ᠴᠤᠤᠯ ᠭᠤᠤᠯ — ᠪᠤᠯᠤᠷ ᠷᠠᠰᠢᠶᠠᠨ | ᠪᠤᠯᠠᠩᠬᠢᠷ ᠦᠬᠡᠢ ᠮᠡᠯᠮᠡᠯᠵᠡᠬᠡᠳ ᠪᠠᠶᠢᠳᠠᠭ ᠴᠤᠤᠯ ᠭᠤᠤᠯ ᠤᠨ ᠤᠰᠤ ᠶᠢ ᠪᠤᠯᠤᠷ ᠷᠠᠰᠢᠶᠠᠨ ᠬᠡᠵᠤ | ᠵᠠᠯᠠᠶᠢᠳ ᠤᠨ ᠡᠪᠤᠬᠡᠴᠤᠤᠯ ᠬᠠᠭᠤᠴᠢᠯᠠᠳᠠᠭ ᠮᠦᠡᠭᠭᠦᠨ ᠠᠶᠠᠭᠠᠨ ᠳᠠᠭᠠᠨ ᠮᠠᠯᠠᠶᠢᠨ ᠴᠯᠠᠶᠢᠳᠠᠯᠠ ᠬᠡᠮᠨᠡᠴᠢᠬᠡᠳ | ᠮᠦᠡᠭᠬᠡ ᠶᠢᠨ ᠰᠢᠳᠢ ᠲᠠᠢ ᠤᠭᠤᠷᠠᠭ ᠬᠡᠮᠡᠨ ᠤᠮᠳᠠᠯᠠᠳᠠᠭ᠃ | ᠡᠴᠡᠭᠰᠡᠨ ᠲᠤᠭᠤᠯ ᠴᠤᠤᠯ ᠤᠨ ᠪᠡᠯᠴᠢᠬᠡᠷ ᠲᠤ ᠵᠤᠯᠠᠭᠠᠭᠰᠠᠭᠠᠷ | ᠡᠷᠡᠭᠦᠯᠵᠢᠨ ᠰᠠᠷᠠᠭᠤᠯᠵᠢᠭᠠᠳ ᠲᠤᠭᠯᠠᠵᠤ ᠮᠦᠬᠡᠷᠡᠬᠡᠳ ᠠᠯᠢᠶᠠᠷᠠᠭᠳᠠᠭ | ᠲᠤᠷᠠᠭᠰᠠᠨ ᠦᠨᠢᠶ᠎ᠡ ᠴᠤᠤᠯ ᠤᠨ ᠤᠰᠤ ᠪᠠᠨ ᠬᠦᠷᠳᠡᠭᠰᠡᠬᠡᠷ | ᠲᠤᠭᠤᠭ᠎ᠠ ᠰᠠᠭᠤᠯᠭ᠎ᠠ ᠪᠠᠷ ᠦᠷᠤᠮ᠎ᠡ ᠲᠤᠰᠤ ᠨᠢ ᠪᠢᠯᠬᠠᠷᠠᠳᠠᠭ᠃ ᠴᠤᠤᠯ ᠭᠤᠤᠯ ᠤᠨ ᠲᠠᠨᠵᠢᠨ ᠳᠠᠬᠢ ᠲᠦᠮᠡᠨ | ᠰᠦᠷᠦᠭ ᠠᠳᠤᠭᠤ ᠨᠢ ᠴᠤᠤᠳᠤ ᠲᠦᠪᠡᠷᠬᠡᠨ ᠲᠠᠢ ᠢᠨᠴᠠᠭᠠᠭᠠᠯᠳᠤᠨ ᠦᠤᠷᠰᠡᠭᠦ ᠨᠢ ᠭᠤᠶᠤᠬᠠᠨ ᠴᠤᠤᠯ ᠤᠨ ᠰᠢᠯᠢ | ᠳᠠᠬᠢ ᠪᠤᠮ ᠰᠠᠶ᠎ᠠ ᠬᠤᠨᠢᠳ ᠨᠢ ᠴᠠᠭᠠᠨ ᠡᠭᠦᠯᠡ ᠰᠢᠭ ᠬᠦᠪᠤᠯᠵᠡᠬᠡᠳ ᠢᠷᠡᠭᠦ ᠨᠢ ᠭᠤᠶᠢᠳᠠᠬᠠᠨ᠃ | ᠦᠡᠭᠬᠡ ᠶᠢᠨ ᠴᠡᠴᠡᠭ ᠮᠢᠷᠠᠯᠵᠠᠨ ᠲᠡᠯᠬᠡᠷᠡᠭᠰᠡᠨ ᠠᠴᠠ | ᠦᠨᠤᠷᠳᠤ ᠵᠠᠭᠠᠷ ᠰᠢᠮᠡᠯᠢᠭ ᠲᠠᠨᠵᠢᠨ ᠳᠤᠨᠢ ᠬᠠᠨᠭ᠍ᠬᠤᠯᠤᠭᠰᠠᠨ | ᠮᠢᠩᠭᠠᠨ ᠵᠤᠶᠢᠯ ᠤᠨ ᠭᠤᠶᠤᠬᠠᠨ ᠡᠪᠡᠰᠤ ᠤᠷᠭᠤᠳᠠᠭ ᠠᠴᠠ | ᠮᠢᠨᠳᠠᠰᠤᠨ ᠵᠦᠯᠬᠡ ᠰᠢᠯᠢ ᠶᠢᠨ ᠪᠡᠯᠴᠢᠬᠡᠷ ᠲᠤᠨᠢ ᠴᠡᠯᠬᠡᠷᠡᠭᠰᠡᠨ᠃ ᠪᠤᠭᠤ ᠬᠦᠷᠤᠬᠡᠰᠤ ᠰᠦᠷᠦᠭ ᠢᠶᠠᠷ ᠢᠶᠠᠨ | ᠨᠡᠭᠦᠳᠡᠯᠯᠡᠵᠤ ᠨᠤᠳᠤᠭᠰᠢᠭᠠᠳ ᠪᠤᠯᠪᠠᠷᠠᠢ ᠨᠦᠷᠠ ᠪᠠᠨ ᠴᠤᠤᠯ ᠤᠨ ᠰᠢᠮ᠎ᠡ ᠪᠠᠷ ᠪᠤᠶᠢᠵᠢᠭᠤᠯᠳᠠᠭ ᠬᠤᠨ ᠭᠠᠯᠠᠭᠤ | ᠠᠶᠢᠮᠠᠭ ᠢᠶᠠᠷ ᠢᠶᠠᠨ ᠢᠷᠡᠵᠤ ᠡᠭᠦᠷᠯᠡᠴᠢᠬᠡᠬᠡᠳ ᠬᠦᠬᠡᠷᠤᠭᠦᠨ ᠠᠩᠭᠠᠬᠠᠢ ᠪᠠᠨ ᠴᠤᠤᠯ ᠤᠨ ᠲᠡᠵᠢᠬᠡᠯ ᠢᠶᠠᠷ ᠦᠰᠬᠡᠳᠡᠭ | ᠃ | ᠴᠤᠤᠯ ᠭᠤᠤᠯ ᠤᠨ ᠤᠭᠤᠷᠠᠭ ᠰᠦᠨ ᠤ ᠰᠢᠮ᠎ᠡ ᠪᠤᠯᠤᠭᠰᠠᠨ | ᠴᠤᠤᠳᠤ ᠡᠬᠡ ᠦᠬᠡᠯᠤᠨ ᠦᠵᠢᠨ ᠤ ᠲᠠᠬᠢᠯᠭ᠎ᠠ ᠲᠠᠢ᠂ | ᠬᠠᠮᠤᠭ ᠮᠤᠩᠭᠤᠯ ᠤᠨ ᠬᠠᠰ ᠲᠦᠷᠤ ᠶᠢ ᠴᠤᠭᠴᠠᠯᠠᠬᠤ ᠳᠤ | ᠬᠠᠳᠠᠨ ᠵᠤᠷᠢᠭ ᠢ ᠨᠢ ᠬᠦᠪᠴᠢᠯᠡᠵᠤ ᠵᠢᠯᠤᠭᠤ ᠶᠢ ᠨᠢ ᠵᠠᠯᠠᠭᠰᠠᠨ᠃ ᠪᠤᠭᠤᠷᠤᠯ ᠤᠨ ᠪᠤᠮᠠᠨ ᠦᠶ᠎ᠡ ᠠᠴᠠ ᠪᠠᠨ | ᠪᠤᠯᠪᠠᠰᠤᠨ ᠠᠷᠠᠳ ᠢᠶᠠᠨ ᠲᠡᠳᠭᠦᠵᠤ ᠲᠡᠮᠵᠢᠭᠰᠡᠨ ᠪᠤᠯᠤᠷ ᠲᠤᠩᠭᠠᠯᠠᠭ ᠷᠠᠰᠢᠶᠠᠨ ᠤ ᠰᠢᠮ᠎ᠡ ᠪᠠᠷ ᠢᠶᠠᠨ ᠪᠤᠵᠠᠷ | ᠪᠤᠷᠳᠠᠭ ᠢ ᠮᠢᠨᠢ ᠠᠷᠢᠯᠭᠠᠵᠤ ᠠᠷᠢᠭᠤᠳᠬᠠᠭᠰᠠᠨ᠃ | ᠮᠤᠬᠤᠰᠢ ᠦᠬᠡᠢ ᠪᠠᠭᠠᠳᠤᠷ ᠮᠡᠷᠬᠡᠨ ᠬᠤᠤᠰᠯᠠᠭᠰᠠᠨ | ᠮᠤᠬᠤᠯᠠᠢ ᠵᠢᠨᠤᠩ ᠤᠨ ᠤᠬᠠᠭᠠᠨ ᠪᠤᠳᠤᠯᠭ᠎ᠠ ᠲᠠᠢ ᠵᠠᠯᠠᠶᠢᠳᠴᠤᠳ | ᠮᠤᠯᠤᠷ ᠡᠷᠳᠡᠨᠢ — ᠴᠤᠤᠯ ᠭᠤᠤᠯ ᠤᠨ ᠠᠷᠢᠭᠤᠨ ᠰᠢᠮ᠎ᠡ ᠶᠢ ᠬᠦᠷᠳᠡᠨ | ᠡᠶ᠎ᠡ ᠨᠠᠶᠢᠷᠠᠮᠳᠠᠭᠤ ᠨᠡᠶᠢᠬᠡᠮ ᠵᠦᠭ ᠡᠷᠡᠯᠬᠡᠭᠯᠡᠨ ᠤᠷᠤᠭᠰᠢᠯᠠᠭᠰᠠᠨ᠃ ᠤᠳᠠ ᠬᠠᠶᠢᠯᠠᠰᠤ ᠬᠠᠪᠢ ᠲᠤᠬᠤᠢ ᠪᠠᠷ | ᠨᠢ ᠰᠢᠭᠦᠷᠯᠡᠬᠡᠳ ᠦᠵᠤᠮ ᠵᠢᠮᠢᠰ ᠤᠯᠤᠮ ᠲᠠᠩ ᠢᠶᠠᠷ ᠨᠢ ᠤᠨᠵᠢᠩᠨᠠᠨ ᠵᠢᠭᠦᠷᠳᠡᠨ ᠰᠢᠪᠠᠭᠤ ᠡᠪᠤᠯ ᠵᠤᠨ ᠦᠬᠡᠢ | ᠲᠤᠩᠭᠤᠳᠤᠭᠰᠠᠨ ᠵᠢᠷᠤᠬᠡ ᠰᠡᠳᠬᠢᠯ ᠤᠨ ᠬᠠᠶᠢᠷ᠎ᠠ ᠶᠢ ᠪᠤᠯᠢᠶᠠᠭᠰᠠᠨ ᠤᠷᠤᠨ ᠡ︕ | ᠬᠠᠯᠠᠭᠤᠨ ᠵᠤᠨ ᠰᠡᠷᠢᠭᠦᠨ ᠴᠢᠬᠢᠭ ᠲᠠᠳᠠᠭᠤᠯᠤᠨ | ᠽᠠᠮᠪᠤᠳᠢᠪ ᠤᠨ ᠴᠡᠩᠬᠡᠷ ᠮᠠᠨᠳᠠᠯ ᠠᠴᠠ ᠷᠠᠰᠢᠶᠠᠨ ᠬᠤᠷ᠎ᠠ ᠰᠠᠩᠰᠡᠷᠡᠭᠦᠯᠤᠨ | ᠬᠠᠬᠢᠷ ᠡᠪᠤᠯ ᠮᠦᠡᠭᠭᠦᠨ ᠴᠠᠭᠠᠨ ᠦᠡᠭᠬᠡ ᠪᠠᠷ ᠬᠤᠴᠢᠭᠳᠠᠭᠰᠠᠨ | ᠬᠠᠰ ᠤᠨ ᠶᠢᠷᠲᠢᠨᠴᠤ ᠳᠤ ᠪᠤᠮᠪᠠ ᠶᠢᠨ ᠬᠤᠪᠢᠯᠭᠠᠨ ᠤᠷᠤᠨ ᠡ︕ | ᠲᠠᠯ᠎ᠠ ᠨᠤᠳᠤᠭ ᠡᠪᠦᠭᠡ ᠲᠡᠬᠡᠳᠤᠰ ᠤᠨ ᠢᠪᠡᠬᠡᠵᠤ ᠬᠠᠶᠢᠷᠠᠯᠠᠭᠰᠠᠨ ᠮᠤᠩᠭᠤᠯ ᠤᠨ ᠲᠡᠯ᠎ᠠ ᠨᠤᠳᠤᠭ ᠮᠢᠨᠤ | ᠠᠮᠢᠨ ᠰᠦᠨᠡᠰᠤ ᠲᠠᠯ᠎ᠠ ᠨᠤᠳᠤᠭ ᠲᠠᠢ ᠪᠠᠨ ᠠᠮᠢ ᠨᠢᠬᠡᠳᠠᠢ ᠠᠴᠠ ᠤᠶᠢᠯᠡᠰ ᠲᠤ ᠲᠡᠷᠡ ᠨᠠᠮᠠᠢᠢ ᠲᠠᠮᠠᠤᠯᠤᠭᠦᠯᠤᠨᠠ᠃ | ᠲᠠᠯ᠎ᠠ ᠨᠤᠳᠤᠭ ᠮᠢᠨᠢ ᠰᠠᠷᠠᠭᠤᠯᠬᠠᠨ ᠪᠤᠯᠬᠤᠷ ᠲᠡᠩᠬᠢᠰ ᠲᠠᠯᠠᠢ ᠶᠢ ᠡᠪᠤᠷ ᠲᠡᠭᠡᠨ ᠤᠷᠤᠰᠬᠠᠨ᠎ᠠ᠃ ᠲᠡᠯᠡᠬᠡᠢ ᠶᠢᠨ | ᠠᠮᠢᠳᠠᠨ ᠤᠷᠭᠤᠮᠠᠯ ᠳᠤ ᠨᠤᠳᠤᠭ ᠨᠢ ᠪᠤᠯᠵᠤ ᠨᠤᠭᠤᠭᠠᠷᠠᠵᠠᠢ᠃ ᠨᠤᠭᠤᠭᠠᠨ ᠦᠡᠭᠬᠡ ᠲᠤᠩᠭᠠᠯᠠᠭ ᠲᠠᠶᠢᠪᠤᠡᠭ | ᠦᠡᠭᠬᠡ ᠪᠤᠯᠬᠤᠷ ᠨᠤᠮᠤᠬᠠᠨ ᠠᠷᠠᠳ ᠤᠨ ᠢᠶᠠᠨ ᠵᠢᠷᠭᠠᠯ ᠪᠠᠶᠠᠰᠤᠯ ᠵᠤᠶᠢᠯ ᠤᠨ ᠴᠡᠴᠡᠭ ᠲᠡᠯᠬᠡᠷᠡᠭᠰᠡᠨ ᠵᠢᠷᠭᠠᠯᠳᠤ | ᠤᠷᠳᠤᠨ ᠪᠤᠯᠤᠭᠰᠠᠨ ᠪᠤᠯᠬᠤᠷ ᠵᠠᠬ᠎ᠠ ᠶᠢᠨ ᠬᠦᠮᠤᠰ ᠵᠠᠯᠠᠭᠠᠭᠠ ᠪᠠᠷ ᠢᠷᠡᠵᠤ ᠤᠶᠢᠯᠡᠰ ᠤᠨ ᠭᠠᠯ ᠢᠶᠠᠨ ᠠᠳᠡ | ᠠᠴᠠ ᠨᠤᠴᠤᠭᠠᠨ᠎ᠠ᠃ ᠲᠠᠯ᠎ᠠ ᠨᠤᠳᠤᠭ ᠤᠨ ᠲᠠᠩᠰᠤᠭ ᠰᠤᠷᠭᠤᠭ ᠡᠪᠡᠰᠤᠨ ᠠᠴᠠ ᠲᠠᠯ᠎ᠠ ᠶᠢᠨ ᠮᠠᠯᠴᠢᠨ ᠤ ᠮᠦᠷ | ᠲᠤᠷᠠᠶᠢᠨ᠎ᠠ᠃ ᠲᠠᠩᠰᠤᠭ ᠪᠠᠶᠠᠯᠢᠭ ᠨᠤᠳᠤᠭ ᠠᠴᠠ ᠮᠢᠨᠢ ᠰᠠᠭᠠᠯᠢ ᠶᠢᠨ ᠠᠮᠳᠠᠳᠤ ᠦᠨᠤᠷ ᠬᠠᠨᠭ᠍ᠬᠤᠯᠤᠨᠠ ᠲᠠᠯ᠎ᠠ | ᠨᠤᠳᠤᠭ ᠤᠨ ᠠᠭᠤᠳᠠᠮ ᠬᠤᠷᠸ᠎ᠠ ᠳᠤ ᠮᠤᠩᠭᠤᠯ ᠬᠦᠤ ᠶᠢᠨ ᠤᠶᠠᠬᠠᠨ ᠡᠬᠡᠰᠢᠭ ᠴᠤᠤᠷᠢᠶᠠᠳᠤᠨ᠎ᠠ᠃ ᠪᠠᠶᠢᠭᠠᠯᠢ | ᠶᠢᠨ ᠴᠡᠴᠡᠷᠯᠢᠭ ᠲᠠᠯ᠎ᠠ ᠮᠢᠨᠢ ᠨᠠᠮᠠᠢᠢ ᠪᠤᠶᠢᠵᠢᠭᠤᠯᠤᠭᠰᠠᠨ ᠬᠠᠶᠢᠷᠠᠳᠤ ᠡᠵᠢ ᠪᠤᠭᠳᠠ ᠴᠢᠩᠬᠢᠰ ᠤᠨ ᠡᠵᠡᠯᠡᠵᠤ | ᠰᠤᠶᠤᠷᠬᠠᠭᠰᠠᠨ ᠨᠠᠨᠳᠢᠨ ᠦᠪ ᠬᠦᠷᠤᠩᠬᠡ ᠲᠠᠷᠬᠠᠨ ᠨᠤᠳᠤᠭ ᠤᠨ ᠬᠠᠮᠠᠭᠠᠯᠠᠯᠳᠠ ᠪᠤᠯᠤᠭᠰᠠᠨ ᠲᠠᠯ᠎ᠠ ᠮᠢᠨᠢ | ᠲᠠᠶᠠᠭᠠᠷ ᠲᠤ ᠠᠯᠳᠠᠷ ᠢᠶᠠᠨ ᠭᠠᠶᠢᠬᠠᠭᠤᠯᠤᠭᠰᠠᠨ ᠶᠤᠮ᠃ ᠲᠡᠩᠳᠠ ᠡᠪᠤᠷ ᠲᠤ ᠴᠢᠨᠢ ᠮᠦᠡᠭᠬᠡᠷᠡᠭᠦ ᠪᠤᠯᠬᠤᠷ ᠲᠠᠷ | ᠴᠢᠳᠠᠯ ᠢᠶᠠᠨ ᠲᠠᠭᠤᠰᠳᠠᠯ᠎ᠠ ᠴᠢᠮ᠎ᠠ ᠪᠠᠨ ᠪᠢ ᠬᠠᠮᠠᠭᠠᠯᠠᠵᠤ ᠶᠠᠪᠤᠶ᠎ᠠ︕ | ᠢᠷᠭᠤᠢ ᠡᠬᠡ ᠬᠤᠷᠸ᠎ᠠ ᠶᠢᠨ ᠰᠡᠷᠮᠡᠭᠦᠨ ᠠᠭᠠᠷ ᠡᠩᠬᠡᠵᠢᠭᠦ ᠤᠯᠠᠷᠢᠯ ᠤᠨ ᠬᠠᠪᠤᠷ ᠲᠠᠯᠠᠯᠠᠬᠤ ᠳᠤ ᠤᠶᠢᠯᠡᠰ | ᠤᠨ ᠰᠡᠯᠡᠭᠦᠨ ᠵᠠᠢ ᠳᠤ ᠢᠷᠭᠤᠢ ᠮᠢᠨᠢ ᠴᠢ ᠴᠡᠩᠬᠡᠷᠬᠡᠨ ᠲᠠᠯᠪᠢ ᠪᠠᠨ ᠲᠡᠯᠬᠡᠨᠡ᠃ ᠲᠠᠯ᠎ᠠ ᠶᠢᠨ ᠡᠯᠢᠬᠡ ᠨᠦᠭᠦᠳ | ᠤᠨ ᠮᠠᠯᠮᠠᠢ ᠳᠤ ᠲᠠᠭᠠᠯᠠᠭᠳᠠᠨ ᠪᠠᠶᠠᠰᠬᠤ ᠲᠠᠪᠢᠯᠠᠩ ᠲᠠᠢ ᠪᠠᠶᠢᠵᠠᠢ᠃ ᠲᠠᠨ ᠢ ᠪᠠᠨ ᠪᠢᠳᠡ ᠵᠤᠯᠭᠠᠭᠠᠬᠤ ᠦᠬᠡᠢ | ᠯᠡ ᠬᠡᠵᠤ ᠲᠡᠭᠷᠢ ᠶᠢᠨ ᠬᠢᠵᠠᠭᠠᠷ ᠠᠴᠠ ᠤᠯᠠᠷᠢᠯ ᠤᠨ ᠵᠠᠢ ᠵᠤᠶᠢᠵᠤ ᠲᠡᠭ ᠠᠴᠠ ᠡᠬᠢᠯᠡᠭᠰᠡᠨ ᠠᠯᠬᠤᠭ᠎ᠠ ᠪᠠᠨ | ᠵᠤᠷᠢᠭ ᠪᠤᠰᠤᠭ᠎ᠠ ᠡᠯᠭᠦᠨ᠎ᠡ᠃ ᠲᠠᠨ ᠢ ᠪᠠᠨ ᠮᠦᠡᠭᠬᠡ ᠲᠤᠷᠠᠰᠬᠤ ᠬᠡᠵᠤ ᠦᠵᠡᠭᠦ ᠨᠢᠳᠤᠨ ᠤ ᠴᠡᠴᠡᠬᠡᠢ ᠦᠨᠤᠰᠭᠦ | ᠬᠠᠮᠠᠷ ᠤᠨ ᠵᠠᠭᠠᠷ ᠪᠤᠯᠤᠭᠰᠠᠨ ᠦᠷ᠎ᠡ ᠶᠢᠨ ᠭᠠᠭᠴᠠ ᠬᠡᠤᠬᠡᠨ ᠳᠡᠭᠡᠨ ︵ᠢᠷᠭᠤᠢ︶ ᠨᠠᠷ᠎ᠡ ᠶᠢ ᠬᠠᠶᠢᠷᠠᠯᠠᠭᠰᠠᠨ | ᠲᠠᠨ ᠳᠠᠭᠠᠨ ᠬᠡᠭᠦ ᠤᠷᠠᠯᠢᠭ ᠤᠨ ᠷᠠᠰᠢᠶᠠᠨ ᠢ ᠲᠤᠰᠤᠯ ᠲᠤᠰᠤᠯ ᠢᠶᠠᠷ ᠬᠤᠷᠠᠮᠳᠤᠭᠤᠯᠤᠨ᠎ᠠ ᠲᠠᠯᠡᠬᠡᠢ ᠳᠡᠭᠡᠨ ᠬᠡᠭᠦ | ᠰᠤᠪᠤᠬᠤ ᠤᠶᠢᠯᠡᠰ ᠢᠶᠠᠨ ᠨᠠᠶᠢᠷᠠᠭ ᠢᠶᠠᠷ ᠰᠦᠯᠡᠨ᠎ᠡ᠃ | ᠬᠠᠶ᠋ᠢᠭ᠄ ᠵᠠᠯᠠᠶᠢᠳ ᠬᠤᠰᠢᠭᠤᠨ ᠤ ᠠᠷᠪᠡᠨᠬᠡᠷ ᠭᠤᠤᠯ ᠰᠤᠷᠭᠠᠭᠤᠯᠢ | |