ᠪᠤᠷᠵᠢᠬᠢᠨ ᠴᠠᠬᠢᠷᠮᠠ | ᠨᠤᠳᠤᠭ ᠤᠨ ᠨᠤᠭᠤᠭᠠᠨ ᠵᠤᠨ ᠤ ᠨᠠᠪᠳᠡᠷᠬᠠᠢ ᠤᠭᠴᠤᠷᠬᠠᠢ ᠲᠤᠷᠠᠳᠬᠠᠯ | ᠦᠷ ᠤᠨ ᠴᠤᠯᠮᠤᠨ ᠤ ᠬᠡᠷᠡᠯ ᠲᠤᠸᠠᠯᠠᠰ ᠲᠤᠸᠠᠯᠠᠰ | ᠡᠷᠳᠡᠴᠢ ᠲᠡᠬᠢᠶᠠᠨ ᠤ ᠲᠠᠭᠤᠨ ᠬᠢᠪ ᠬᠤᠪ | ᠰᠠᠭᠠᠯᠢᠴᠢᠨ ᠬᠡᠤᠬᠡᠨ ᠤ ᠪᠠᠷᠠ ᠮᠢᠷᠠᠰ ᠮᠢᠷᠠᠰ | ᠰᠠᠪᠠ ᠲᠠᠢ ᠴᠠᠭᠠᠨ ᠰᠦ ᠴᠠᠶᠢᠷᠠᠰ ᠴᠠᠶᠢᠷᠠᠰ | ᠰᠠᠪᠡᠭᠦᠨ ᠰᠠᠯᠬᠢ ᠰᠠᠷ ᠰᠠᠷ | ᠰᠠᠷᠨᠢᠬᠤ ᠲᠤᠯᠢᠶᠡ ᠬᠦᠪᠤᠰ ᠬᠦᠪᠤᠰ | ᠰᠠᠬᠤᠯᠢᠭ ᠡᠪᠡᠰᠤ ᠭᠤᠨᠭ᠍ᠬᠠᠰ ᠭᠠᠨᠭ᠍ᠬᠤᠰ | ᠰᠠᠷᠠᠯᠠᠩ ᠬᠤᠸᠠᠷ ᠤᠯᠠᠪᠢᠰ ᠤᠯᠠᠪᠢᠰ | ᠡᠮᠡᠭᠡ ᠶᠢᠨ ᠬᠤᠷᠮᠤᠢ ᠫᠦᠷ ᠫᠠᠷ | ᠡᠷᠪᠠᠢ ᠪᠢ ᠲᠠᠨᠳᠤᠷ ᠮᠦᠨᠳᠤᠷ | ᠤᠭᠤᠳᠤᠩ ᠪᠢᠷᠠᠭᠤ ᠲᠤᠩᠭᠤᠰ ᠲᠤᠩᠭᠤᠰ | ᠡᠷᠬᠢᠬᠦᠯᠭᠦ ᠲᠠᠰᠢᠭᠤᠷ ᠲᠠᠰ ᠨᠢᠰ | ᠨᠠᠷᠠᠨ ᠤ ᠢᠯᠴᠢ ᠨᠢᠯ ᠨᠢᠯ | ᠨᠠᠯᠪᠠᠭᠠᠷ ᠪᠦᠷᠭᠦ ᠬᠠᠯᠪᠠᠨᠭ᠌ ᠬᠠᠯᠪᠠᠨᠭ᠌ | ᠨᠢᠮᠪᠠᠶᠢᠯᠢᠭ ᠲᠠᠷᠢᠶᠠᠴᠢᠳ ᠪᠦᠭᠦᠶᠢᠰ ᠪᠦᠭᠦᠶᠢᠰ | ᠨᠢᠭᠤᠷ ᠤᠨ ᠬᠦᠯᠦᠰᠤ ᠨᠢ ᠰᠢᠪ ᠰᠢᠪ | ᠬᠡᠷᠡᠭ ᠤᠨ ᠮᠤᠤᠷ ᠬᠢᠯᠠᠪ ᠬᠠᠯᠠᠪ | ᠬᠡᠴᠡᠭᠦᠤ ᠲᠠᠶᠢᠭᠠ ᠬᠦᠪ ᠬᠠᠪ | ᠬᠡᠤᠬᠡᠳ ᠤᠨ ᠲᠠᠭᠤᠨ ᠴᠢᠰ ᠴᠠᠰ | ᠬᠦᠬᠡᠭᠳᠡᠭᠰᠡᠨ ᠮᠤᠤᠷ ᠭᠤᠰ ᠭᠠᠨᠰ | ᠠᠭᠠᠷ ᠬᠦᠬᠡᠷᠴᠤ ᠲᠤᠨᠤᠷᠠᠰ ᠲᠤᠨᠤᠷᠠᠰ | ᠠᠶᠢᠯ ᠤᠨ ᠬᠡᠤᠬᠡᠳ ᠬᠦᠷ ᠰᠠᠷ | ᠠᠳᠬᠤᠭᠰᠠᠨ ᠪᠤᠷᠭᠠᠰᠤ ᠨᠢ ᠭᠤᠳᠤᠩ ᠭᠤᠳᠤᠩ | ᠠᠶᠤᠭᠰᠠᠨ ᠡᠷᠪᠡᠬᠡᠶᠢᠳ ᠰᠦᠯᠵᠢᠰ ᠲᠡᠷᠪᠠᠰ | ᠠᠪᠤ ᠶᠢᠨ ᠠᠯᠬᠤᠳᠠᠯ ᠲᠠᠪ ᠲᠠᠪ | ᠠᠷᠴᠢᠭᠤᠷ ᠨᠢ ᠬᠢᠯᠡᠰ ᠬᠢᠯᠡᠰ | ᠡᠵᠢ ᠶᠢᠨ ᠴᠠᠢ ᠫᠤᠯ ᠫᠤᠯ | ᠡᠬᠡᠭᠦᠨ ᠦᠨᠤᠷ ᠨᠢ ᠰᠠᠩᠬᠢᠰ ᠰᠠᠩᠬᠢᠰ | ᠬᠤᠳᠠᠯᠠᠬᠤ ᠮᠠᠯ ᠤᠳ ᠲᠤᠵᠢᠷ ᠲᠤᠵᠢᠷ | ᠬᠤᠢ ᠲᠤᠭᠤᠰᠤ ᠨᠢ ᠮᠠᠨᠠᠷᠠᠰ ᠮᠠᠨᠠᠷᠠᠰ | ᠬᠦᠭᠰᠢᠳ ᠨᠢᠯᠬᠠᠰ ᠠᠶᠢᠪᠠᠢ ᠲᠠᠶᠢᠪᠠᠢ | ᠬᠤᠶᠢᠰᠢ ᠪᠠᠨ ᠤᠷᠤᠭᠰᠢ ᠪᠠᠨ ᠵᠦᠷᠢᠰ ᠵᠦᠷᠢᠰ | ᠲᠦᠷᠤᠬᠡᠨ ᠰᠠᠨᠵᠢ ᠬᠢᠨᠭ᠍ᠭᠠᠷ ᠬᠠᠨᠭ᠍ᠭᠠᠷ | ᠲᠦᠷᠤᠬᠡᠯᠡᠰᠡᠨ ᠡᠵᠡᠨ ᠨᠢ ᠴᠢᠪ ᠴᠠᠪ | ᠬᠦᠯᠦᠭ ᠤᠨ ᠲᠦᠪᠡᠷᠬᠡᠨ ᠲᠠᠪᠠᠷ ᠲᠠᠪᠠᠷ | ᠬᠦᠪᠴᠢ ᠶᠢᠨ ᠪᠤᠯᠵᠤᠭᠠ ᠢᠮ ᠰᠠᠮ | ᠲᠤᠰᠤᠨ ᠳ᠋ᠸᠡᠭ ᠤᠨ ᠰᠤᠯᠠᠪᠳᠤᠷ ᠬᠡᠷᠡᠯ ᠱᠠᠵᠢᠬᠢᠨᠠᠵᠤ | ᠲᠤᠷᠳᠤᠭ ᠲᠤᠭᠤᠰᠤ ᠨᠢ ᠠᠳᠠᠷ ᠲᠡᠰᠢ ᠮᠠᠴᠤᠵᠤ | ᠲᠤᠩᠭᠤᠶᠢᠵᠤ ᠰᠠᠭᠤᠭᠰᠠᠨ ᠡᠵᠢ ᠶᠢᠨ ᠨᠢᠳᠤ ᠤᠯᠪᠤᠭᠠᠷᠳᠤᠨ | ᠲᠤᠷᠭᠠᠨ ᠤᠳᠠᠰᠤ ᠨᠢ ᠵᠡᠭᠦᠤ ᠪᠠᠨ ᠪᠤᠷᠪᠢᠳᠤᠭᠠᠳ ᠮᠠᠩᠳᠡᠭᠦᠷᠡᠨᠡ | ᠠᠶᠢᠯ ᠬᠤᠳᠠᠯᠠᠭᠠᠷ ᠠᠮᠤᠷ ᠵᠢᠮᠤᠷ ᠢ ᠬᠦᠬᠡᠬᠡᠴᠡᠯᠳᠤᠵᠤ | ᠠᠮᠳᠠᠳᠤ ᠨᠤᠶᠢᠷ ᠲᠤ ᠪᠠᠨ ᠨᠠᠮ ᠬᠦᠮ ᠤᠷᠤᠵᠠᠢ | ᠠᠷᠪᠠᠳ ᠤᠨ ᠰᠠᠷᠠᠨ ᠮᠠᠯᠳᠠᠩ ᠮᠠᠯᠳᠠᠩ ᠰᠡᠷᠳᠡᠭᠰᠡᠬᠡᠷ | ᠠᠮᠳᠠᠳᠤ ᠲᠤᠶᠠᠭᠠ ᠪᠠᠨ ᠬᠤᠷᠸᠠ ᠲᠦᠭᠦᠷᠡᠩ ᠰᠠᠴᠤᠵᠠᠢ᠃ | ᠬᠠᠶ᠋ᠢᠭ᠄ ᠢᠨᠳᠡᠷ ᠬᠤᠶᠠᠳᠤᠭᠠᠷ ᠲᠤᠮᠳᠠᠳᠤ ᠰᠤᠷᠭᠠᠭᠤᠯᠢ ᠶᠢᠨ ᠮᠤᠩᠭᠤᠯ ᠬᠡᠯᠡᠨ ᠤ ᠲᠠᠰᠤᠭ | |