ᠡᠰᠡᠨᠢᠯ ᠬᠤᠶᠠᠷ ᠤᠨ ᠲᠦᠷᠪᠡ | ᠲᠠᠯᠠᠪᠴᠢ ᠨᠢ ᠬᠤᠭᠤᠷᠠᠭᠰᠠᠨ ᠰᠢᠪᠠᠭᠤ | ᠨᠠᠷᠠᠨ ᠤ ᠭᠡᠷᠡᠯ ᠰᠠᠴᠤᠷᠠᠨ ᠮᠠᠨᠳᠤᠵᠤ ᠡᠭᠦᠯᠡᠰ ᠠᠭᠤᠯᠠᠰ ᠢ ᠨᠡᠪᠳᠡᠯᠤᠨ ᠬᠦᠮᠤᠨ ᠤ ᠰᠡᠳᠬᠢᠯ ᠳᠤ ᠡᠶᠡᠯᠰᠡᠭ | ᠲᠤᠯᠠᠭᠠᠬᠠᠨ ᠰᠠᠨᠠᠭᠳᠠᠨ᠎ᠠ᠃ ᠭᠡᠪᠡᠴᠤ ᠪᠢᠴᠢᠬᠠᠨ ᠬᠦᠤ ᠲᠤᠯᠭ᠎ᠠ ᠳᠤ ᠦᠴᠤᠭᠡᠨ ᠭᠡᠷᠡᠯ ᠲᠡᠳᠤᠢ ᠯᠡ ᠶᠤᠮ ᠡ︕ | ᠶᠠᠮᠠᠷ ᠴᠦ ᠰᠢᠨ᠎ᠡ ᠰᠤᠷᠭᠤᠭ ᠰᠠᠨᠠᠭᠳᠠᠭᠰᠠᠨ ᠦᠭᠡᠢ᠃ ᠡᠨᠡ ᠬᠦᠤ ᠰᠤᠷᠤᠯᠭ᠎ᠠ ᠳᠤ ᠪᠠᠨ ᠲᠤᠩ ᠠᠨᠠᠢ ᠪᠤᠯᠬᠤᠷ | ᠦᠷᠭᠦᠯᠵᠢ ᠪᠠᠭᠰᠢ ᠶᠢᠨ ᠢᠶᠠᠨ ᠰᠢᠭᠦᠮᠵᠢᠯᠡᠯ ᠢ ᠬᠦᠷᠳᠡᠳᠡᠭ᠃ ᠭᠡᠪᠡᠴᠤ ᠬᠠᠷ᠎ᠠ ᠰᠢᠷᠤᠢ ᠳᠤ ᠲᠠᠷᠤᠭᠳᠠᠭᠰᠠᠨ ᠠᠯᠳᠠ | ᠠᠯᠢ ᠨᠢᠭᠡ ᠡᠳᠤᠷ ᠬᠢᠯᠠᠰ ᠭᠡᠷᠡᠯ ᠢᠶᠠᠨ ᠰᠠᠴᠤᠷᠠᠭᠤᠯᠬᠤ ᠲᠠᠢ ᠠᠳᠠᠯᠢ ᠪᠢᠴᠢᠬᠠᠨ ᠲᠤᠯᠭ᠎ᠠ ᠶᠢᠨ ᠲᠠᠭᠤᠤ ᠬᠦᠭᠵᠢᠮ | ᠳᠤ ᠠᠪᠢᠶᠠᠰ ᠲᠠᠢ ᠪᠠᠶᠢᠳᠠᠭ ᠤᠷᠮ᠎ᠠ ᠰᠡᠳᠬᠢᠯᠭᠡ ᠶᠢ ᠨᠢ ᠬᠡᠵᠢᠶᠠᠳᠠ ᠪᠤᠯᠠᠰᠢᠯᠠᠵᠤ ᠴᠢᠳᠠᠬᠤ ᠦᠭᠡᠢ ᠪᠠᠶᠢᠯ᠎ᠠ᠃ | ᠬᠠᠶᠢᠷ᠎ᠠ ᠨᠠᠶᠢᠷ ᠦᠭᠡᠢ ᠤᠷᠴᠢᠯᠡᠩ ᠤᠨ ᠬᠠᠯᠠ ᠲᠠᠢ ᠠᠮᠢᠳᠤᠷᠠᠯ ᠲᠡᠭᠦᠨ ᠤ ᠪᠤᠳᠤᠭᠰᠠᠨ ᠲᠠᠢ ᠶᠠᠭ ᠡᠰᠡᠷᠭᠦ | ᠪᠠᠶᠢᠵᠠᠢ᠃ ᠤᠴᠢᠷ ᠨᠢ ᠲᠡᠭᠦᠨ ᠤ ᠠᠪᠤ ᠡᠵᠢ ᠨᠢ ᠦᠷᠭᠦᠯᠵᠢ᠄ 《 ᠮᠢᠨᠤ ᠬᠦᠤ᠂ ᠲᠠ ᠡᠳᠤᠷᠵᠢᠨ ᠲᠠᠭᠤᠤ ᠬᠦᠭᠵᠢᠮ | ᠬᠢᠩᠰᠢᠬᠦ ᠪᠠᠷ ᠢᠶᠠᠨ ᠡᠷᠳᠡᠮ ᠨᠤᠮ ᠢᠶᠠᠨ ᠢᠯᠡᠭᠦᠭᠡᠨ ᠰᠤᠷ ᠡ︕ ᠲᠠ ᠪᠤᠯ ᠮᠠᠨ ᠤ ᠭᠡᠷ ᠤᠨ ᠬᠦᠰᠡᠯ ᠡᠷᠡᠮᠡᠯᠵᠡᠯ | ᠰᠢᠤ︕ ᠲᠠᠭᠤᠤ ᠲᠠᠭᠤᠯᠠᠭᠠᠳ ᠶᠠᠩ ᠲᠠᠳᠠᠭᠠᠳ ᠬᠡᠵᠢᠶ᠎ᠠ ᠦᠵᠤᠭᠦᠷ ᠭᠠᠷᠬᠤ ᠪᠤᠢ︖ ᠢᠷᠡᠭᠡᠳᠤᠢ ᠪᠠᠨ | ᠪᠤᠳᠤᠯᠬᠢᠯᠠᠬᠤ ᠭᠡᠷᠡᠭᠳᠡᠢ ᠳ᠋ᠠ︕ 》 ᠭᠡᠵᠤ ᠲᠠᠪᠳᠠᠨ ᠶᠠᠷᠢᠳᠠᠭ᠃ | ᠲᠡᠶᠢᠮᠤ ᠡ︕ ᠡᠵᠢ ᠠᠪᠤ ᠶᠢᠨ ᠢᠳᠡᠭᠡᠮᠵᠢ ᠪᠡ ᠬᠠᠪᠰᠤᠷᠤᠯᠭ᠎ᠠ ᠲᠡᠮᠵᠢᠯᠭᠡ ᠦᠭᠡᠢ ᠪᠤᠯ ᠮᠢᠨᠤ ᠲᠠᠭᠤᠴᠢᠨ | ᠪᠤᠯᠬᠤ ᠬᠦᠰᠡᠯ ᠶᠠᠭ ᠲᠠᠯᠠᠪᠴᠢ ᠠᠯᠳᠠᠭᠰᠠᠨ ᠰᠢᠪᠠᠭᠤ ᠦᠨᠳᠤᠷ ᠨᠢᠰᠬᠦ ᠶᠢ ᠭᠤᠷᠢᠳᠠᠬᠤ ᠲᠠᠢ ᠡᠭᠡᠭᠡ ᠠᠳᠠᠯᠢ ᠪᠤᠯᠬᠤ | ᠮᠦᠷᠳᠡᠭᠡᠨ ᠪᠡᠶᠡᠯᠡᠭᠳᠡᠬᠦ ᠳᠤ ᠲᠤᠩ ᠬᠦᠴᠢᠷ ᠶᠤᠮ ᠡ︕ ᠭᠡᠰᠡᠨ ᠢ ᠪᠢᠴᠢᠬᠠᠨ ᠲᠤᠯᠭ᠎ᠠ ᠴᠦ ᠲᠤᠳᠤᠷᠬᠠᠢ | ᠤᠶᠢᠯᠠᠭᠠᠨ᠎ᠠ᠃ | ᠲᠡᠷᠡ᠂ ᠠᠮᠠᠷᠠᠯᠲᠠ ᠶᠢᠨ ᠡᠳᠤᠷ ᠲᠤᠭᠠᠨ ᠤ ᠦᠭᠦᠯᠡᠪᠤᠷᠢ ᠰᠡᠳᠤᠪ ᠢᠶᠠᠨ ᠤᠷᠤᠯᠳᠤᠨ ᠪᠤᠳᠤᠵᠤ ᠪᠠᠶᠢᠳᠠᠯ᠎ᠠ | ᠨᠢᠭᠡᠨ ᠲᠠᠯᠠᠪᠴᠢ ᠨᠢ ᠬᠤᠭᠤᠷᠠᠭᠰᠠᠨ ᠰᠢᠪᠠᠭᠤ ᠴᠤᠩᠬᠤᠨ ᠰᠢᠯ ᠢ ᠬᠤᠰᠢᠭᠤ ᠪᠠᠷ ᠢᠶᠠᠨ ᠮᠦᠷᠭᠦᠯᠬᠢᠯᠠᠨ ᠤᠬᠠᠭᠠᠨ | ᠠᠯᠳᠠᠨ ᠰᠤᠯᠳᠠᠶᠢᠪᠠ᠃ ᠲᠤᠯᠭ᠎ᠠ ᠰᠡᠩᠳᠡ ᠮᠡᠩᠳᠡ ᠬᠦᠶᠤᠨ ᠤᠴᠢᠵᠤ ᠬᠦᠭᠡᠷᠤᠭᠦᠢ ᠰᠢᠪᠠᠭᠤ ᠶᠢ ᠭᠡᠷ ᠲᠤ ᠪᠠᠨ | ᠤᠷᠤᠭᠤᠯᠤᠨ ᠰᠢᠷᠬᠠᠨ ᠲᠡᠭᠡᠷ᠎ᠡ ᠨᠢ ᠡᠮ ᠲᠦᠯᠬᠢᠨ ᠱᠠ ᠪᠦᠰ ᠢᠶᠠᠷ ᠨᠢᠮᠪᠠᠶᠢᠯᠠᠨ ᠪᠤᠭᠤᠵᠤ ᠤᠷᠢᠶᠠᠪᠠ᠃ ᠡᠨᠡᠬᠦ | ᠦᠢᠯᠡ ᠬᠦᠳᠡᠯᠤᠯ ᠨᠢ ᠰᠠᠶᠢᠨ ᠰᠠᠨᠠᠭᠠᠨ ᠤ ᠡᠭᠦᠳᠡᠨ ᠠᠴᠠ ᠶᠤᠮ ᠤᠤ︖ ᠡᠰᠡᠭᠦᠯ᠎ᠠ ᠰᠡᠳᠬᠢᠯ ᠰᠠᠨᠠᠭ᠎ᠠ ᠪᠠᠨ | ᠲᠠᠶᠢᠳᠬᠤᠷᠠᠭᠤᠯᠬᠤ ᠶᠢᠨ ᠲᠦᠯᠤᠭᠡ ᠶᠤᠮ ᠤᠤ︖ ᠪᠤᠤ ᠮᠡᠳᠡ︕ ᠲᠤᠯᠭ᠎ᠠ ᠲᠠᠰᠬᠠᠯ ᠲᠠᠭᠠᠭᠠᠯᠭᠠᠪᠤᠷᠢ ᠪᠠᠨ | ᠬᠢᠵᠤ ᠪᠠᠷᠠᠭᠠᠳ ᠴᠢᠯᠤᠭᠡ ᠭᠠᠷᠤᠭᠰᠠᠭᠠᠷ ᠯᠡ ᠪᠢᠴᠢᠬᠠᠨ ᠰᠢᠪᠠᠭᠤ ᠲᠠᠢ ᠪᠠᠨ ᠬᠠᠨᠢᠯᠠᠨ ᠨᠠᠭᠠᠳᠴᠤ ᠪᠦᠭᠡᠴᠡᠶᠢᠯᠡᠨ | ᠬᠠᠯᠠᠮᠵᠢᠯᠠᠳᠠᠭ᠃ ᠭᠡᠳᠡᠯ᠎ᠠ ᠪᠢᠴᠢᠬᠠᠨ ᠰᠢᠪᠠᠭᠤ ᠪᠠᠰᠠ ᠯᠡ ᠦᠯᠤ ᠨᠢᠰᠴᠤ ᠲᠡᠶᠢᠯᠪᠡ᠃ | ᠪᠢᠴᠢᠬᠠᠨ ᠲᠤᠯᠭ᠎ᠠ᠄ 《 ᠠᠢ︕ ᠪᠢᠴᠢᠬᠠᠨ ᠰᠢᠪᠠᠭᠤ ᠶᠢᠨ ᠬᠤᠪᠢ ᠲᠠᠪᠢᠯᠡᠩ ᠨᠠᠳᠠ ᠲᠠᠢ ᠶᠠᠭᠠᠬᠢᠭᠰᠠᠨ | ᠠᠳᠠᠯᠢ ᠪᠤᠢ︖ 》 ᠭᠡᠵᠤ ᠠᠮᠠᠨ ᠳᠤ ᠲᠦᠳᠤᠨᠡᠪᠡ᠃ ᠪᠠᠰᠠ ᠵᠠᠯᠭᠠᠭᠠᠳ 《 ᠬᠦᠴᠢᠷ ᠪᠡᠷᠭᠡ ᠶᠢ ᠢᠯᠠᠨ ᠲᠠᠪᠠᠭ᠋ᠤ | ᠳᠤ ᠪᠤᠰᠤᠳ ᠤᠨ ᠬᠠᠪᠰᠤᠷᠤᠯᠭ᠎ᠠ ᠲᠡᠮᠵᠢᠯᠭᠡ ᠬᠡᠷᠡᠭᠲᠠᠢ ᠪᠠᠷ ᠪᠠᠷᠠᠬᠤ ᠦᠭᠡᠢ ᠬᠠᠰᠢᠯᠠ ᠦᠪᠡᠷ ᠤᠨ ᠴᠢᠷᠮᠠᠶᠢᠯᠭ᠎ᠠ | ᠴᠢᠬᠤᠯᠠ 》 ᠭᠡᠵᠤ ᠰᠡᠳᠬᠢᠯ ᠳᠤ ᠪᠠᠨ ᠴᠢᠩᠭ᠎ᠠ ᠪᠤᠳᠤᠪᠠ᠃ ᠲᠡᠷᠠ ᠪᠠᠰᠠ ᠲᠠᠭᠤᠤ ᠬᠦᠭᠵᠢᠮ ᠤᠨ ᠤᠷᠠᠨ ᠠᠪᠢᠶᠠᠰ | ᠢᠶᠠᠨ ᠪᠠᠳᠠᠷᠠᠭᠤᠯᠬᠤ ᠪᠠᠷ ᠴᠢᠷᠮᠠᠶᠢᠵᠤ ᠯᠡ ᠪᠠᠶᠢᠨ᠎ᠠ᠃ ᠭᠡᠳᠡᠯ᠎ᠠ ᠲᠡᠭᠦᠨ ᠳᠤ ᠠᠪᠤ ᠡᠵᠢ ᠶᠢᠨ ᠬᠢᠨ ᠰᠢᠭᠦᠮᠵᠢᠯᠠᠯ | ᠤᠯᠠᠮ ᠤᠯᠠᠰᠢᠷᠠᠪᠠ᠃ ᠪᠢᠴᠢᠬᠠᠨ ᠲᠤᠯᠭ᠎ᠠ ᠬᠦᠨ ᠰᠠᠨᠠᠭ᠎ᠠ ᠠᠯᠳᠠᠪᠠ᠃ ᠵᠤᠪᠠᠭᠤᠷᠢᠲᠠᠢ ᠰᠡᠳᠬᠢᠯᠭᠡ ᠪᠠᠷ ᠪᠢᠴᠢᠬᠠᠨ | ᠰᠢᠪᠠᠭᠤ ᠶᠢᠨ ᠰᠢᠩᠭᠡᠭᠡᠯᠢᠭ ᠤᠨ ᠲᠡᠷᠭᠡᠳᠡ ᠤᠴᠢᠬᠤ ᠳᠤ ᠰᠢᠷᠡᠭᠡᠨ ᠲᠡᠭᠡᠷ᠎ᠡ ᠨᠢ ᠨᠢᠭᠡ ᠯᠡ ᠵᠦᠭᠡᠯᠡᠭᠡᠨ ᠦᠳᠤ | ᠦᠯᠡᠳᠡᠪᠡ᠃ ᠰᠠᠨᠳᠤᠷᠤᠨ ᠴᠤᠩᠬᠤ ᠪᠠᠷ ᠭᠠᠳᠠᠭᠰᠢ ᠪᠠᠷᠠᠯᠠᠬᠤ ᠳᠤ ᠪᠢᠴᠢᠬᠠᠨ ᠰᠢᠪᠠᠭᠤ ᠤᠭᠳᠠᠷᠭᠤᠢ ᠶᠢᠨ ᠬᠦᠨ | ᠴᠡᠭᠡᠯ ᠵᠦᠭ ᠠᠯᠭᠤᠷ ᠠᠯᠭᠤᠷ ᠲᠡᠪᠢᠨ ᠲᠡᠪᠢᠭᠰᠡᠭᠡᠷ ᠡᠴᠤᠰ ᠲᠤ ᠪᠠᠨ ᠵᠢᠵᠢᠭ ᠬᠠᠷ᠎ᠠ ᠲᠤᠯᠪᠤ ᠮᠡᠳᠤ ᠬᠠᠷᠠᠭᠳᠠᠵᠤ | ᠪᠠᠶᠢᠭᠰᠠᠨ ᠠᠴᠠ ᠪᠠᠨ ᠪᠠᠷ᠎ᠠ ᠲᠠᠰᠤᠷᠠᠪᠠ᠃ | ᠪᠢᠴᠢᠬᠠᠨ ᠲᠤᠯᠭ᠎ᠠ ᠶᠢᠨ ᠪᠦᠯᠳᠡᠭᠡᠷ ᠬᠦᠭᠡᠷᠤᠭᠦᠨ ᠨᠢᠳᠤᠨ ᠠᠴᠠ ᠨᠢ ᠨᠢᠯᠪᠤᠰᠤ ᠴᠤᠪᠤᠷᠠᠪᠠ᠂᠂᠂᠂᠂ | ᠭᠡᠨᠡᠳᠲᠠ ᠨᠢᠳᠤᠨ ᠳᠤ ᠨᠢ ᠨᠠᠷᠠᠨ ᠤ ᠠᠯᠳᠠᠨ ᠰᠠᠴᠤᠷᠠᠭ ᠲᠤᠰᠤᠨ ᠰᠤᠯᠤᠩᠭ᠎ᠠ ᠮᠡᠳᠤ ᠮᠢᠷᠠᠯᠵᠠᠨ ᠬᠠᠷᠠᠭᠳᠠᠬᠤ ᠳᠤ | ᠲᠡᠷᠠ ᠠᠯᠠᠰᠬᠢᠨ ᠪᠠᠶᠠᠷᠯᠠᠪᠠ᠃ | ᠲᠠᠨᠢᠯᠴᠠᠭᠤᠯᠭ᠎ᠠ᠄ ᠰᠤᠷᠤᠭᠴᠢ ᠡᠰᠡᠨᠢᠯ ᠵᠤᠬᠢᠶᠠᠨ ᠪᠢᠴᠢᠬᠦ ᠲᠦᠯᠬᠢᠭᠦᠷ ᠢ ᠠᠳᠬᠤᠨ ᠴᠢᠯᠤᠭᠡᠳᠤ | ᠰᠡᠳᠬᠢᠭᠦᠢ ᠪᠠᠷ ᠵᠤᠬᠢᠶᠠᠨ ᠪᠦᠳᠤᠭᠡᠵᠤ ᠪᠠᠶᠢᠭ᠎ᠠ ᠪᠢᠴᠢᠬᠠᠨ ᠠᠪᠢᠶᠠᠰᠳᠤ ᠵᠤᠬᠢᠶᠠᠯᠴᠢ ᠭᠡᠬᠦ ᠳᠤ ᠨᠢᠭᠡ ᠴᠦ ᠢᠯᠡᠭᠦᠳᠡᠬᠦ | ᠦᠭᠡᠢ᠂ ᠲᠠᠷᠡ ᠬᠤᠵᠢᠮ ᠯᠠᠪᠲᠠᠢ ᠰᠢᠷᠭᠠᠭᠤ ᠴᠢᠷᠮᠠᠶᠢᠯᠭ᠎ᠠ ᠪᠠᠷ ᠢᠶᠠᠨ ᠨᠡᠯᠢᠶᠡᠳ ᠵᠦᠬᠡᠷ ᠦᠭᠦᠯᠡᠯᠭᠡ ᠶᠢᠨ | ᠵᠤᠬᠢᠶᠠᠯᠴᠢ ᠪᠤᠯᠬᠤ ᠲᠦᠷᠤᠯᠬᠢ ᠠᠪᠢᠶᠠᠰ ᠪᠢᠯᠢᠭ ᠲᠠᠢ ᠭᠡᠵᠤ ᠢᠳᠡᠭᠡᠯ ᠲᠡᠭᠦᠰ ᠦᠨᠡᠯᠡᠵᠤ ᠪᠤᠯᠤᠮᠠᠷ ᠶᠤᠮ᠂ ᠤᠴᠢᠷ | ᠨᠢ ᠲᠡᠭᠦᠨ ᠤ ᠵᠤᠬᠢᠶᠠᠨ ᠪᠢᠴᠢᠬᠦ ᠬᠡᠪ ᠨᠠᠮᠪᠠ ᠦᠪᠡᠷᠮᠢᠴᠠ᠂ ᠪᠠᠭ᠎ᠠ ᠬᠡᠤᠬᠡᠳ ᠤᠨ ᠪᠤᠳᠤᠯ ᠰᠡᠳᠬᠢᠭᠦᠢ ᠳᠤ ᠤᠷᠤᠮ᠎ᠠ | ᠦᠭᠡᠢ ᠶᠠᠯᠢᠮ ᠦᠭᠡᠢ ᠵᠢᠭᠠᠬᠠᠨ ᠤᠴᠢᠷ ᠢ ᠡᠭᠡᠯ ᠪᠤᠷᠤᠭᠵᠢᠭᠤᠨ ᠬᠡᠯᠡ ᠬᠡᠯᠡᠯᠭᠡ ᠪᠠᠷ ᠪᠢᠴᠢᠵᠤ᠂ ᠬᠦᠮᠤᠨ ᠤ | ᠠᠮᠢᠳᠤᠷᠠᠯ ᠤᠨ ᠬᠦᠨ ᠶᠤᠰᠤ ᠤᠴᠢᠷ ᠢ ᠬᠠᠷᠠᠭᠤᠯᠳᠠᠭ ᠰᠠᠨᠠᠭᠠᠨ ᠤ ᠪᠠᠶᠠᠯᠢᠭ ᠨᠦᠭᠡᠴᠡ ᠲᠠᠢ ᠵᠤᠬᠢᠶᠠᠯ ᠢ | ᠲᠤᠭᠤᠷᠪᠢᠨ ᠭᠠᠷᠭᠠᠳᠠᠭ᠃ ᠵᠤᠬᠢᠶᠠᠯ ᠪᠤᠯᠭᠠᠨ ᠨᠢ ᠰᠢᠨᠡᠷᠭᠦᠤ ᠰᠡᠳᠤᠪ ᠠᠭᠤᠯᠭ᠎ᠠ ᠲᠠᠢ᠂ ᠤᠳᠠᠭ᠎ᠠ ᠪᠤᠯᠭᠠᠨ | ᠤᠩᠰᠢᠭᠴᠢ ᠳᠤ ᠰᠤᠴᠢᠯ ᠭᠠᠶᠢᠬᠠᠯ ᠢ ᠲᠦᠷᠤᠭᠦᠯᠳᠡᠭ ᠬᠤᠶᠠᠷ ᠤᠨ ᠲᠦᠷᠪᠡ ᠶᠢᠨ ᠪᠢᠯᠢᠭ᠍ᠳᠤ ᠬᠦᠤ ᠪᠤᠯᠤᠨ᠎ᠠ᠃ | ᠲᠡᠭᠦᠨ ᠤ ᠪᠢᠴᠢᠭᠰᠡᠨ ︽ᠮᠢᠨᠤ ᠰᠡᠳᠬᠢᠯ ᠳᠠᠬᠢ ᠪᠠᠶᠠᠨ ᠬᠦᠮᠤᠨ︾ ᠭᠡᠬᠦ ᠤᠬᠤᠷ ᠦᠭᠦᠯᠡᠯᠭᠡ ᠨᠢ ᠨᠠᠢᠮᠠᠨ ᠮᠤᠵᠢ | ᠤᠷᠤᠨ ᠤ ᠲᠦᠷᠪᠡᠳᠤᠭᠡᠷ ᠬᠤᠭᠤᠴᠠᠭᠠᠨ ᠤ ︽ᠨᠠᠢᠮᠠᠨ ᠰᠢᠷᠭ᠎ᠠ︾ ᠰᠤᠷᠤᠭᠴᠢᠳ ᠤᠨ ᠵᠤᠬᠢᠶᠠᠯ ᠤᠨ ᠤᠷᠤᠯᠳᠤᠭᠠᠨ | ᠳᠤ ᠬᠤᠶᠠᠳᠤᠭᠠᠷ ᠲᠡᠰ ᠲᠤ ᠲᠤᠳᠤᠷᠠᠵᠠᠢ᠃ | ᠵᠢᠯᠤᠭᠤᠳᠤᠭᠰᠠᠨ ᠪᠠᠭᠰᠢ — — ᠪᠠᠶᠠᠷᠳᠤ | ᠴᠤᠬᠤᠯᠲᠠ᠄ ᠬᠦᠮᠤᠨ ᠬᠦᠰᠡᠯ ᠮᠦᠷᠤᠭᠡᠳᠤᠯ ᠦᠭᠡᠢ ᠬᠡᠢ ᠬᠤᠭᠤᠰᠤᠨ᠂ ᠬᠦᠰᠡᠯ ᠢᠶᠠᠨ ᠪᠡᠶᠡᠯᠡᠭᠦᠯᠬᠦ ᠶᠢᠨ | ᠲᠦᠯᠤᠭᠡ ᠴᠢᠷᠮᠠᠶᠢᠨ ᠲᠡᠮᠡᠴᠡᠬᠦ ᠪᠤᠯ ᠲᠠᠯᠠᠭᠠᠷ᠃ ᠤᠳᠤᠬᠢ ᠮᠠᠨ ᠤ ᠰᠤᠷᠭᠠᠨ ᠬᠦᠮᠤᠵᠢᠯ ᠳᠤ ᠤᠷᠤᠰᠢᠵᠤ ᠪᠠᠶᠢᠭ᠎ᠠ | ᠬᠠᠮᠤᠭ ᠶᠡᠭᠡ ᠠᠯᠳᠠᠭ᠎ᠠ ᠪᠤᠯ ᠬᠤᠪᠢ ᠬᠦᠮᠤᠨ ᠤ ᠦᠪᠡᠷᠮᠢᠴᠠ ᠬᠦᠭᠵᠢᠯᠲᠠ ᠶᠢ ᠦᠯᠤᠭᠡᠢ ᠳᠤ ᠨᠢ ᠪᠤᠭᠤᠮᠢᠯᠠᠵᠤ | ᠪᠠᠶᠢᠭ᠎ᠠ ᠶᠠᠪᠤᠳᠠᠯ ᠪᠤᠯᠤᠨ᠎ᠠ᠃ ᠬᠦᠮᠤᠨ ᠪᠤᠯᠭᠠᠨ ᠢ ᠵᠠᠭᠤᠨ ᠬᠤᠪᠢ ᠶᠢᠨ ᠰᠢᠯᠭᠠᠭᠤᠷ ᠢᠶᠠᠷ ᠬᠡᠮᠵᠢᠬᠦ ᠠᠴᠠ | ᠪᠤᠯᠤᠭᠠᠳ ᠬᠡᠤᠬᠡᠳ ᠪᠤᠯᠤᠨ ᠭᠡᠷ ᠤᠨ ᠠᠬᠠᠮᠠᠳ ᠤᠨ ᠬᠤᠭᠤᠷᠤᠨᠳᠤ ᠶᠠᠪᠤᠬᠤ ᠲᠤᠳᠤᠮ ᠬᠠᠶᠢᠷ᠎ᠠ ᠨᠠᠶᠢᠷ ᠦᠭᠡᠢ | ᠴᠢᠰᠤ ᠨᠢᠯᠪᠤᠰᠤ ᠲᠠᠢ ᠬᠤᠪᠢ ᠶᠢᠨ ᠲᠠᠮᠤᠷ ᠬᠡᠷᠡᠮ ᠪᠤᠰᠴᠤ ᠯᠡ ᠪᠠᠶᠢᠨ᠎ᠠ᠃ ᠡᠨᠡ ᠪᠤᠯ ᠨᠢᠭᠡ ᠭᠤᠨᠢᠭ᠃ ᠡᠨᠡᠬᠦ | ᠭᠤᠨᠢᠭ ᠠᠴᠠ ᠪᠢᠴᠢᠬᠠᠨ ᠵᠤᠬᠢᠶᠠᠯᠴᠢ ᠡᠰᠡᠨᠢᠯ ᠴᠦ ᠵᠠᠶᠢᠯᠠᠵᠤ ᠴᠢᠳᠠᠬᠤ ᠦᠭᠡᠢ ᠨᠢ ᠯᠠᠪᠲᠠᠢ᠃ ᠭᠡᠪᠡᠴᠤ ᠲᠠᠷᠠ | ᠡᠨᠡᠬᠦ ᠭᠤᠨᠢᠭ ᠢᠶᠠᠨ ᠰᠢᠭᠤᠳ ᠲᠤᠭᠠᠴᠢᠭᠰᠠᠨ ᠦᠭᠡᠢ᠂ ᠲᠠᠯᠠᠪᠴᠢ ᠨᠢ ᠬᠤᠭᠤᠷᠠᠭᠰᠠᠨ ᠰᠢᠪᠠᠭᠤ ᠶᠢᠨ ᠬᠤᠪᠢ | ᠤᠴᠠᠷᠠᠯ ᠢᠶᠠᠷ ᠦᠪᠡᠷ ᠤᠨ ᠰᠡᠳᠬᠢᠯ ᠤᠨ ᠲᠡᠭᠡᠭᠡᠷ᠎ᠡ ᠲᠠᠷᠤᠭᠠᠰᠤ ᠪᠠᠨ ᠲᠤᠯᠢᠳᠬᠠᠨ ᠦᠵᠡᠭᠦᠯᠤᠭ᠍ᠰᠡᠨ ᠪᠦᠭᠡᠳ | ᠵᠤᠬᠢᠶᠠᠯ ᠤᠨ ᠲᠡᠭᠦᠰᠭᠡᠯ ᠳᠤ ᠬᠦᠰᠡᠯ ᠢᠳᠡᠭᠡᠯ ᠤᠨ ᠰᠢᠷᠭᠡᠭ ᠭᠡᠷᠡᠯ ᠤᠯᠵᠤ ᠬᠠᠷᠠᠭᠰᠠᠨ ᠨᠢ ᠤᠳᠬ᠎ᠠ ᠰᠠᠨᠠᠭᠠᠨ ᠤ | ᠠᠬᠢᠯᠲᠠ ᠡᠷᠬᠢᠯᠲᠠ ᠪᠤᠯᠵᠤ᠂ ᠬᠢᠯᠠᠯᠵᠠᠮ᠎ᠠ ᠠᠮᠵᠢᠯᠲᠠ ᠳᠤ ᠬᠦᠷᠴᠠᠢ ᠃ | | |