ᠨᠠᠷᠠᠨᠴᠤᠭᠳᠤ | ᠨᠤᠳᠤᠭ ᠤᠨ ᠮᠦᠷᠦᠭᠡᠳᠦᠯ | — ᠦᠰᠴᠦ ᠲᠤᠷᠨᠢᠭᠰᠠᠨ ᠦᠯᠦᠭᠡᠢ ᠨᠤᠳᠤᠭ ᠠᠯᠳᠠᠷᠳᠤ ᠰᠤᠮᠤ ᠳᠠᠭᠠᠨ | ᠪᠠᠶᠠᠨᠳᠤᠬᠤᠢ ᠮᠢᠨᠢ | ᠠᠯᠳᠠᠷᠳᠤ ᠰᠤᠮᠤ ᠶᠢᠨ ᠲᠦᠪ | ᠠᠪᠤ ᠶᠢᠨ ᠮᠢᠨᠢ ᠬᠤᠶᠠᠳᠡᠬᠢ ᠨᠤᠳᠤᠭ ᠪᠢᠯᠡ | ᠠᠷᠪᠠᠨ ᠨᠠᠢᠮᠠᠨ ᠨᠠᠰᠤᠨ ᠤ | ᠠᠮᠢᠳᠤᠷᠠᠯ ᠰᠤᠷᠤᠯᠭ᠎ᠠ ᠶᠢᠨ ᠦᠯᠦᠭᠡᠢ ᠪᠢᠯᠡ | ᠲᠡᠮᠡᠭᠡᠨ ᠭᠤᠤᠯ ᠤᠨ ᠢᠶᠠᠨ ᠦᠷᠭᠡᠨ ᠲᠡᠨᠵᠢ ᠶᠢᠨ | ᠲᠠᠯ᠎ᠠ ᠶᠢᠨ ᠲᠤᠬᠤᠢ ᠳᠤᠨᠢ ᠰᠠᠭᠤᠷᠢᠰᠢᠭᠰᠠᠨ ᠠᠴᠠ | ᠪᠤᠭᠤᠷᠤᠯ ᠡᠪᠦᠭᠡᠳ ᠮᠢᠨᠢ ᠡᠨᠡ ᠨᠤᠳᠤᠭ ᠢᠶᠠᠨ | ᠪᠠᠶᠠᠨᠳᠤᠬᠤᠢ ᠬᠡᠮᠡᠨ ᠨᠡᠷᠡᠶᠢᠳᠦᠭᠰᠡᠨ ᠪᠢᠯᠡ | ᠴᠡᠩᠭᠡᠵᠦ ᠨᠠᠭᠠᠳᠤᠨ ᠲᠤᠭᠯᠠᠭᠰᠠᠨ | ᠴᠡᠴᠡᠭᠳᠦ ᠲᠠᠯ᠎ᠠ ᠨᠢ ᠮᠦᠷᠦᠭᠡᠳᠦᠯ ᠳᠤ ᠮᠦᠰᠢᠶᠡᠨ᠎ᠡ | ᠴᠡᠴᠡᠭ ᠵᠢᠮᠢᠰ ᠮᠢᠷᠠᠯᠵᠠᠭᠰᠠᠨ | ᠴᠡᠩᠭᠡᠷ ᠠᠭᠤᠯᠠᠰ ᠨᠢ ᠡᠷᠬᠢᠴᠡᠭᠦᠯᠦᠯ ᠳᠤ ᠰᠦᠮᠪᠦᠷᠯᠡᠨᠡ | ᠠᠯᠳᠠᠷᠳᠤ ᠰᠤᠮᠤ ᠶᠢᠨ ᠪᠠᠶᠠᠨᠳᠤᠬᠤᠢ | ᠠᠩᠬᠢᠷᠬᠠᠨ ᠨᠠᠰᠤᠨ ᠤ ᠮᠦᠷᠦᠭᠡᠳᠦᠯ ᠤᠨ ᠲᠤᠬᠤᠢ | ᠠᠯᠤᠰ ᠨᠢᠰᠦᠭᠰᠡᠨ ᠰᠢᠪᠠᠭᠤᠳ ᠰᠢᠭ᠋ ᠬᠡᠤᠬᠡᠳ ᠤᠨ ᠢᠶᠠᠨ | ᠠᠯᠠᠭ ᠬᠤᠷᠸ᠎ᠠ ᠶᠢᠨ ᠬᠠᠶᠢᠷ᠎ᠠ ᠶᠢᠨ ᠲᠤᠬᠤᠢ | | ᠠᠶᠠᠭᠠᠨ ᠪᠤᠯᠠᠭ | — ᠠᠯᠳᠠᠷᠳᠤ ᠰᠤᠮᠤ ᠶᠢᠨ ᠲᠦᠪ | ᠪᠠᠶᠠᠨᠳᠤᠬᠠᠢ ᠠᠶᠢᠯ ᠶᠢᠨ ᠠᠷᠤ ᠳᠤ | ᠠᠶᠠᠭ᠎ᠠ ᠰᠢᠭ᠋ ᠪᠢᠴᠢᠬᠠᠨ ᠪᠤᠯᠠᠭ ᠪᠤᠢ | ᠠᠩᠬᠢᠷᠬᠠᠨ ᠨᠠᠰᠤᠨ ᠤ ᠮᠦᠷᠦᠭᠡᠳᠦᠯ ᠬᠠᠶᠢᠯᠠᠵᠤ | ᠠᠶᠠᠭᠠᠨ ᠪᠤᠯᠠᠭ ᠮᠢᠨᠢ ᠠᠷᠬᠢᠯᠤᠨ ᠤᠷᠤᠰᠤᠨ᠎ᠠ | ᠡᠪᠦᠯ ᠵᠤᠨ ᠭᠠᠩᠳᠠᠯ ᠦᠭᠡᠢ | ᠡᠭᠡᠰᠢᠭ ᠲᠠᠭᠤᠤ ᠲᠠᠢ ᠭᠤᠷᠴᠢᠬᠢᠨᠡᠨ ᠤᠷᠤᠰᠤᠨ᠎ᠠ | ᠬᠠᠶᠢᠯᠠᠰᠤ ᠮᠠᠶᠢᠯᠠᠰᠤᠨ ᠤ ᠵᠢᠵᠢᠭᠬᠡᠨ ᠬᠦᠳᠦᠯ ᠨᠢ | ᠬᠠᠶᠠ ᠬᠠᠶᠠ ᠵᠡᠭᠦᠳᠦᠨ ᠳᠤ ᠢᠯᠡᠷᠡᠨ᠎ᠡ | ᠬᠠᠷᠠᠵᠠ ᠶᠢᠨ ᠤᠰᠤᠨ ᠳᠤᠨᠢ ᠬᠤᠨᠢᠳ ᠢᠶᠠᠨ ᠤᠰᠤᠯᠠᠭᠰᠠᠨ | ᠬᠠᠶᠢᠷᠠᠳᠤ ᠡᠵᠢ ᠶᠢᠨ ᠮᠢᠨᠢ ᠪᠠᠷ᠎ᠠ ᠴᠦ ᠪᠦᠷᠳᠦᠯᠵᠡᠨ᠎ᠡ | ᠠᠶᠠᠭᠠᠨ ᠪᠤᠯᠠᠭ ᠤᠨ ᠮᠢᠨᠢ ᠤᠰᠤ | ᠠᠩᠬᠢᠷ ᠰᠦ ᠰᠢᠭ ᠢᠶᠠᠨ ᠠᠮᠳᠠᠳᠠᠢ | ᠠᠯᠳᠠᠨ ᠠᠶᠠᠭᠠᠨ ᠠᠴᠠ ᠤᠰᠤ ᠤᠤᠭᠤᠭᠰᠠᠨ ᠴᠦ | ᠠᠶᠠᠭᠠᠨ ᠪᠤᠯᠠᠭ ᠢᠶᠠᠨ ᠮᠠᠷᠳᠠᠬᠤ ᠦᠭᠡᠢ | | ᠬᠠᠷ᠎ᠠ ᠠᠭᠤᠯᠠ | — ᠠᠯᠳᠠᠷᠳᠤ ᠰᠤᠮᠤ ᠶᠢᠨ ᠲᠦᠪ ᠪᠠᠶᠠᠨᠳᠤᠬᠤᠢ ᠠᠶᠢᠯ ᠤᠨ | ᠪᠠᠷᠠᠭᠤᠨ ᠡᠮᠦᠨ᠎ᠠ ᠰᠦᠨᠳᠡᠷᠯᠡᠭᠡ ᠬᠠᠳᠠ ᠴᠢᠯᠠᠭᠤ ᠬᠠᠷ᠎ᠠ | ᠴᠠᠷᠠᠰᠤ ᠡᠯᠪᠡᠭ ᠠᠭᠤᠯᠠ | ᠬᠠᠷ᠎ᠠ ᠠᠭᠤᠯᠠ ᠶᠢᠨ ᠤᠷᠤᠶᠢᠳ ᠰᠠᠯᠬᠢᠨ ᠳᠤ ᠨᠠᠶᠢᠭᠤᠨ᠎ᠠ | ᠬᠠᠳᠠ ᠴᠢᠯᠠᠭᠤ ᠮᠤᠳᠤᠳ ᠨᠢ ᠰᠡᠳᠬᠢᠯ ᠳᠤ ᠱᠤᠤᠬᠢᠨ᠎ᠠ | ᠬᠠᠩᠭᠠᠢ ᠲᠡᠷᠭᠡᠨ ᠤ ᠰᠤᠨᠤᠯᠵᠠᠭᠰᠠᠨ ᠵᠦᠷᠢᠭ ᠪᠤᠳᠤᠯ ᠳᠤ ᠵᠤᠷᠠᠶᠢᠨᠠ | ᠬᠠᠶᠢᠷᠠᠳᠤ ᠡᠴᠢᠭᠡ ᠶᠢᠨ ᠲᠦᠯᠡᠭᠡᠨ ᠲᠡᠷᠭᠡ ᠲᠤᠷᠠᠳᠬᠠᠯ ᠳᠤ ᠬᠢᠬᠤᠨᠠᠨᠠ | ᠬᠠᠪᠤᠷ ᠤᠨ ᠤᠯᠠᠷᠢᠯ ᠳᠤ ᠬᠠᠷᠠᠪᠤᠷ ᠴᠡᠴᠡᠭ ᠤᠯᠠᠯᠵᠠᠨ᠎ᠠ | ᠬᠠᠯᠠᠭᠤᠨ ᠵᠤᠨ ᠳᠤ ᠬᠠᠳᠠ ᠴᠢᠯᠠᠭᠤ ᠨᠢ ᠴᠦ ᠴᠡᠯᠭᠡᠷᠡᠨᠠ | ᠬᠠᠩᠭᠠᠯ ᠨᠠᠮᠤᠷ ᠲᠤ ᠬᠠᠮᠤᠭ ᠴᠤᠭᠴᠠᠰ ᠨᠢ ᠰᠢᠷᠭᠠᠯᠳᠤᠨᠠ | ᠬᠠᠬᠢᠷ ᠡᠪᠦᠯ ᠳᠤ ᠬᠤᠩᠭᠠᠷ ᠴᠠᠰᠤ ᠨᠢ ᠬᠢᠯᠡᠯᠵᠠᠨᠠ | ᠦᠷᠦᠨ᠎ᠠ ᠵᠦᠭ ᠠᠴᠠ ᠬᠦᠶᠦᠯᠳᠦᠵᠦ ᠢᠷᠡᠭᠰᠡᠨ | ᠦᠷᠭᠦᠭᠰᠡᠨ ᠲᠡᠮᠡᠭᠡᠳ ᠤᠨ ᠴᠢᠯᠠᠭᠤᠵᠢᠮᠠᠯ ᠬᠡᠮᠡᠷ | ᠤᠨᠠᠭᠠᠨ ᠪᠠᠭ᠎ᠠ ᠶᠢᠨ ᠲᠤᠷᠠᠳᠬᠠᠯ ᠳᠤ ᠰᠦᠮᠪᠦᠷᠯᠡᠭᠰᠡᠨ | ᠦᠯᠢᠭᠡᠷ ᠲᠤᠮᠤᠭ ᠤᠨ ᠠᠭᠤᠯᠠ ᠯᠡ ᠪᠠᠶᠢᠨ᠎ᠠ | ᠲᠡᠮᠡᠭᠡᠨ ᠭᠤᠤᠯ | — ᠲᠡᠮᠡᠭᠡᠨ ᠠᠭᠤᠯᠠ ᠠᠴᠠ ᠡᠬᠢ | ᠠᠪᠴᠤ᠂ ᠠᠯᠳᠠᠷᠳᠤ ᠰᠤᠮᠤ ᠶᠢᠨ ᠨᠤᠳᠤᠭ ᠢᠶᠠᠷ ᠤᠷᠤᠰᠴᠤ ᠪᠠᠶᠢᠭ᠎ᠠ ᠭᠤᠤᠯ | ᠲᠡᠮᠡᠭᠡᠨ ᠭᠤᠤᠯ ᠲᠤᠨᠤᠯᠵᠢᠨ ᠤᠷᠤᠰᠤᠨ᠎ᠠ | ᠲᠤᠬᠤᠢ ᠪᠤᠯᠤᠩ ᠢᠶᠠᠨ ᠤᠷᠢᠶᠠᠵᠤ ᠨᠠᠮᠤᠭᠤᠬᠠᠨ ᠤᠷᠤᠰᠤᠨ᠎ᠠ | ᠲᠤᠷᠠᠳᠬᠠᠯ ᠤᠷᠤᠰᠤᠨ᠎ᠠ᠂ ᠮᠦᠷᠦᠭᠡᠳᠦᠯ ᠤᠷᠤᠰᠤᠨ᠎ᠠ | ᠲᠤᠭᠯᠠᠵᠤ ᠦᠰᠦᠭᠰᠡᠨ ᠠᠩᠬᠢᠷᠬᠠᠨ ᠨᠠᠰᠤ ᠮᠢᠨᠢ ᠤᠷᠤᠰᠤᠨ᠎ᠠ | 《 ᠲᠡᠮᠡᠭᠡᠨ ᠭᠤᠤᠯ ᠤᠨ ᠪᠤᠷᠭᠠᠰᠤ 》 ᠶᠢ ᠤᠩᠰᠢᠨ ᠰᠠᠭᠤᠬᠤ ᠳᠤ | ᠲᠡᠮᠡᠭᠡᠨ ᠭᠤᠤᠯ ᠤᠨ ᠤᠰᠤ ᠡᠷᠭᠢ ᠪᠠᠨ ᠪᠢᠯᠬᠠᠭᠤᠯᠵᠤ ᠢᠷᠡᠬᠦ ᠰᠢᠭ | ᠲᠠᠩ ᠤᠨ ᠴᠢᠯᠠᠭᠤᠨ ᠲᠡᠭᠡᠬᠦᠷ ᠨᠢ ᠲᠠᠶᠢᠪᠤᠩ ᠠᠯᠬᠤᠯᠠᠬᠤ ᠳᠤ | ᠲᠠᠩᠬᠢᠯ ᠨᠠᠰᠤᠨ ᠮᠢᠨᠢ ᠲᠠᠴᠢᠬᠢᠨᠠᠵᠤ ᠬᠦᠶᠦᠯᠳᠦᠨ ᠠᠶᠢᠰᠤᠢ ᠰᠢᠭ᠋ | ᠭᠠᠵᠠᠷ ᠤᠨ ᠵᠢᠷᠤᠭ ᠲᠤ ᠲᠡᠮᠡᠭᠡᠨ ᠭᠤᠤᠯ | ᠭᠠᠷ ᠤᠨ ᠵᠢᠷᠤᠭᠠᠰᠤ ᠶᠢᠨ ᠬᠢᠷᠢ ᠤᠷᠤᠮ ᠦᠭᠡᠢ ᠴᠦ | ᠭᠠᠩᠭᠠᠩ ᠨᠤᠳᠤᠭ ᠤᠨ ᠢᠶᠠᠨ ᠮᠦᠩᠬᠡ ᠴᠤᠬᠢᠯᠠᠬᠤ | ᠠᠮᠢᠯᠠᠯ ᠤᠨ ᠴᠡᠩᠭᠡᠷ ᠰᠤᠳᠠᠰᠤ ᠪᠢᠯᠠ | | ᠬᠠᠷ᠎ᠠ ᠮᠤᠳᠤᠨ ᠭᠤᠪᠢ | — ᠬᠠᠷ᠎ᠠ ᠠᠭᠤᠯᠠ ᠶᠢᠨ ᠨᠢᠭᠡᠨ ᠬᠠᠷ᠎ᠠ | ᠴᠠᠷᠠᠰᠤ ᠤᠯᠠᠨ ᠤᠷᠭᠤᠭᠰᠠᠨ ᠭᠤᠪᠢ | ᠬᠠᠷ᠎ᠠ ᠮᠤᠳᠤᠨ ᠭᠤᠪᠢ | ᠬᠠᠷ᠎ᠠ ᠴᠠᠷᠠᠰᠤᠨ ᠤ ᠪᠠᠷᠳᠠᠭᠠᠳᠤ ᠭᠤᠪᠢ | ᠬᠠᠶᠢᠷᠠᠳᠤ ᠡᠴᠢᠭᠡ ᠶᠢᠨ ᠮᠢᠨᠢ ᠲᠠᠷ ᠢ ᠰᠢᠪᠬᠠᠭᠰᠠᠨ | ᠬᠠᠬᠢᠷ ᠡᠪᠦᠯ ᠤᠨ ᠴᠠᠰᠦᠳᠤ ᠭᠤᠪᠢ | ᠠᠴᠢᠳᠤ ᠠᠪᠤ ᠶᠢᠨ ᠮᠢᠨᠢ ᠬᠤᠷᠴᠠ ᠰᠦᠭᠡ | ᠠᠭᠤᠯᠠᠨ ᠤ ᠴᠠᠷᠠᠰᠤ ᠶᠢ ᠬᠠᠯᠴᠠᠭᠠᠶᠢᠷᠠᠳᠠᠯᠠ ᠴᠠᠪᠴᠢᠪᠠ | ᠡᠨᠡᠷᠢᠯᠳᠦ ᠡᠵᠢ ᠶᠢᠨ ᠮᠢᠨᠢ ᠲᠦᠯᠡᠭᠰᠡᠨ ᠴᠠᠷᠠᠰᠤᠨ ᠭᠠᠯ | ᠡᠪᠦᠯ ᠲᠤᠵᠢ ᠡᠷᠦᠭᠡ ᠭᠡᠷ ᠢ ᠮᠢᠨᠢ ᠨᠢᠯ ᠬᠠᠯᠠᠭᠤᠨ ᠪᠠᠶᠢᠯᠭᠠᠪᠠ | ᠡᠴᠢᠭᠡ ᠶᠢᠨ ᠬᠠᠶᠠᠭᠰᠠᠨ ᠰᠦᠭᠡ ᠶᠢ ᠤᠳᠤ ᠡᠷᠭᠦᠪᠡᠯ | ᠡᠰᠢ ᠨᠢ ᠨᠢᠭᠡᠨᠳᠡ ᠬᠤᠭᠤᠷᠠᠭᠰᠠᠨ ᠪᠦᠭᠡᠳ ᠢᠷ ᠨᠢ ᠴᠦ ᠨᠢᠭᠡᠮᠦᠰᠦᠨ ᠵᠢᠪᠠᠷᠠᠪᠠ | ᠤᠨᠢᠶᠠᠷ ᠬᠦᠳᠡᠩ ᠲᠠᠲᠠᠭᠰᠠᠨ ᠬᠦᠭᠡ ᠠᠭᠤᠯᠠᠰ ᠮᠢᠨᠢ | ᠤᠷᠤ ᠤᠷᠤᠨ ᠳᠠᠭᠠᠨ ᠲᠦᠨᠳᠦᠶᠢᠯᠴᠠᠨ ᠤᠶᠢᠳᠬᠠᠷᠳᠠᠶᠢᠬᠠᠨ ᠱᠤᠤᠬᠢᠨ᠎ᠠ | | ᠴᠠᠭᠠᠨ ᠤᠯᠢᠶᠠᠰᠤᠨ ᠭᠤᠪᠢ | — ᠴᠠᠭᠠᠨ ᠤᠯᠢᠶᠠᠰᠤ ᠡᠯᠪᠡᠭ ᠤᠷᠭᠤᠭᠰᠠᠨ | ᠬᠠᠷ᠎ᠠ ᠠᠭᠤᠯᠠ ᠶᠢᠨ ᠨᠢᠭᠡᠨ ᠭᠤᠪᠢ | ᠴᠠᠭᠠᠨ ᠤᠯᠢᠶᠠᠰᠤᠨ ᠭᠤᠪᠢ | ᠴᠡᠴᠡᠭ ᠵᠢᠮᠢᠰ ᠤᠨ ᠭᠤᠪᠢ | ᠴᠠᠶᠢᠯᠭᠠᠨ ᠪᠠᠯᠴᠢᠷᠬᠠᠨ ᠨᠠᠰᠤᠨ ᠤ ᠮᠢᠨᠢ | ᠴᠡᠩᠬᠡᠯ ᠵᠢᠷᠭᠠᠯ ᠤᠨ ᠭᠤᠪᠢ | ᠴᠠᠭ ᠤᠨ ᠰᠠᠶᠢᠬᠠᠨ ᠬᠤᠷ᠎ᠠ ᠨᠢ | ᠴᠠᠶᠢᠷᠠᠵᠤ ᠨᠡᠯᠦᠶᠢᠭᠡᠳ ᠢᠷᠡᠳᠡᠭ | ᠴᠡᠯᠡᠭᠡᠷ ᠨᠤᠭᠤᠭᠠᠨ ᠭᠤᠪᠢ ᠨᠢ | ᠴᠠᠩᠭ᠎ᠠ ᠪᠠᠨ ᠲᠠᠶᠢᠯᠤᠭᠠᠳ ᠲᠡᠨᠡᠶᠢᠳᠡᠭ | ᠬᠦᠭᠡ ᠴᠠᠭᠠᠨ ᠮᠦᠬᠦ ᠨᠢ | ᠬᠦᠷᠢᠶ᠎ᠠ ᠲᠠᠳᠠᠨ ᠬᠦᠭᠡᠷᠡᠳᠡᠭ | ᠬᠦᠷᠡᠩ ᠤᠯᠠᠭᠠᠨ ᠵᠢᠮᠢᠰ ᠨᠢ | ᠬᠦᠨᠳᠡᠢ ᠲᠦᠭᠦᠷᠡᠳᠡᠯᠠ ᠤᠯᠠᠶᠢᠳᠠᠭ | | ᠡᠭᠡ ᠰᠤᠷᠭᠠᠭᠤᠯᠢ ᠮᠢᠨᠢ | — ᠠᠯᠳᠠᠷᠳᠤ ᠲᠤᠮᠳᠠᠳᠤ ᠪᠠᠭ᠎ᠠ ᠰᠤᠷᠭᠠᠭᠤᠯᠢ ᠳᠤ | ᠨᠡᠶᠢᠳᠡ ᠨᠠᠢᠮᠠᠨ ᠵᠢᠯ ᠪᠢᠴᠢᠭ ᠦᠵᠡᠪᠡ | ᠡᠭᠡ ᠰᠤᠷᠭᠠᠭᠤᠯᠢ ᠮᠢᠨᠢ | ᠠᠪᠦ ᠶᠢᠨ ᠬᠠᠳᠠᠭᠤ ᠵᠠᠷᠯᠢᠭ ᠰᠢᠭ᠋ | ᠠᠯᠳᠠᠨ ᠬᠤᠩᠬᠤ ᠶᠢᠨ ᠲᠠᠭᠤ ᠴᠢᠨᠢ | ᠠᠳᠡᠷ ᠲᠡᠨᠢᠬᠦᠨ ᠪᠡᠯᠴᠢᠭᠡᠷ ᠰᠢᠭ | ᠠᠭᠤᠳᠠᠮ ᠲᠠᠮᠢᠷ ᠤᠨ ᠲᠠᠯᠠᠪᠤᠷ ᠴᠢᠨᠢ | ᠲᠤᠷᠠᠳᠬᠠᠯ ᠪᠤᠯᠵᠦ ᠮᠦᠷᠦᠭᠡᠳᠡᠭᠳᠡᠨᠠ | ᠲᠤᠪ ᠲᠤᠭᠤᠶᠢᠬᠠᠨ ᠲᠤᠪ ᠲᠤᠭᠤᠶᠢᠬᠠᠨ | ᠲᠤᠭᠵᠢᠷᠠᠭᠰᠠᠨ ᠨᠤᠶᠢᠷ ᠲᠤ ᠵᠡᠭᠦᠳᠦᠯᠡᠭᠳᠡᠨᠡ | | ᠵᠢᠪᠳᠦ ᠶᠢᠨ ᠲᠠᠪᠠᠭ᠎ᠠ | — ᠠᠯᠳᠠᠷᠳᠤ ᠰᠤᠮᠦ ᠶᠢᠨ ᠪᠠᠶᠠᠨᠳᠤᠬᠤᠢ | ᠠᠶᠢᠯ ᠤᠨ ᠵᠡᠭᠦᠨ ᠡᠮᠦᠨ᠎ᠡ ᠪᠠᠶᠢᠭ᠎ᠠ | ᠤᠷᠢᠳ ᠤᠨ ᠵᠠᠰᠠᠮᠠᠯ ᠵᠠᠮ ᠵᠠᠪᠠᠯ ᠦᠩᠭᠡᠷᠡᠳᠡᠭ ᠲᠠᠪᠠᠭ᠎ᠠ ᠵᠢᠪᠳᠦ ᠶᠢᠨ ᠲᠠᠪᠠᠭ᠎ᠠ ᠵᠢᠷ ᠤᠨ ᠨᠢᠭᠡᠨ ᠲᠠᠪᠠᠭ᠎ᠠ | ᠵᠢᠷᠦᠬᠡ ᠰᠡᠳᠬᠢᠯ ᠳᠤ ᠬᠤᠨᠤᠭᠰᠢᠭᠰᠠᠨ ᠵᠢᠷ ᠤᠨ ᠪᠤᠰᠤ ᠮᠦᠷᠦᠭᠡᠳᠦᠯ ᠤᠨ ᠲᠠᠪᠠᠭ᠎ᠠ ᠠᠷᠪᠠᠨ ᠨᠠᠢᠮᠠᠨ ᠨᠠᠰᠤᠨ ᠤ | ᠠᠩᠬ᠎ᠠ ᠲᠠᠪᠠᠭᠰᠠᠨ ᠲᠠᠪᠠᠭ᠎ᠠ ᠠᠯᠤᠰ ᠬᠤᠯᠠ ᠮᠤᠷᠳᠠᠬᠤ ᠳᠤ ᠠᠷᠤ ᠠᠴᠠ ᠮᠢᠨᠢ ᠦᠳᠡᠭᠰᠡᠨ ᠲᠠᠪᠠᠭ᠎ᠠ ᠵᠢᠪᠳᠤ ᠶᠢᠨ | ᠲᠠᠪᠠᠭ᠎ᠠ ᠵᠠᠭᠦᠳᠦ ᠵᠡᠷᠭᠡᠯᠭᠡᠨ ᠳᠤ ᠨᠠᠶᠢᠭᠤᠨ᠎ᠠ ᠵᠠᠯᠠᠭᠤ ᠪᠠᠯᠴᠢᠷ ᠨᠠᠰᠤ ᠮᠢᠨᠢ ᠵᠠᠯᠠᠭᠠᠳᠤ ᠶᠢᠨ ᠲᠠᠯ᠎ᠠ ᠳᠤᠨᠢ | ᠲᠤᠭᠯᠠᠨ᠎ᠠ | | | ᠡᠯᠴᠢᠳᠡᠢ ᠠᠭᠤᠯᠠ | — ᠪᠤᠭᠳᠠ ᠠᠭᠤᠯᠠ ᠶᠢᠨ ᠲᠠᠪᠤᠨ ᠰᠢᠳᠦᠭᠡᠨ ᠤ ᠨᠢᠭᠡ ᠡᠯᠴᠢᠨ | ᠰᠠᠶᠢᠳ ᠤᠨ ᠤᠷᠤᠩᠨᠠᠭᠰᠠᠨ ᠵᠠᠯᠠᠶᠢᠳ ᠮᠤᠩᠭᠤᠯᠴᠤᠳ ᠤᠨ | ᠰᠢᠳᠦᠬᠡᠨᠳᠦ ᠠᠭᠤᠯᠠ᠂ ᠠᠯᠳᠠᠷᠳᠤ ᠰᠤᠮᠦ ᠪᠠ ᠬᠦᠷᠡᠯ | ᠪᠠᠯᠭᠠᠰᠤᠨ ᠤ ᠬᠢᠯᠢ ᠲᠠᠭᠡᠷ᠎ᠡ ᠰᠦᠨᠳᠡᠷᠯᠡᠵᠤ ᠪᠤᠢ | ᠡᠯᠴᠢᠨ ᠰᠠᠶᠢᠳ ᠤᠨ ᠠᠭᠤᠯᠠ | ᠡᠬᠦᠯᠡ ᠪᠤᠷᠤᠭᠠᠨ ᠢᠶᠠᠨ ᠤᠷᠢᠵᠤ ᠰᠦᠮᠪᠦᠷᠯᠡᠨᠡ | ᠡᠷᠬᠢᠨ ᠲᠤᠭᠤᠷᠢᠨ ᠤ ᠬᠢᠨᠢ ᠠᠶᠢᠯ ᠲᠤᠰᠬᠤᠨ | ᠡᠯᠴᠢᠳᠡᠢ ᠠᠭᠤᠯᠠ ᠪᠠᠨ ᠰᠢᠳᠦᠵᠦ ᠵᠢᠷᠭᠠᠨ᠎ᠠ | ᠡᠩᠭᠦᠷᠡᠢ ᠦᠷ᠎ᠡ ᠪᠠᠨ ᠦᠭᠡᠶᠢᠯᠡᠨ ᠦᠨᠳᠡᠯᠵᠡᠭᠰᠡᠨ | ᠡᠵᠢ ᠠᠪᠤ ᠶᠢᠨ ᠬᠤᠶᠠᠷ ᠱᠤᠷᠤᠩ ᠨᠢ | ᠡᠨᠡ ᠬᠤᠷᠸ᠎ᠠ ᠳᠤ ᠦᠨᠢ ᠰᠡᠭᠦᠶᠢᠬᠦ ᠬᠠᠶᠢᠷ᠎ᠠ ᠶᠢᠨ ᠬᠤᠶᠠᠷ ᠤᠷᠬᠢᠯ ᠪᠢᠯᠡ | ᠡᠯᠴᠢᠨ ᠰᠠᠶᠢᠳ ᠤᠨ ᠠᠭᠤᠯᠠ | ᠡᠨᠡ ᠨᠤᠳᠤᠭ ᠤᠨ ᠰᠢᠳᠤᠭᠡᠨᠳᠤ ᠠᠭᠤᠯᠠ | ᠡᠷᠪᠡᠢ ᠪᠠᠭ᠎ᠠ ᠨᠠᠰᠤᠨ ᠤ ᠮᠢᠨᠢ | ᠡᠷᠬᠢᠴᠡᠭᠦᠯᠦᠯ ᠳᠤ ᠮᠦᠩᠭᠡᠷᠡᠭᠰᠡᠨ ᠠᠭᠤᠯᠠ | | | ᠬᠠᠷ᠎ᠠ ᠴᠡᠭᠡᠯ | — ᠪᠠᠶᠠᠨᠳᠤᠬᠤᠢ ᠶᠢᠨ ᠡᠮᠦᠨᠡᠭᠦᠷ ᠤᠷᠤᠰᠴᠤ ᠪᠠᠶᠢᠭ᠎ᠠ | ᠲᠡᠮᠡᠭᠡᠨ ᠭᠤᠤᠯ ᠤᠨ ᠬᠠᠮᠤᠭ ᠤᠨ ᠬᠦᠨ ᠴᠡᠭᠡᠯ | ᠬᠠᠷ᠎ᠠ ᠴᠡᠬᠡᠯ ᠤᠨ ᠴᠡᠩᠭᠡᠷ ᠤᠷᠤᠰᠬᠠᠯ | ᠬᠤᠶᠠᠷ ᠡᠷᠭᠢ ᠪᠠᠨ ᠪᠢᠯᠬᠠᠭᠤᠯᠤᠨ ᠲᠤᠯᠬᠢᠶᠠᠯᠠᠳᠠᠭ ᠪᠠᠶᠢᠭᠰᠠᠨ | ᠬᠠᠶᠢᠯᠠᠰᠤ ᠮᠠᠶᠢᠯᠠᠰᠤᠨ ᠨᠤᠭᠤᠭᠠᠨ ᠤᠢ ᠨᠢ | ᠬᠠᠷᠢ ᠶᠢᠨ ᠰᠢᠪᠠᠭᠤᠳ ᠢᠶᠠᠨ ᠤᠷᠢᠵᠤ ᠲᠤᠩᠭᠤᠳᠤᠭᠤᠯᠳᠠᠭ ᠪᠠᠶᠢᠭᠰᠠᠨ | ᠲᠠᠷᠢᠶᠠᠨ ᠵᠤᠷᠬ᠎ᠠ ᠠᠭᠠᠯᠵᠢᠨ ᠲᠤᠤᠷ ᠰᠢᠤᠬᠠᠨ | ᠲᠠᠯ᠎ᠠ ᠬᠦᠳᠡᠭᠡ ᠶᠢ ᠡᠷᠢᠶᠠᠴᠡᠨ ᠰᠡᠭᠴᠢᠭᠰᠡᠨ ᠴᠦ | ᠲᠠᠷᠭᠤᠨ ᠰᠦᠷᠦᠭ ᠤᠨ ᠨᠤᠭᠤᠭᠠᠨ ᠪᠡᠯᠴᠢᠭᠡᠷ ᠮᠢᠨᠢ | ᠲᠠᠷᠢᠶᠠᠯᠠᠩ ᠤᠨ ᠵᠠᠬ᠎ᠠ ᠳᠤ ᠰᠢᠬᠠᠭᠳᠠᠨ ᠦᠯᠡᠳᠡᠭᠰᠡᠨ ᠴᠦ | ᠴᠡᠭᠡᠯ ᠤᠨ ᠤᠰᠤ ᠴᠢᠨᠢ ᠰᠢᠷᠬᠢᠭᠰᠡᠨ ᠢᠶᠠᠷ ᠦᠭᠡᠢ | ᠴᠡᠭᠡᠨ ᠴᠢᠯᠠᠭᠤ ᠴᠢᠨᠢ ᠬᠠᠭᠠᠷᠠᠭᠰᠠᠨ ᠢᠶᠠᠷ ᠦᠭᠡᠢ | ᠴᠡᠴᠡᠭᠳᠤ ᠡᠷᠬᠢ ᠴᠢᠨᠢ ᠶᠡᠭᠦᠷᠡᠭᠰᠡᠨ ᠢᠶᠠᠷ ᠦᠭᠡᠢ | ᠴᠡᠩᠬᠡᠷᠯᠡᠨ ᠲᠤᠨᠤᠯᠵᠢᠬᠤ ᠬᠠᠷ᠎ᠠ ᠴᠡᠭᠡᠯ ᠮᠢᠨᠢ | | | ᠲᠠᠭᠳᠤ ᠶᠢᠨ ᠠᠭᠤᠢ | — ᠬᠢᠩᠭᠠᠨ ᠤ ᠤᠳᠠᠢ ᠬᠡᠮᠡᠨ ᠠᠯᠳᠠᠷᠰᠢᠭᠰᠠᠨ ᠠᠯᠳᠠᠷᠳᠤ ᠰᠤᠮᠦ ᠶᠢᠨ | ᠪᠠᠶ᠎ᠠ ᠭᠠᠴᠠᠭᠠᠨ ᠤ ᠪᠠᠷᠠᠭᠤᠨ ᠬᠤᠶᠢᠨ᠎ᠠ ᠪᠠᠶᠢᠭ᠎ᠠ | ᠲᠤᠮᠤᠭᠳᠤ ᠠᠭᠤᠢ | ᠲᠤᠷᠤᠮ ᠬᠡᠬᠡᠨ ᠤ ᠰᠠᠬᠢᠭᠤᠰᠤ ᠲᠠᠢ ᠬᠡᠮᠡᠨ | ᠲᠠᠶᠠᠭᠠᠷ ᠴᠢᠮ᠎ᠠ ᠳᠤ ᠰᠦᠰᠦᠭᠯᠡᠨᠠ | ᠲᠠᠭᠲᠠᠷ ᠮᠤᠭᠠᠢ ᠶᠢ ᠲᠠᠷᠤᠭᠰᠠᠨ ᠬᠡᠮᠡᠨ | ᠲᠤᠮᠤᠭ ᠦᠯᠢᠬᠡᠷ ᠤᠯᠠᠮᠵᠢᠯᠠᠭᠳᠠᠨ᠎ᠠ | ᠡᠪᠳᠡᠷᠬᠡᠢ ᠪᠠᠭᠤᠷᠢ ᠠᠳᠡ ᠲᠡᠨᠳᠡ | ᠡᠷᠡᠮᠠ ᠰᠢᠷᠠᠯᠵᠢ ᠬᠦᠷᠢᠶ᠎ᠠ ᠲᠦᠬᠦᠷᠡᠩ | ᠡᠭᠡᠰᠢᠭᠯᠡᠨ ᠤᠩᠰᠢᠬᠤ ᠨᠤᠮ ᠤᠨ ᠲᠠᠭᠤᠨ ᠢ | ᠡᠷᠬᠢᠴᠡᠬᠦᠯᠦᠨ ᠴᠢᠩᠨᠡᠨ ᠨᠠᠮ ᠵᠤᠭᠰᠤᠬᠤ ᠳᠤ | ᠬᠦᠵᠢᠰ ᠤᠨ ᠤᠳᠤᠭ᠎ᠠ ᠰᠤᠭᠤᠨᠠᠭᠯᠠᠬᠤ ᠰᠢᠭ᠋ ᠬᠠᠷᠠᠭᠳᠠᠨ᠎ᠠ | ᠬᠤᠩᠬᠤ ᠲᠠᠮᠤᠷᠦ ᠬᠠᠩᠬᠢᠨᠠᠬᠤ ᠰᠢᠭ᠋ ᠰᠤᠨᠤᠰᠳᠠᠨ᠎ᠠ | ᠬᠤᠯᠠ ᠶᠢᠨ ᠲᠡᠤᠭᠡ ᠪᠤᠴᠠᠨ ᠢᠷᠡᠬᠦ ᠰᠢᠭ ᠰᠠᠨᠠᠭᠳᠠᠨ᠎ᠠ | ᠬᠤᠪᠢᠯᠭᠠᠨ ᠭᠡᠭᠡᠨ ᠵᠠᠯᠠᠷᠠᠨ ᠪᠠᠭᠤᠬᠤ ᠰᠢᠭ᠋ ᠦᠵᠡᠭᠳᠡᠨ᠎ᠡ | | | ᠡᠵᠢ ᠶᠢᠨ ᠮᠢᠨᠢ ᠭᠠᠭᠴᠠ ᠮᠤᠳᠤ ᠲᠠᠢ ᠲᠠᠯ᠎ᠠ | — ᠵᠤᠨ ᠤ ᠪᠤᠷᠤᠭᠠᠨ ᠤ ᠲᠠᠷᠠᠭ᠎ᠠ ᠡᠵᠢ ᠶᠢᠨ ᠮᠢᠨᠢ ᠮᠦᠬᠦ ᠲᠡᠬᠦᠳᠡᠭ | ᠦᠩ ᠰᠢᠮᠢᠯᠢᠭ ᠲᠠᠯ᠎ᠠ᠂ ᠪᠠᠶᠠᠨᠳᠤᠬᠤᠢ ᠶᠢᠨ ᠪᠠᠷᠠᠭᠤᠨ ᠳᠤ ᠪᠤᠢ | ᠡᠵᠢ ᠶᠢᠨ ᠮᠢᠨᠢ ᠭᠠᠭᠴᠠ ᠮᠤᠳᠤ ᠲᠠᠢ ᠲᠠᠯ᠎ᠠ | ᠡᠷᠬᠢᠴᠡᠬᠦᠯᠦᠯ ᠳᠤ ᠦᠩᠬᠡᠳᠦ ᠵᠢᠷᠤᠭ ᠰᠢᠭ᠋ ᠬᠠᠯᠢᠭᠤᠷᠠᠨ᠎ᠠ | ᠡᠪᠦᠭᠡᠨ ᠭᠠᠭᠴᠠ ᠱᠠᠩᠰᠢ ᠨᠢ ᠮᠦᠷᠦᠭᠡᠳᠦᠯ ᠳᠤ | ᠡᠭᠦᠯᠡ ᠴᠦ ᠬᠡᠮᠡᠷ ᠰᠢᠬᠦᠷᠯᠡᠵᠦ ᠬᠠᠷᠠᠭᠳᠠᠨ᠎ᠠ | ᠦᠩᠭᠡᠷᠡᠭᠰᠡᠨ ᠪᠤᠷᠤᠭᠠᠨ ᠤ ᠲᠠᠷᠠᠭ᠎ᠠ ᠵᠠᠪᠠᠯ ᠲᠠᠲᠠᠳᠠᠭ | ᠦᠩᠭᠡᠳᠦ ᠰᠤᠯᠤᠩᠭ᠎ᠠ ᠨᠢ ᠬᠠᠷᠠᠭᠠᠨ ᠳᠤ ᠨᠤᠮᠤᠯᠵᠠᠨᠠ | ᠦᠷᠦᠰᠢᠶᠡᠯᠳᠦ ᠡᠵᠢ ᠶᠢᠨ ᠮᠢᠨᠢ ᠪᠠᠭ᠋ᠠᠷᠬᠠᠨ ᠲᠡᠬᠦᠳᠡᠭ | ᠦᠨᠦᠷᠳᠤ ᠮᠦᠬᠦ ᠨᠢ ᠰᠡᠳᠬᠢᠯ ᠳᠤ ᠰᠡᠩᠬᠢᠨᠡᠨ᠎ᠡ | ᠤᠯᠠᠭᠠᠨ ᠰᠢᠰᠢ ᠲᠦᠷᠡᠯᠵᠡᠨ ᠤᠷᠭᠤᠭᠰᠠᠨ ᠡᠨᠡ ᠲᠠᠯ᠎ᠠ ᠠᠴᠠ | ᠦᠡᠭᠬᠡᠷᠡᠨ ᠤᠳᠤᠭᠰᠠᠨ ᠤᠨ ᠰᠠᠷ᠎ᠠ ᠶᠢ ᠤᠷᠪᠠᠭᠤᠯᠤᠨ ᠰᠠᠭᠤᠬᠤ ᠳᠤ | ᠦᠩᠭᠡᠳᠦ ᠰᠤᠯᠤᠩᠭ᠎ᠠ ᠂ ᠦᠨᠦᠷᠳᠦ ᠮᠦᠬᠦ᠂ ᠦᠷᠦᠰᠢᠶᠡᠯᠳᠦ ᠡᠵᠢ ᠮᠢᠨᠢ | ᠡᠪᠬᠡᠮᠡᠯ ᠵᠢᠷᠤᠭ ᠬᠠᠭᠤᠳᠠᠰᠤᠨ ᠳᠤ ᠨᠠᠮᠢᠯᠵᠠᠨ ᠢᠷᠡᠬᠦ ᠰᠢᠭ | |