ᠠ ᠰᠢᠭ᠋ ᠠᠵᠢ᠃ | ︽ᠡᠨᠡ ᠮᠠᠭᠤ ᠪᠡᠯᠳᠡᠷᠭᠡ ᠬᠠᠳᠬᠤᠴᠢᠬᠠᠵᠣ ᠪᠠ ᠳ᠋ᠠ︕︾ ᠭᠡᠵᠤ ᠵᠠᠯᠠᠭᠤ ᠲᠡᠮᠦᠷᠴᠢᠨ ᠨᠡᠬᠦᠷᠡᠰᠦᠨ | ᠬᠤᠰᠣᠭᠤᠷ ᠢᠶᠠᠨ ᠠᠪᠴᠣ ᠬᠠᠷ᠎ᠠ ᠬᠦᠦ ᠶᠢ ᠵᠢᠭᠠᠪᠠ᠃ | ︽ᠳᠡᠬᠦᠨ ᠢᠶᠠᠷ ᠳᠠᠳᠠᠭᠤᠯ︕︾ ᠭᠡᠵᠤ ᠡᠪᠦᠬᠡᠨ ᠬᠡᠯᠡᠪᠡ᠃ ᠳᠡᠷᠡ ᠪᠠᠷ ᠨᠢᠬᠡ ᠬᠡᠰᠡᠭ ᠦᠨᠳᠡᠭᠡᠨ ᠰᠢᠷ᠎ᠠ | ᠦᠩᠬᠡᠳᠡᠢ ᠬᠤᠯᠳᠠᠭᠠᠰᠣ ᠡᠩᠭᠡᠷᠣᠪᠴᠢ ᠪᠦᠰᠡᠯᠡᠵᠦ᠂ ᠬᠤᠶᠠᠷ ᠬᠡᠰᠡᠭ ᠦᠨᠳᠡᠬᠡᠨ ᠰᠢᠷ᠎ᠠ ᠬᠤᠯᠳᠠᠭᠠᠰᠣ ᠪᠠᠷ ᠰᠢᠯᠪᠢ | ᠪᠠᠨ ᠪᠠᠬᠢᠯᠡᠨ ᠬᠦᠯ ᠢᠶᠠᠨ ᠬᠠᠯᠬᠠᠯᠠᠵᠠᠢ᠃ ᠬᠤᠯᠳᠠᠭᠠᠰᠣ ᠳᠡᠬᠡᠷ᠎ᠡ ᠣᠴᠢ ᠦᠰᠦᠷᠦᠭᠰᠡᠭᠡᠷ ᠪᠠᠶᠢᠵᠣ ᠨᠦᠬᠡᠨ ᠣᠷᠣᠮ | ᠭᠠᠷᠣᠭᠰᠠᠨ ᠪᠠᠶᠢᠬᠤ ᠪᠠᠷ ᠨᠢ ᠬᠠᠷ᠎ᠠ ᠬᠦᠦ ᠡᠪᠦᠬᠡᠨ ᠲᠡᠮᠦᠷᠴᠢᠨ ᠭᠡᠵᠤ ᠮᠡᠳᠡᠯ᠎ᠡ᠃ ︽ᠳᠡᠷᠡ ᠪᠠᠷ ᠬᠦᠬᠡᠷᠬᠡ | ᠳᠠᠳᠠᠭᠤᠯ︕ ᠴᠢ ᠳᠣᠰᠬᠠᠶᠢᠯᠠᠨ ᠳᠠᠪᠳᠠ᠂ ᠠᠵᠣ ᠴᠢᠨᠢ ᠬᠦᠩᠬᠡᠷᠡᠨᠡ ᠪᠢᠵᠡ︕︾ ᠭᠡᠵᠤ ᠡᠪᠦᠬᠡᠨ ᠲᠡᠮᠦᠷᠴᠢᠨ | ᠬᠡᠯᠡᠯ᠎ᠡ᠃ | ︽ᠡᠨᠡ ᠬᠡᠣᠬᠡᠳ ᠢᠶᠠᠷ ᠬᠦᠬᠡᠷᠬᠡ ᠳᠠᠳᠠᠭᠤᠯᠣᠨᠠ ᠭᠡᠵᠢ ᠤᠤ︖ ᠠᠷᠠᠰᠣ ᠶᠠᠰᠣ ᠪᠣᠯᠴᠢᠬᠠᠭᠠᠳ᠂ ᠭᠠᠯ ᠤᠨ | ᠬᠠᠵᠠᠭᠤᠳᠠ ᠪᠦᠷ ᠰᠢᠷᠠᠭᠰᠠᠨ ᠪᠣᠷᠴᠠ ᠪᠣᠯᠴᠢᠬᠠᠬᠤ ᠦᠭᠡᠢ ᠤᠤ︖︾ ᠭᠡᠵᠤ ᠵᠠᠯᠠᠭᠤ ᠲᠡᠮᠦᠷᠴᠢᠨ ᠳᠣᠭᠤᠮᠵᠢᠷ | ᠦᠭᠡᠢ ᠳᠦᠳᠦᠬᠡᠨᠡᠨᠡ᠃ | ᠯᠢᠦ ᠨᠠᠷᠠᠨ ᠰᠢᠭᠤᠳ ᠣᠷᠣᠵᠣ ᠢᠷᠡᠭᠡᠳ᠄ ︽ᠶᠠᠭᠠᠬᠢᠴᠢᠬᠠᠪᠠ︖ ᠬᠦᠬᠡᠷᠬᠡᠴᠢᠨ ᠠᠪᠣᠨ᠎ᠠ ᠬᠡᠰᠡᠨ ᠪᠢᠰᠢ ᠤᠤ | ︖︾ ᠭᠡᠵᠤ ᠨᠢᠳᠦ ᠡᠷᠡᠶᠢᠯᠬᠡᠪᠡ᠃ | ︽ᠬᠦᠬᠡᠷᠬᠡ ᠳᠠᠳᠠᠭᠴᠢ ᠠᠪᠣᠨ᠎ᠠ᠂ ᠳᠡᠬᠦᠨ ᠢ ᠠᠪᠬᠤ ᠦᠭᠡᠢ︕ ᠯᠢᠦ ᠳᠡᠳ᠋ ᠡ᠂ ᠡᠴᠡᠵᠦ ᠳᠣᠷᠠᠭᠰᠠᠨ | ᠰᠢᠨᠵᠢ ᠶᠢ ᠨᠢ ᠦᠵᠡ᠂ ᠨᠡᠬᠦᠷᠡᠰᠦᠨ ᠬᠤᠰᠣᠭᠤᠷ ᠢᠶᠠᠨ ᠴᠦ ᠡᠷᠬᠦᠵᠦ ᠳᠠᠭᠠᠭᠠᠬᠤ ᠦᠭᠡᠢ᠂ ᠳᠡᠬᠦᠨ ᠢ | ᠢᠷᠡᠭᠦᠯᠦᠬᠡᠳ ᠶᠠᠭᠠᠬᠢᠬᠤ ᠬᠡᠰᠡᠨ ᠶᠤᠮ︖ ᠱᠣᠷᠣ ᠵᠣᠷᠭᠤᠵᠣ ᠣᠷᠣ ᠪᠦᠭᠯᠡᠵᠦ ᠪᠠᠶᠢᠨ᠎ᠠ ᠤᠤ︖︾ | ︽ᠴᠢᠨᠦ ᠣᠪ ᠵᠢᠪ ᠲᠠᠢ ᠶᠢ ᠪᠢ ᠮᠡᠳᠡᠨ᠎ᠡ᠂ ᠳᠣᠮᠣ ᠬᠡᠣᠬᠡᠨ ᠠᠪᠴᠢᠷᠠᠵᠣ ᠬᠦᠬᠡᠷᠬᠡᠴᠢᠨ ᠪᠣᠯᠭᠠᠶ᠎ᠠ ᠭᠡᠵᠤ ᠤᠤ︖ | ᠬᠠᠮᠤᠭ ᠭᠤᠶᠣ ᠶᠢ ᠰᠣᠩᠭᠤ᠂ ᠳᠦᠷᠪᠡᠯᠵᠢᠨ ᠣᠯᠠᠭᠠᠨ ᠠᠯᠴᠢᠭᠤᠷ ᠪᠣᠭᠤᠭᠰᠠᠨ ᠢ ᠢᠷᠡᠬᠦᠯᠬᠦ ᠤᠤ︖ ᠶᠡᠭᠡ ᠪᠠᠷ | ᠰᠠᠨᠠᠵᠣ ᠬᠦᠬᠡ ᠪᠠᠷ ᠬᠠᠳᠠ ᠳ᠋ᠠ ᠴᠢ᠂ ᠬᠠᠷ᠎ᠠ ᠬᠦᠦ᠂ ᠬᠦᠬᠡᠷᠬᠡ ᠪᠠᠨ ᠳᠠᠳᠠ︕︾ ᠭᠡᠵᠤ ᠯᠢᠦ ᠨᠠᠷᠠᠨ ᠵᠠᠯᠠᠭᠤ | ᠲᠡᠮᠦᠷᠴᠢᠨ ᠳᠤ ᠬᠡᠯᠡᠬᠡᠳ᠄ ︽ᠡᠬᠡ ᠶᠢᠨ ᠬᠢᠨᠢ᠂ ᠳᠡᠷᠡᠨ ᠳᠤ ᠰᠠᠶᠢᠬᠠᠨ ᠵᠢᠭᠠᠵᠣ ᠦᠭ︕︾ ᠭᠡᠪᠡ᠃ | ᠬᠠᠷ᠎ᠠ ᠬᠦᠦ ᠢᠳᠠᠭ ᠳᠠᠳᠠᠭ ᠭᠡᠭᠰᠡᠭᠡᠷ ᠬᠦᠬᠡᠷᠬᠡᠨ ᠤ ᠡᠮᠦᠨ᠎ᠡ ᠣᠴᠢᠵᠣ ᠵᠣᠭᠰᠣᠭᠠᠳ᠂ ᠶᠠᠭᠤ ᠨᠢᠬᠡ ᠶᠢ | ᠭᠤᠷᠢᠳᠠᠭᠰᠠᠨ ᠬᠠᠷᠠᠴᠠ ᠪᠠᠷ ᠡᠪᠦᠬᠡᠨ ᠲᠡᠮᠦᠷᠴᠢᠨ ᠢ ᠰᠢᠷᠳᠡᠪᠡ᠃ ᠡᠪᠦᠬᠡᠨ ᠲᠡᠮᠦᠷᠴᠢᠨ ᠤ ᠴᠢᠷᠠᠢ ᠬᠠᠭᠤᠷᠬᠤ ᠨᠢ | ᠬᠡᠳᠦᠷᠡᠵᠦ ᠰᠢᠳᠠᠭᠳᠠᠭᠰᠠᠨ ᠪᠣᠭᠤᠳᠠᠢ ᠰᠢᠭ᠋᠂ ᠬᠠᠮᠠᠷ ᠤᠨ ᠦᠵᠦᠬᠦᠷ ᠨᠢ ᠪᠣᠯᠪᠠᠰᠣᠷᠠᠭᠰᠠᠨ ᠳᠣᠯᠣᠭᠤᠨ᠎ᠠ ᠰᠢᠭ᠋ ᠠᠵᠢ | ᠃ ᠳᠡᠷᠡ ᠣᠷᠣᠭᠰᠢ ᠢᠷᠡᠵᠦ᠂ ᠬᠠᠷ᠎ᠠ ᠬᠦᠦ ᠳᠤ ᠭᠠᠯ ᠳᠦᠯᠡᠬᠦ ᠶᠢᠨ ᠠᠨᠢᠰᠣ ᠶᠢ ᠵᠢᠭᠠᠵᠣ ᠦᠭᠪᠡ᠃ ᠬᠠᠷ᠎ᠠ ᠬᠦᠦ | ᠶᠢᠨ ᠴᠢᠬᠢ ᠨᠢ ᠴᠡᠴᠡᠷᠬᠡᠨᠡᠨ ᠬᠦᠳᠡᠯᠵᠦ ᠡᠪᠦᠬᠡᠨ ᠤ ᠦᠭᠡ ᠶᠢ ᠪᠦᠬᠦᠨ ᠢ ᠰᠣᠨᠣᠰᠴᠣ ᠳᠦᠬᠦᠬᠡᠷᠪᠡ᠃ | ᠡᠬᠢᠯᠡᠭᠡᠳ ᠬᠦᠬᠡᠷᠭᠡ ᠳᠠᠳᠠᠬᠤ ᠳᠤ ᠭᠠᠷ ᠬᠦᠯ ᠨᠢ ᠰᠠᠮᠭᠠᠷᠳᠠᠭᠠᠳ ᠪᠦᠬᠦ ᠪᠡᠶ᠎ᠡ ᠨᠢ ᠬᠦᠯᠦᠰᠦ ᠪᠣᠯᠵᠣ᠂ ᠭᠠᠯ | ᠤᠨ ᠳᠦᠯᠦᠨ ᠳᠤ ᠠᠷᠠᠰᠣ ᠨᠢ ᠵᠡᠬᠦᠦ ᠳᠤ ᠰᠢᠪᠡᠭᠳᠡᠵᠦ ᠪᠠᠶᠢᠬᠤ ᠰᠢᠭ᠋ ᠡᠪᠡᠳᠴᠦ ᠪᠠᠶᠢᠭᠰᠠᠨ ᠴᠦ ᠡᠪᠦᠬᠡᠨ | ᠳᠡᠮᠦᠷᠴᠢᠨ ᠤ ᠴᠢᠷᠠᠢ ᠳᠤ ᠶᠠᠮᠠᠷ ᠢᠯᠡᠷᠡᠯ ᠦᠭᠡᠢ᠂ ᠳᠣᠭᠤᠰᠬ᠎ᠠ ᠰᠢᠭ᠋ ᠬᠦᠬᠡᠶᠢᠬᠡᠳ᠂ ᠬᠠᠷᠠᠬᠤ ᠴᠦ ᠦᠭᠡᠢ ᠪᠠᠶᠢᠯ᠎ᠠ | ᠃ ᠬᠠᠷ᠎ᠠ ᠬᠦᠦ ᠰᠢᠵᠠᠭᠤᠷ ᠢᠶᠠᠨ ᠵᠠᠭᠤᠵᠣ᠂ ᠬᠠᠪ ᠬᠠᠷ᠎ᠠ ᠭᠠᠷ ᠢᠶᠠᠷ ᠢᠶᠠᠨ ᠨᠢᠳᠦᠨ ᠳᠡᠬᠡᠷ᠎ᠡ ᠨᠢ ᠪᠠᠭᠤᠬᠤ | ᠬᠦᠯᠦᠰᠦ ᠪᠠᠨ ᠳᠠᠰᠣᠷᠠᠯ ᠦᠭᠡᠢ ᠠᠷᠴᠢᠵᠣ ᠪᠠᠶᠢᠪᠠ᠃ ᠬᠡᠷᠳᠡᠭᠡᠷ ᠴᠡᠭᠡᠵᠢ ᠨᠢ ᠳᠦᠪᠦᠯᠵᠡᠬᠦ ᠪᠦᠷᠢ ᠳᠤ ᠠᠮᠠ ᠬᠠᠮᠠᠷ | ᠨᠢ ᠶᠠᠭ ᠬᠦᠬᠡᠷᠬᠡ ᠠᠳᠠᠯᠢ ᠰᠡᠷᠴᠢᠬᠢᠨᠡᠨ ᠬᠡᠢ ᠭᠠᠷᠣᠨ᠎ᠠ᠃ | ᠪᠢᠴᠢᠬᠠᠨ ᠴᠢᠯᠠᠭᠤᠨ ᠲᠠᠷᠬᠠᠨ ᠮᠣᠬᠤᠵᠣ ᠳᠡᠭᠰᠢᠬᠡᠨ ᠪᠣᠯᠣᠭᠰᠠᠨ ᠪᠣᠯᠣᠳ ᠦᠷᠦᠮᠳᠡᠬᠦᠷ ᠢᠶᠠᠨ ᠢᠷᠯᠡᠬᠦᠯᠬᠦ ᠪᠠᠷ | ᠢᠷᠡᠬᠦ ᠳᠡᠭᠡᠨ ᠬᠠᠷ᠎ᠠ ᠬᠦᠦ ᠶᠢ ᠬᠠᠷᠠᠭᠠᠳ᠄ ︽ᠳᠡᠰᠴᠦ ᠳᠡᠶᠢᠯᠦᠨ᠎ᠡ ᠤᠤ︖ ᠳᠡᠶᠢᠯᠬᠦ ᠦᠭᠡᠢ ᠪᠣᠯ ᠬᠡᠯᠡᠬᠡᠷᠡᠢ᠂ | ᠣᠴᠢᠵᠣ ᠴᠢᠯᠠᠭᠤ ᠪᠠᠨ ᠬᠡᠮᠬᠡᠴᠡ︕︾ ᠭᠡᠬᠦ ᠳᠤ᠂ ᠬᠠᠷ᠎ᠠ ᠬᠦᠦ ᠶᠠᠳᠠᠵᠣ ᠳᠣᠯᠣᠭᠠᠢ ᠪᠠᠨ ᠴᠦ ᠦᠨᠳᠡᠶᠢᠭᠰᠡᠨ | ᠦᠭᠡᠢ᠃ | ︽ᠵᠦᠷᠢᠬᠦᠳ ᠰᠢᠬᠡᠰᠦ︕︾ ᠭᠡᠵᠤ ᠪᠢᠴᠢᠬᠠᠨ ᠴᠢᠯᠠᠭᠤᠨ ᠲᠠᠷᠬᠠᠨ ᠦᠷᠦᠮᠳᠡᠬᠦᠷ ᠢᠶᠠᠨ ᠭᠠᠵᠠᠷ | ᠴᠢᠯᠠᠭᠤᠳᠠᠭᠠᠳ ᠶᠠᠪᠣᠵᠣ ᠦᠭᠪᠡ᠃ ᠬᠡᠪᠡᠴᠦ ᠣᠳᠠᠯ ᠦᠭᠡᠢ ᠵᠢᠦᠢ ᠽᠢ ᠬᠡᠣᠬᠡᠨ ᠲᠠᠢ ᠴᠤᠭ ᠪᠣᠴᠠᠵᠣ ᠢᠷᠡᠪᠡ᠃ | ᠵᠢᠦᠢ ᠽᠢ ᠳᠦᠷᠪᠡᠯᠵᠢᠨ ᠠᠯᠴᠢᠭᠤᠷ ᠢᠶᠠᠨ ᠬᠦᠵᠦᠬᠦᠦ ᠳᠡᠭᠡᠨ ᠵᠠᠩᠬᠢᠳᠣᠭᠰᠠᠨ ᠢᠶᠠᠷ ᠴᠢᠷᠠᠢ ᠨᠢ ᠨᠡᠩ ᠳᠦᠬᠦᠷᠢᠭ | ᠰᠠᠶᠢᠬᠠᠨ ᠬᠠᠷᠠᠭᠳᠠᠨ᠎ᠠ᠃ | ᠬᠦᠬᠦᠷᠬᠡᠨ ᠭᠤᠯᠳᠣᠩ ᠳᠠᠬᠢ ᠵᠠᠯᠠᠭᠤ ᠲᠡᠮᠦᠷᠴᠢᠨ ᠤ ᠨᠢᠳᠦᠨ ᠡᠮᠦᠨᠡᠬᠦᠷ ᠬᠡᠷᠡᠯ ᠰᠠᠴᠣᠷᠠᠬᠤ ᠰᠢᠭ᠋ ᠪᠣᠯᠵᠣ | ᠰᠢᠯᠦᠰᠦ ᠪᠠᠨ ᠬᠦᠴᠦᠯᠡᠨ ᠵᠠᠯᠬᠢᠭᠠᠳ᠂ ᠵᠣᠵᠠᠭᠠᠨ ᠭᠡᠭᠴᠢ ᠬᠡᠯᠡ ᠪᠠᠷ ᠢᠶᠠᠨ ᠬᠠᠳᠠᠵᠣ ᠬᠠᠭᠠᠷᠠᠭᠰᠠᠨ ᠣᠷᠣᠭᠤᠯ ᠢᠶᠠᠨ | ᠳᠣᠯᠢᠶᠠᠯᠠᠪᠠ᠃ ᠳᠡᠬᠦᠨ ᠤ ᠬᠤᠶᠠᠷ ᠨᠢᠳᠣ ᠬᠠᠷ᠎ᠠ ᠬᠦᠦ ᠶᠢᠨ ᠠᠴᠠ ᠪᠠᠭ᠎ᠠ ᠦᠭᠡᠢ᠂ ᠬᠡᠪᠡᠴᠦ ᠵᠡᠬᠦᠨ ᠨᠢᠳᠦᠨ ᠳᠤᠨᠢ | ᠨᠣᠭᠤᠰᠣᠨ ᠦᠨᠳᠡᠬᠡᠨ ᠤ ᠦᠩᠬᠡᠳᠡᠢ ︽ᠯᠣᠣᠪᠠᠩ ᠤᠨ ᠴᠡᠴᠡᠭ︾ ᠪᠠᠶᠢᠵᠣ ᠴᠡᠴᠡᠭᠡᠢ ᠶᠢ ᠨᠢ ᠬᠠᠯᠬᠠᠯᠠᠵᠠᠢ᠃ | ᠳᠠᠩᠳᠠ ᠵᠡᠬᠦᠨ ᠨᠢᠳᠦ ᠪᠠᠷ ᠢᠶᠠᠨ ᠶᠠᠭᠤᠮ᠎ᠠ ᠬᠠᠷᠠᠬᠤ ᠪᠣᠯᠬᠤᠷ ᠳᠣᠯᠣᠭᠠᠢ ᠪᠠᠨ ᠪᠠᠷᠠᠭᠤᠨᠰᠢ ᠳᠠᠯᠵᠢᠢᠯᠭᠠᠵᠣ | ᠵᠠᠩᠰᠢᠵᠠᠢ᠃ ᠳᠡᠷᠡ ᠪᠠᠷ ᠪᠠᠷᠠᠭᠤᠨ ᠮᠦᠷᠦ ᠪᠠᠨ ᠳᠡᠷᠡᠯᠡᠵᠦ ᠵᠡᠬᠦᠨ ᠨᠢᠳᠦᠨ ᠠᠴᠠ ᠪᠠᠨ ᠬᠠᠯᠠᠭᠤᠨ ᠳᠣᠶᠠᠭ᠎ᠠ | ᠣᠶᠢᠯᠣᠰᠭᠤᠯᠣᠨ᠂ ᠬᠡᠣᠬᠡᠨ ᠤ ᠣᠯᠠᠭ᠎ᠠ ᠪᠣᠳᠠᠷᠠᠭᠰᠠᠨ ᠴᠢᠷᠠᠢ ᠶᠢ ᠡᠭᠴᠡᠯᠡᠨ ᠰᠢᠷᠳᠡᠪᠡ᠃ ᠠᠷᠪᠠᠨ ᠨᠠᠢᠮᠠᠨ ᠹᠦᠨ᠋ᠲ | ᠶᠢᠨ ᠳᠣᠮᠣ ᠲᠡᠮᠦᠷ ᠠᠯᠤᠬ᠎ᠠ ᠰᠠᠯᠳᠠᠭᠠᠨ ᠬᠤᠭᠤᠷᠣᠨᠳᠣ ᠨᠢ ᠳᠣᠯᠣᠭᠠᠢ ᠪᠠᠷ ᠢᠶᠠᠨ ᠭᠠᠵᠠᠷ ᠭᠠᠳᠠᠵᠣ᠂ ᠳᠡᠷᠡ ᠪᠠᠷ | ᠡᠰᠢ ᠶᠢ ᠨᠢ ᠪᠠᠷᠢᠭᠰᠠᠨ ᠨᠢ ᠲᠠᠶ᠋ᠢᠭ ᠳᠣᠯᠵᠣ ᠪᠠᠶᠢᠭ᠎ᠠ ᠰᠢᠭ᠋᠃ ᠵᠣᠣᠬᠠᠨ ᠳᠠᠬᠢ ᠭᠠᠯ ᠲᠦᠷᠪᠡᠨ ᠳᠣᠸᠠᠯᠠᠵᠣ᠂ | ᠣᠴᠢ ᠲᠠᠢ ᠬᠠᠷ᠎ᠠ ᠣᠳᠤᠭ᠎ᠠ ᠬᠦᠬᠦᠷᠬᠡᠨ ᠳᠤ ᠳᠣᠯᠣᠭᠠᠳ ᠠᠭᠤᠷᠳᠠᠶᠢᠬᠠᠨ ᠬᠤᠶᠢᠯᠠᠷᠠᠨ ᠪᠣᠴᠠᠨᠡ᠃ ᠬᠠᠷ᠎ᠠ ᠬᠦᠦ | ᠶᠢᠨ ᠴᠢᠷᠠᠢ ᠣᠳᠣᠭᠠᠨ ᠣᠨᠢᠶᠠᠷ ᠲᠤ ᠪᠦᠷᠬᠦᠭᠳᠡᠵᠦ᠂ ᠬᠠᠨᠢᠶᠠᠯᠭᠠᠨ᠂ ᠴᠡᠬᠡᠵᠢ ᠨᠢ ᠰᠡᠷᠴᠢᠬᠡᠨᠡᠨᠡ᠃ ᠡᠪᠦᠬᠡᠨ | ᠲᠡᠮᠦᠷᠴᠢᠨ ᠬᠠᠷ᠎ᠠ ᠬᠦᠦ ᠶᠢ ᠬᠦᠢᠳᠡᠨ ᠬᠠᠷᠠᠴᠠ ᠪᠠᠷ ᠰᠢᠷᠪᠢ ᠳᠠᠳᠠᠭᠠᠳ᠂ ᠦᠷᠦᠭᠳᠡᠭᠰᠡᠭᠡᠷ ᠬᠦᠯᠢᠬᠡᠷ ᠪᠣᠯᠣᠭᠰᠠᠨ | ᠬᠠᠷᠮᠠᠨ ᠠᠴᠠ ᠪᠠᠨ ᠳ᠋ᠠᠢ ᠳᠠᠮᠠᠬᠢ ᠪᠠᠨ ᠭᠠᠷᠭᠠᠵᠣ᠂ ᠶᠠᠭᠠᠷᠠᠯ ᠦᠭᠡᠶᠢᠬᠡᠨ ᠳᠠᠮᠠᠬᠢ ᠪᠠᠨ ᠭᠠᠩᠰᠠᠯᠠᠭᠠᠳ᠂ ᠵᠣᠣᠬᠠᠨ | ᠠᠴᠠ ᠨᠣᠴᠣᠭᠠᠵᠣ᠂ ᠬᠤᠶᠠᠷ ᠵᠣᠷᠪᠣᠰ ᠴᠠᠭᠠᠨ ᠣᠳᠤᠭ᠎ᠠ ᠶᠢ ᠬᠠᠷ᠎ᠠ ᠣᠳᠣᠭᠠᠨ ᠳᠤ ᠦᠯᠢᠶᠡᠨ ᠣᠷᠣᠭᠤᠯᠪᠠ᠃ | ᠡᠪᠦᠬᠡᠨ ᠤ ᠬᠠᠮᠠᠷ ᠲᠠᠬᠢ ᠬᠠᠷ᠎ᠠ ᠦᠰᠦ ᠴᠡᠴᠡᠷᠬᠡᠨᠡᠨ᠂ ᠣᠳᠣᠭᠠᠨ ᠣᠨᠢᠶᠠᠷ ᠳᠣᠳᠣᠷ᠎ᠠ ᠠᠴᠠ ᠭᠤᠯᠳᠣᠩ ᠤᠨ ᠠᠮᠠᠨ | ᠳᠤ ᠵᠣᠭᠰᠤᠭ᠎ᠠ ᠪᠢᠴᠢᠬᠠᠨ ᠴᠢᠯᠠᠭᠤᠨ ᠲᠠᠷᠬᠠᠨ ᠪᠠ ᠵᠢᠦᠢ ᠽᠢ ᠬᠤᠶᠠᠷ ᠢ ᠬᠠᠶᠢᠩᠭᠤᠬᠠᠨ ᠬᠠᠷᠠᠵᠣ ᠠᠪᠣᠭᠰᠠᠨ ᠢᠶᠠᠨ | ᠬᠠᠷ᠎ᠠ ᠬᠦᠦ ᠳᠤ᠄ ︽ᠨᠡᠬᠦᠷᠡᠰᠦ ᠪᠠᠭ᠎ᠠ ᠰᠢᠦ ᠨᠡᠮᠡ᠂ ᠳᠡᠩᠴᠡᠬᠦᠦ ᠰᠢᠭ ᠬᠢ︕︾ ᠭᠡᠪᠡ᠃ | ᠬᠠᠷ᠎ᠠ ᠬᠦᠦ ᠬᠦᠬᠡᠷᠬᠡ ᠪᠠᠨ ᠰᠠᠨᠳᠣᠷᠠᠩᠭᠤᠢ ᠳᠠᠳᠠᠵᠣ᠂ ᠳᠣᠷᠠᠩᠬᠠᠢ ᠪᠡᠶ᠎ᠡ ᠨᠢ ᠦᠨᠳᠡᠯᠵᠡᠨ᠂ ᠬᠦᠯᠦᠰᠦᠨ ᠳᠤ | ᠳᠡᠪᠳᠦᠭᠰᠡᠨ ᠴᠡᠬᠡᠵᠢ ᠪᠠ ᠬᠡᠷᠳᠡᠭᠡᠷ ᠬᠠᠪᠢᠷᠭ᠎ᠠ ᠨᠤᠭᠤᠳ ᠨᠢ ᠭᠠᠯ ᠤᠨ ᠭᠡᠷᠡᠯ ᠳᠤ ᠳᠣᠪ ᠳᠣᠳᠣ ᠬᠠᠷᠠᠭᠳᠠᠨ᠂ | ᠵᠡᠬᠦᠨ ᠲᠠᠯ᠎ᠠ ᠶᠢᠨ ᠬᠡᠷᠵᠢᠬᠡᠷ ᠬᠠᠪᠢᠷᠭᠠᠨ ᠤ ᠴᠠᠭᠠᠨ᠎ᠠ ᠠᠴᠠ ᠵᠢᠷᠦᠬᠡ ᠨᠢ ᠵᠢᠭᠠᠬᠠᠨ ᠬᠤᠯᠣᠭᠠᠨ᠎ᠠ ᠳᠡᠪᠬᠡᠴᠡᠬᠦ ᠰᠢᠭ | ᠬᠦᠬᠡᠷᠦᠬᠦᠶᠢᠯᠡᠯᠳᠡᠢ ᠠᠵᠢ᠃ ᠡᠪᠦᠬᠡᠨ ᠲᠡᠮᠦᠷᠴᠢᠨ᠄ ︽ᠣᠷᠳᠣᠬᠠᠨ ᠳᠠᠳᠠ᠂ ᠨᠢᠬᠡᠳ ᠨᠢᠬᠡ ᠪᠠᠷ︕︾ ᠬᠡᠨ᠎ᠡ᠃ | ᠵᠢᠦᠢ ᠽᠢ ᠬᠡᠣᠬᠡᠨ ᠬᠠᠷ᠎ᠠ ᠬᠦᠦ ᠶᠢᠨ ᠳᠣᠣᠷᠠᠳᠣ ᠣᠷᠣᠭᠤᠯ ᠠᠴᠠ ᠦᠳᠬᠡᠨ ᠬᠠᠷ᠎ᠠ ᠴᠢᠰᠦ ᠣᠷᠣᠰᠬᠤ ᠶᠢ | ᠬᠠᠷᠠᠭᠠᠳ ᠨᠢᠯᠪᠣᠰᠣ ᠨᠢ ᠵᠠᠶᠢᠷᠯᠠᠵᠣ᠄ ︽ᠬᠠᠷ᠎ᠠ ᠬᠦᠦ᠂ ᠳᠡᠳᠡᠨ ᠲᠠᠢ ᠬᠢᠯᠬᠡᠨ ᠦᠭᠡᠢ᠂ ᠶᠠᠪᠣᠶ᠎ᠠ᠂ ᠣᠴᠢᠵᠣ | ᠴᠢᠯᠠᠭᠤ ᠪᠠᠨ ᠬᠡᠮᠬᠡᠴᠡᠶᠡ︕︾ ᠭᠡᠵᠤ ᠪᠠᠷᠬᠢᠷᠠᠭᠠᠳ ᠬᠦᠬᠡᠷᠬᠡ ᠶᠢᠨ ᠬᠠᠵᠠᠭᠤᠳᠠ ᠣᠴᠢᠵᠣ ᠬᠠᠷ᠎ᠠ ᠬᠦᠦ ᠶᠢᠨ | ᠳᠡᠷᠡᠰᠦ ᠬᠡᠮᠡᠷ ᠨᠠᠷᠢᠬᠠᠨ ᠬᠠᠷᠢᠳᠣᠨ ᠠᠴᠠ ᠴᠢᠩᠭᠠᠭᠠᠪᠠ᠃ ᠬᠠᠷ᠎ᠠ ᠬᠦᠦ ᠠᠮᠢ ᠴᠦᠯᠡᠨ ᠳᠡᠯᠴᠢᠯᠡᠵᠦ᠂ ᠬᠤᠭᠤᠯᠠᠢ | ᠨᠢ ᠬᠡᠷᠴᠢᠬᠡᠨᠡᠬᠡᠳ ᠬᠡᠳᠡᠷ ᠬᠦᠯᠦᠬᠡ ᠬᠡᠮᠡᠷ᠃ ᠳᠡᠬᠦᠨ ᠤ ᠪᠡᠶ᠎ᠡ ᠨᠢ ᠬᠦᠩᠬᠡᠨ ᠪᠣᠯᠬᠤᠷ ᠬᠡᠣᠬᠡᠨ ᠰᠣᠭᠤᠳᠠᠨ | ᠡᠷᠬᠦᠵᠦ ᠠᠪᠣᠭᠠᠳ ᠭᠤᠯᠳᠣᠩ ᠠᠴᠠ ᠭᠠᠷᠪᠠ᠃ ᠬᠠᠷ᠎ᠠ ᠬᠦᠦ ᠶᠢᠨ ᠳᠠᠷᠰᠠᠭᠠᠷ ᠦᠯᠮᠡᠢ ᠨᠢ ᠭᠠᠵᠠᠷ ᠴᠢᠷᠦᠭᠳᠡᠨ | ᠴᠢᠯᠠᠭᠤᠨ ᠬᠡᠮᠬᠡᠳᠡᠭ ᠢ ᠱᠠᠷᠴᠢᠬᠢᠨᠠᠭᠤᠯᠵᠣ ᠪᠠᠶᠢᠯ᠎ᠠ᠃ | ︽ᠬᠠᠷ᠎ᠠ ᠬᠦᠦ᠂ ᠳᠡᠳᠡᠨ ᠲᠠᠢ ᠬᠢᠯᠬᠡᠨ ᠦᠭᠡᠢ᠂ ᠴᠢ ᠣᠳᠣᠭᠳᠠᠬᠤ ᠶᠢ ᠳᠠᠭᠠᠭᠠᠵᠣ ᠳᠡᠶᠢᠯᠬᠦ ᠦᠭᠡᠢ᠂ ᠡᠶᠢᠮᠣ | ᠳᠣᠷᠠᠩᠬᠠᠢ ᠶᠤᠮ ᠴᠢᠨᠢ ᠬᠦᠯᠦᠰᠦ ᠴᠢᠨᠢ ᠣᠷᠣᠰᠣᠭᠠᠳ ᠪᠠᠷᠠᠪᠠᠯ ᠳᠣᠭᠤᠭᠠᠨ ᠬᠤᠰᠣᠮ ᠯᠠ ᠦᠯᠡᠳᠡᠨ᠎ᠡ ᠰᠢᠦ᠂ | ᠬᠠᠰᠢᠯᠠ ᠡᠬᠡᠴᠢ ᠲᠠᠢ ᠪᠠᠨ ᠣᠴᠢᠵᠣ ᠴᠢᠯᠠᠭᠤ ᠬᠡᠮᠬᠡᠴᠡᠭᠰᠡᠨ ᠨᠢ ᠬᠦᠩᠬᠡᠨ ᠠᠵᠣ︕︾ ᠭᠡᠵᠤ ᠬᠡᠣᠬᠡᠨ ᠬᠡᠯᠡᠬᠦ | ᠶᠢᠨ ᠳᠠᠭᠠᠣ ᠳᠡᠬᠦᠨ ᠢ ᠳᠠᠯᠪᠢᠵᠣ᠂ ᠲᠠᠯ᠎ᠠ ᠭᠠᠷ ᠢᠶᠠᠷ ᠢᠶᠠᠨ ᠬᠦᠳᠦᠯᠦᠨ ᠴᠢᠯᠠᠭᠤᠨ ᠣᠪᠣᠭ᠎ᠠ ᠳᠡᠶᠢᠰᠢ ᠶᠠᠪᠣᠪᠠ᠃ | ᠬᠡᠣᠬᠡᠨ ᠤ ᠭᠠᠷ ᠨᠢ ᠪᠦᠳᠦᠬᠦᠨ᠂ ᠲᠠᠷ ᠲᠠᠢ᠂ ᠬᠡᠬᠦ ᠳᠡᠭᠡᠨ ᠶᠡᠭᠡ ᠵᠦᠬᠡᠯᠡᠨ᠂ ᠬᠠᠷ᠎ᠠ ᠬᠦᠦ ᠶᠢᠨ ᠴᠠᠷᠪᠠᠭᠤ ᠠᠴᠠ | ᠢᠰᠢᠬᠡ ᠰᠢᠬᠢᠷᠡᠳᠡᠭᠰᠡᠨ ᠰᠢᠭ᠋ ᠠᠳᠬᠤᠵᠣ ᠪᠠᠶᠢᠯ᠎ᠠ᠃ ᠬᠠᠷ᠎ᠠ ᠬᠦᠦ ᠠᠷᠣᠨᠰᠢ ᠰᠠᠭᠤᠵᠣ᠂ ᠦᠰᠦᠬᠡᠢ ᠨᠢ ᠭᠠᠵᠠᠷ | ᠳᠡᠬᠡᠷᠡᠬᠢ ᠴᠢᠯᠠᠭᠤᠨ ᠬᠡᠮᠬᠡᠳᠡᠭ ᠢ ᠱᠠᠷᠴᠢᠬᠢᠨᠠᠭᠤᠯᠣᠨᠠ᠃ ︽ᠵᠢᠭᠠᠬᠠᠨ ᠳᠡᠨᠡᠭ ᠮᠢᠨᠢ᠂ ᠨᠠᠮᠠᠢᠢ ᠰᠠᠶᠢᠬᠠᠨ ᠳᠠᠭᠠᠭᠠᠳ | ᠶᠠᠪᠤ︾ ᠭᠡᠵᠤ ᠬᠡᠣᠬᠡᠨ ᠠᠯᠬᠤᠮ ᠢᠶᠠᠨ ᠵᠣᠭᠰᠣᠵᠣ᠂ ᠪᠡᠶ᠎ᠡ ᠡᠷᠬᠢᠨ ᠬᠡᠯᠡᠬᠦ ᠳᠡᠭᠡᠨ ᠬᠠᠷ᠎ᠠ ᠬᠦᠦ ᠶᠢᠨ ᠪᠠᠭᠤᠣ ᠶᠢ | ᠬᠦᠴᠦᠳᠡᠢ ᠠᠳᠬᠤᠨ᠄ ︽ᠮᠠᠭᠤ ᠬᠦᠯᠦᠬᠡ ᠶᠢ ᠦᠵᠡ ᠬᠡᠮ᠂ ᠪᠢ ᠬᠦᠴᠦ ᠭᠠᠷᠭᠠᠬᠤ ᠶᠤᠮ ᠪᠣᠯ ᠬᠤᠭᠤ | ᠠᠳᠬᠤᠴᠢᠬᠠᠨᠠ᠂ ᠳᠡᠶᠢᠮᠣ ᠬᠦᠨᠳᠦ ᠠᠵᠢᠯ ᠢ ᠴᠢ ᠬᠢᠵᠦ ᠳᠡᠶᠢᠯᠬᠦ ᠶᠤᠮ ᠤᠤ︖︾ ᠬᠡᠪᠡ᠃ ᠬᠠᠷ᠎ᠠ ᠬᠦᠦ | ᠳᠡᠬᠦᠨ ᠢ ᠮᠠᠭᠤᠬᠠᠢ ᠬᠠᠷᠠᠵᠣ ᠠᠪᠣᠭᠠᠳ ᠪᠦᠬᠦᠶᠢᠮᠡᠭᠴᠡ ᠪᠠᠨ ᠬᠡᠣᠬᠡᠨ ᠤ ᠪᠠᠭᠤᠣ ᠶᠢ ᠭᠠᠶᠢᠭᠤᠢ ᠨᠢᠬᠡ ᠬᠠᠵᠠᠪᠠ᠃ | ᠬᠡᠣᠬᠡᠨ ︽ᠶᠣ︾ ᠭᠡᠵᠤ ᠳᠠᠭᠤ ᠠᠯᠳᠠᠨ ᠭᠠᠷ ᠢᠶᠠᠨ ᠳᠠᠯᠪᠢᠬᠤ ᠵᠠᠭᠤᠷ᠎ᠠ ᠬᠠᠷ᠎ᠠ ᠬᠦᠦ ᠪᠡᠶ᠎ᠡ ᠡᠷᠬᠢᠨ ᠪᠣᠴᠠᠵᠣ | ᠬᠦᠶᠦᠵᠦ ᠣᠷᠣᠪᠠ᠃ | ᠬᠠᠷ᠎ᠠ ᠬᠦᠦ ᠶᠢᠨ ᠰᠢᠳᠦ ᠬᠤᠷᠴᠠ ᠬᠡᠳᠡᠭ ᠨᠢ᠂ ᠬᠡᠣᠬᠡᠨ ᠤ ᠪᠠᠭᠤᠣ ᠳᠡᠬᠡᠷ᠎ᠡ ᠬᠦᠨ ᠭᠡᠭᠴᠢ ᠬᠤᠶᠠᠷ ᠮᠦᠷ | ᠰᠢᠳᠦᠨ ᠤ ᠣᠷᠣᠮ ᠭᠠᠷᠴᠠᠢ᠃ ᠬᠠᠷ᠎ᠠ ᠬᠦᠦ ᠶᠢᠨ ᠡᠬᠦᠳᠡᠨ ᠰᠢᠳᠦᠨ ᠤ ᠬᠠᠵᠠᠭᠤ ᠶᠢᠨ ᠬᠤᠶᠠᠷ ᠰᠣᠶᠤᠭ᠎ᠠ ᠨᠢ | ᠬᠡᠣᠬᠡᠨ ᠤ ᠪᠠᠭᠤᠣ ᠳᠡᠬᠡᠷ᠎ᠡ ᠨᠦᠬᠡ ᠴᠣᠭᠤᠯᠣᠨ ᠴᠢᠰᠦ ᠭᠠᠷᠭᠠᠵᠠᠢ᠃ ᠪᠢᠴᠢᠬᠠᠨ ᠴᠢᠯᠠᠭᠤᠨ ᠲᠠᠷᠬᠠᠨ ᠣᠷᠣᠭᠰᠢ | ᠣᠴᠢᠵᠣ ᠦᠩᠬᠢᠴᠢᠭᠳᠡᠭᠰᠡᠨ ᠭᠠᠷ ᠠᠯᠴᠢᠭᠤᠷ ᠭᠠᠷᠭᠠᠨ ᠬᠡᠣᠬᠡᠨ ᠤ ᠰᠢᠷᠬ᠎ᠠ ᠶᠢ ᠪᠣᠭᠤᠵᠣ ᠦᠭᠬᠦ ᠬᠡᠪᠡᠯ ᠬᠡᠣᠬᠡᠨ | ᠳᠦᠯᠬᠢᠵᠦ ᠵᠠᠶᠢᠯᠠᠭᠤᠯᠣᠭᠠᠳ᠂ ᠬᠠᠯᠠᠮᠵᠢᠯᠠᠵᠣ ᠢᠷᠡᠭᠰᠡᠨ ᠳᠡᠬᠦᠨ ᠬᠠᠷᠠᠭᠰᠠᠨ ᠴᠦ ᠦᠭᠡᠢ ᠪᠠᠷ ᠪᠡᠶ᠎ᠡ ᠪᠦᠬᠦᠶᠢᠨ | ᠭᠠᠵᠠᠷ ᠠᠴᠠ ᠰᠢᠷᠣᠢ ᠠᠳᠬᠤᠵᠣ ᠰᠢᠷᠬᠠᠨ ᠳᠡᠬᠡᠷ᠎ᠡ ᠪᠠᠨ ᠳᠠᠷᠣᠪᠠ᠃ | ︽ᠫᠺᠠᠲ᠋ᠧᠷᠢ ᠲᠠᠢ ᠰᠢᠦ︕︾ ᠭᠡᠵᠤ ᠪᠢᠴᠢᠬᠠᠨ ᠴᠢᠯᠠᠭᠤᠨ ᠲᠠᠷᠬᠠᠨ ᠰᠣᠴᠢᠨ ᠪᠠᠷᠬᠢᠷᠠᠪᠠ᠃ ᠬᠡᠣᠬᠡᠨ | ᠣᠨᠳᠣᠢ ᠰᠣᠨᠳᠣᠢ ᠴᠢᠯᠠᠭᠤᠨ ᠣᠪᠣᠭᠠᠨ ᠤ ᠡᠮᠦᠨ᠎ᠡ ᠪᠣᠴᠠᠵᠣ ᠣᠴᠢᠭᠠᠳ ᠰᠠᠭᠤᠳᠠᠯ ᠢᠶᠠᠨ ᠡᠷᠢᠨ ᠰᠠᠭᠤᠵᠣ᠂ | ᠭᠤᠣᠯ ᠤᠨ ᠣᠰᠣᠨ ᠤ ᠮᠢᠷᠠᠯᠵᠠᠵᠣ ᠪᠠᠷᠠᠰᠢ ᠦᠭᠡᠢ ᠢᠷᠠᠯᠵᠠᠭᠠ ᠶᠢ ᠬᠠᠷᠠᠵᠣ᠂ ᠴᠢᠯᠠᠭᠤ ᠪᠠᠨ ᠴᠦ ᠬᠡᠮᠬᠡᠯᠡᠯ ᠦᠭᠡᠢ | ᠬᠦᠯᠢᠷᠡᠪᠡ᠃ | ︽ᠦᠵᠡ ᠬᠡᠮ᠂ ᠪᠠᠰᠠ ᠨᠢᠬᠡ ᠨᠢ ᠳᠦᠵᠢᠷᠡᠭᠡ ᠪᠣᠯᠴᠢᠬᠠᠯ᠎ᠠ︕︾ | ︽ᠬᠠᠷ᠎ᠠ ᠬᠦᠦ ᠠᠳᠠ ᠶᠢᠨ ᠣᠪᠠᠳᠢᠰ ᠲᠠᠢ ᠴᠦ ᠮᠠᠭᠠᠳ︕︾ | ᠪᠦᠰᠡᠬᠦᠶᠢᠴᠦᠳ ᠴᠢᠬᠢ ᠴᠢᠬᠢ ᠪᠠᠨ ᠵᠠᠭᠤᠯᠴᠠᠨ ᠰᠢᠪᠡᠨᠡᠯᠳᠦᠨ᠎ᠡ᠃ | ︽ᠬᠠᠷ᠎ᠠ ᠬᠦᠦ᠂ ᠴᠢ ᠦᠩᠬᠦᠷᠢᠳᠦᠨ ᠭᠠᠷᠴᠣ ᠢᠷ᠎ᠡ︕ ᠮᠠᠭᠤ ᠬᠦᠯᠦᠬᠡ ᠴᠢ︕ ᠡᠷᠬᠢᠬᠦᠦ ᠨᠣᠬᠠᠢ ᠡᠵᠡᠨ | ᠢᠶᠠᠨ ᠬᠠᠵᠠᠨ᠎ᠠ ᠭᠡᠵᠢ᠂ ᠬᠦᠮᠦᠨ ᠤ ᠰᠠᠶᠢᠨ ᠢ ᠮᠡᠳᠡᠬᠦ ᠦᠭᠡᠢ︕︾ ᠭᠡᠵᠤ ᠪᠢᠴᠢᠬᠠᠨ ᠴᠢᠯᠠᠭᠤᠨ ᠳᠠᠷᠬᠠᠨ | ᠬᠠᠷᠢᠶᠠᠯ ᠳᠠᠯᠪᠢᠭᠰᠠᠭᠠᠷ ᠲᠡᠮᠦᠷᠴᠢᠨ ᠤ ᠵᠣᠤᠬ᠎ᠠ ᠪᠣᠢ ᠭᠤᠯᠳᠣᠩ ᠵᠦᠭ ᠶᠠᠪᠣᠪᠠ᠃ ᠠᠪᠬᠤ ᠶᠢᠨ ᠠᠷᠭ᠎ᠠ ᠦᠭᠡᠢ | ᠪᠣᠵᠠᠷ ᠮᠦᠷᠳᠡᠭᠡᠨ ᠬᠠᠪ ᠬᠠᠯᠠᠭᠤᠨ ᠣᠰᠣ ᠰᠠᠴᠣᠭᠳᠠᠨ ᠭᠠᠷᠴᠣ ᠢᠷᠡᠭᠡᠳ ᠪᠢᠴᠢᠬᠠᠨ ᠴᠢᠯᠠᠭᠤᠨ ᠳᠠᠷᠬᠠᠨ ᠢ | ᠱᠠᠯᠪᠠᠶᠢᠯᠭᠠᠪᠠ᠃ ᠣᠴᠢᠬᠤ ᠴᠢᠭ ᠰᠠᠴᠣᠬᠤ ᠵᠦᠭ ᠶᠠᠭ ᠳᠠᠭᠠᠷᠠᠭᠰᠠᠨ ᠢᠶᠠᠷ ᠳᠣᠰᠣᠯ ᠣᠰᠣ ᠴᠦ ᠪᠦᠷᠢᠯᠬᠡᠭᠳᠡᠭᠰᠡᠨ | ᠦᠭᠡᠢ᠃ ᠴᠢᠯᠠᠭᠤᠨ ᠲᠠᠷᠬᠠᠨ ᠤ ᠵᠦᠬᠡᠯᠡᠨ ᠰᠢᠷ᠎ᠠ ᠦᠰᠦ᠂ ᠢᠯᠬᠢᠨ ᠮᠠᠶ᠋ᠢᠭ ᠤᠨ ᠰᠢᠷᠢᠩᠬᠢ ᠬᠦᠷᠮ᠎ᠡ᠂ ᠲᠠᠮᠢᠷᠴᠢᠨ | ᠤ ᠳᠡᠯᠬᠡᠮᠡᠯ ᠵᠠᠭᠠᠮ᠎ᠠ ᠲᠠᠢ ᠣᠯᠠᠭᠠᠨ ᠴᠠᠮᠴᠠ ᠨᠢ ᠪᠦᠷ ᠲᠡᠮᠦᠷ ᠤᠨ ᠦᠷᠦᠪᠳᠡᠰᠦ ᠪᠠ ᠨᠡᠬᠦᠷᠡᠰᠦᠨ ᠦᠨᠡᠰᠦᠨ ᠳᠤ | ᠪᠢᠯᠳᠠᠵᠣ᠂ ᠪᠣᠵᠠᠷ ᠣᠰᠣ ᠳᠣᠯᠣᠭᠠᠢ ᠠᠴᠠ ᠨᠢ ᠬᠦᠯ ᠣᠷᠣᠭᠤ ᠨᠢ ᠭᠤᠷᠤᠬ᠎ᠠ ᠰᠢᠭ᠋ ᠣᠷᠣᠰᠣᠨ᠎ᠠ᠃ | ︽ᠨᠢᠳᠦ ᠴᠢᠨᠢ ᠨᠦᠬᠡ ᠪᠣᠯᠴᠢᠬᠠᠪᠠ ᠤᠤ︖ ᠬᠡᠨ ᠶᠤᠮ︖︾ ᠭᠡᠭᠰᠡᠭᠡᠷ ᠪᠢᠴᠢᠬᠠᠨ ᠴᠢᠯᠠᠭᠤᠨ ᠲᠠᠷᠬᠠᠨ | ᠭᠤᠯᠳᠣᠩ ᠳᠤ ᠳᠠᠭᠠᠷᠢᠵᠣ ᠣᠷᠣᠪᠠ᠃ ᠳᠡᠬᠦᠨ ᠢ ᠣᠶᠢᠰᠢᠶᠠᠭᠰᠠᠨ ᠬᠦᠮᠦᠨ ᠦᠭᠡᠢ᠃ ᠭᠤᠯᠳᠣᠩ ᠳᠠᠬᠢ ᠬᠠᠷ᠎ᠠ | ᠣᠳᠤᠭ᠎ᠠ ᠵᠠᠮᠬᠠᠷᠠᠵᠣ᠂ ᠵᠣᠤᠬ᠎ᠠ ᠶᠢᠨ ᠭᠠᠯ ᠶᠠᠭ ᠰᠠᠶᠢᠬᠠᠨ ᠳᠦᠷᠡᠯᠵᠡᠬᠡᠳ᠂ ᠪᠣᠷᠣ ᠣᠯᠠᠭᠠᠨ ᠦᠩᠬᠡᠳᠡᠢ ᠡᠪᠦᠬᠡᠨ | ᠲᠡᠮᠦᠷᠴᠢᠨ ᠣᠷᠳᠣ ᠭᠡᠭᠴᠢ ᠲᠡᠮᠦᠷ ᠤᠨ ᠵᠠᠭᠤᠳᠠᠭ ᠢᠶᠠᠷ ᠰᠢᠳᠠᠭᠳᠠᠭᠠᠳ ᠨᠡᠪᠳᠡ ᠴᠠᠶᠢᠷᠠᠭᠰᠠᠨ ᠦᠷᠦᠮᠳᠡᠬᠦᠷ ᠢ | ᠵᠣᠣᠬᠠᠨ ᠠᠴᠠ ᠭᠠᠷᠭᠠᠵᠣ ᠪᠠᠶᠢᠪᠠ᠃ ᠦᠷᠦᠮᠳᠡᠬᠦᠷ ᠤᠨ ᠦᠵᠦᠬᠦᠷ ᠫᠢᠱ ᠫᠠᠱ ᠬᠢᠨ ᠨᠢᠳᠦ ᠡᠷᠢᠶᠡᠯᠵᠡᠮ᠎ᠡ ᠪᠣᠯᠣᠳ | ᠣᠴᠢ ᠰᠠᠳᠠᠷᠠᠨᠠ᠃ ᠡᠪᠦᠬᠡᠨ ᠲᠡᠮᠦᠷᠴᠢᠨ ᠦᠷᠦᠮᠳᠡᠬᠦᠷ ᠢ ᠳᠦᠰᠢ ᠳᠡᠬᠡᠷ᠎ᠡ ᠳᠠᠯᠪᠢᠵᠣ᠂ ᠵᠢᠵᠢᠭ ᠠᠯᠤᠬ᠎ᠠ ᠪᠠᠷ | ᠦᠷᠦᠮᠳᠡᠬᠦᠷ ᠤᠨ ᠬᠦᠪᠡᠭᠡ ᠶᠢ ᠳᠡᠯᠡᠰᠦᠭᠰᠡᠨ ᠳᠤ ᠦᠷᠦᠮᠳᠡᠬᠦᠷ ᠴᠠᠩᠬᠢᠨᠠᠮᠠ ᠳᠠᠭᠤ ᠭᠠᠷᠪᠠ᠃ ᠡᠪᠦᠬᠡᠨ ᠵᠡᠬᠦᠨ | ᠭᠠᠷ ᠲᠠᠬᠢ ᠣᠷᠳᠣ ᠵᠠᠭᠤᠳᠠᠭ ᠢᠶᠠᠷ ᠢᠶᠠᠨ ᠦᠷᠦᠮᠳᠡᠬᠦᠷ ᠢ ᠬᠠᠪᠴᠢᠵᠣ ᠰᠠᠨᠠᠭ᠎ᠠ ᠪᠠᠷ ᠢᠶᠠᠨ ᠣᠷᠪᠠᠭᠤᠯᠵᠣ | ᠬᠦᠷᠪᠡᠬᠦᠯᠦᠨ᠂ ᠪᠠᠭ᠎ᠠ ᠠᠯᠤᠬ᠎ᠠ ᠪᠠᠷ ᠢᠶᠠᠨ ᠪᠣᠯᠣᠳ ᠦᠷᠦᠮᠳᠡᠬᠦᠷ ᠢ ᠳᠦᠷᠬᠡᠨ ᠳᠦᠷᠭᠡᠨ ᠳᠣᠭᠰᠢᠨᠠ᠃ ︵ ᠁ | ᠂ ᠲᠤ᠋ · ᠰᠡᠴᠡᠨᠪᠠᠶᠠᠷ ᠤᠷᠴᠢᠭᠤᠯᠪᠠ︶ ︵ᠦᠷᠭᠦᠯᠵᠢᠯᠡᠯ ᠪᠤᠢ︶ | | | |