ᠪᠢᠳᠠ ᠪᠤᠯ ᠡᠷᠡᠯᠭᠡᠭ ᠮᠤᠩᠭᠤᠯ ᠤᠨ ᠦᠷ᠎ᠠ ᠬᠤᠶᠢᠴᠢᠰ — ᠬᠢᠶᠠᠨ ᠶᠠᠰᠤᠳᠠᠨ᠂ ᠮᠢᠨᠤ ᠪᠠᠶ᠎ᠠ ᠳᠤ ᠮᠤᠩᠭᠤᠯ | ᠴᠢᠰᠤ ᠤᠷᠤᠰᠴᠤ ᠪᠠᠶᠢᠭ᠎ᠠ ᠳᠤ ᠪᠠᠨ ᠤᠮᠤᠭᠰᠢᠯ ᠲᠠᠢ᠂ ᠢᠯᠭᠤᠮ ᠰᠠᠶᠢᠬᠠᠨ ᠮᠤᠩᠭᠤᠯ ᠭᠡᠯᠡ ᠲᠠᠢ ᠳᠤ ᠪᠠᠨ ᠨᠡᠩ | ᠤᠮᠤᠭᠰᠢᠯ ᠲᠠᠢ᠃ ᠪᠢᠳᠠ ᠪᠤᠯ ᠪᠦᠷ ᠬᠤᠷᠢᠨ ᠨᠢᠭᠡᠳᠤᠭᠡᠷ ᠵᠠᠭᠤᠨ ᠢ ᠰᠢᠪᠳᠤᠯᠵᠤ ᠶᠠᠪᠤᠭ᠎ᠠ ᠵᠠᠯᠠᠭᠤ ᠪᠠᠭᠠᠴᠤᠳ᠂ | ᠡᠭᠡ ᠤᠷᠤᠨ ᠦᠨᠳᠤᠰᠤᠳᠠᠨ ᠤ ᠪᠠᠨ ᠬᠤᠪᠢ ᠵᠠᠶᠠᠭ᠎ᠠ ᠶᠢ ᠬᠦᠷᠢᠶᠠᠯᠠᠵᠤ ᠪᠠᠶᠢᠭ᠎ᠠ ᠬᠦᠮᠦᠰ᠃ | 13 ᠳ᠋ᠤᠭᠠᠷ ᠵᠠᠭᠤᠨ ᠳᠤ ᠲᠠᠯᠠᠭᠡᠢ ᠶᠢᠨ ᠭᠡᠯᠡ ᠪᠠᠶᠢᠭᠰᠠᠨ ᠪᠤᠰᠤᠭ᠎ᠠ ᠭᠠᠭᠴᠠ ᠮᠤᠩᠭᠤᠯ ᠭᠡᠯᠡ ᠲᠠᠢ | ᠪᠠᠶᠢᠭᠰᠠᠨ ᠳᠤ ᠪᠠᠨ ᠪᠤᠰᠤᠳ ᠲᠤ ᠪᠢᠰᠢᠷᠡᠭᠳᠡᠨᠠ᠃ ᠮᠤᠩᠭᠤᠯ ᠭᠡᠯᠡ᠂ ᠮᠤᠩᠭᠤᠯ ᠰᠡᠳᠬᠢᠬᠦᠢ᠂ ᠮᠤᠩᠭᠤᠯ | ᠪᠠᠭᠠᠳᠤᠷ ᠤᠨ ᠠᠤᠭ᠎ᠠ ᠬᠦᠴᠤᠨ ᠢᠶᠠᠷ ᠢᠶᠠᠨ ᠠᠭᠳᠠ ᠶᠢᠨ ᠨᠢᠷᠤᠭᠤᠨ ᠲᠡᠭᠡᠷ᠎ᠠ ᠠᠴᠠ ᠲᠠᠶᠠᠩ ᠲᠡᠯᠡᠭᠡᠢ ᠶᠢ | ᠲᠤᠩᠰᠤᠯᠭᠠᠭᠰᠠᠨ ᠡᠪᠦᠭᠡ ᠴᠢᠩᠬᠢᠰ ᠲᠠᠢ ᠳᠤ ᠪᠠᠨ ᠬᠤᠳᠠᠯᠠ ᠤᠯᠠᠨ ᠳᠤ ᠱᠠᠭᠰᠢᠭᠳᠠᠨ ᠮᠠᠭᠳᠠᠭᠳᠠᠨᠠ᠃ ᠭᠡᠶ᠎ᠠ᠂ | ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠨᠢᠰᠬᠦ ᠮᠡᠳᠤ ᠬᠦᠭᠵᠢᠵᠤ ᠪᠠᠶᠢᠭ᠎ᠠ ᠦᠨᠤᠳᠤᠷ ᠪᠢᠳᠠᠨ ᠳᠤ ᠪᠠᠴᠢᠮ | ᠲᠤᠯᠭᠠᠮ᠎ᠠ ᠡᠬᠦᠷᠭᠡ ᠲᠤᠯᠭᠠᠷᠠᠭᠠᠳ ᠪᠠᠶᠢᠨ᠎ᠠ᠃ ᠡᠭᠡ ᠶᠢᠨ ᠰᠦ ᠰᠢᠭ ᠦᠰᠭᠡᠵᠤ ᠬᠦᠮᠦᠵᠢᠬᠦᠯᠦᠭᠰᠡᠨ ᠲᠦᠷᠦᠯᠬᠢ | ᠮᠤᠩᠭᠤᠯ ᠦᠭᠡ ᠭᠡᠯᠡ ᠮᠢᠨᠢ ᠮᠤᠩᠭᠤᠯ ᠲᠦᠮᠡᠨ ᠳᠤ ᠪᠠᠨ ᠭᠤᠯᠤᠭᠳᠠᠵᠤ ᠪᠤᠢ᠃ ᠡᠩ ᠲᠡᠷᠢᠬᠦᠨ ᠳᠤ᠂ ᠦᠷᠯᠦᠭ | ᠮᠤᠩᠭᠤᠯ ᠤᠨ ᠢᠶᠠᠨ ᠰᠤᠳᠤᠨ ᠵᠠᠯᠭᠠᠮᠵᠢᠯᠠᠭᠴᠢ ᠭᠡᠵᠤ ᠶᠠᠪᠤᠭ᠎ᠠ ᠬᠦᠭᠡᠷᠦᠬᠦᠨ ᠮᠤᠩᠭᠤᠯ ᠰᠤᠷᠤᠭᠴᠢᠳ ᠠᠴᠠ ᠡᠬᠢᠯᠡᠨ᠂ | ᠡᠭᠡ ᠭᠡᠯᠡ ᠪᠠᠨ ᠦᠵᠡᠬᠦ ᠲᠤᠷ᠎ᠠ ᠦᠭᠡᠢ ᠪᠤᠯᠴᠢᠬᠠᠯ᠎ᠠ᠃ ᠪᠤᠰᠤᠳ ᠤᠨ ᠡᠮᠤᠨ᠎ᠠ ᠮᠤᠩᠭᠤᠯ ᠢᠶᠠᠷ ᠶᠠᠷᠢᠬᠤ ᠠᠴᠠ ᠪᠠᠨ | ᠢᠴᠢᠨᠠ᠂ ᠪᠤᠰᠤᠳ ᠭᠡᠯᠡ ᠶᠢ ᠳᠤᠷᠠᠲᠠᠢ ᠬᠦᠭᠡᠭᠡᠴᠡᠯᠳᠤᠨᠠ᠂ ᠬᠠᠶᠠ ᠬᠢᠳᠠᠳ ᠢᠶᠠᠷ ᠶᠠᠷᠢᠭᠠᠳ ᠠᠪᠤᠨ᠎ᠠ᠃ ᠮᠠᠨ ᠤ | ᠤᠯᠠᠩᠬᠢ ᠭᠡᠷ ᠤᠨ ᠠᠬᠠᠮᠠᠳ ᠮᠤᠩᠭᠤᠯ ᠭᠡᠯᠡ ᠭᠡᠷᠡᠭᠴᠡᠭᠡ ᠦᠭᠡᠢ᠂ ᠵᠠᠷᠤᠬᠤ ᠭᠠᠵᠡᠷ ᠦᠭᠡᠢ ᠭᠡᠵᠤ ᠭᠡᠤᠭᠡᠳ ᠢᠶᠠᠨ | ᠬᠢᠳᠠᠳ ᠰᠤᠷᠭᠠᠭᠠᠤᠯᠢ ᠳᠤ ᠰᠢᠬᠠᠵᠤ ᠤᠷᠤᠭᠤᠯᠤᠨ᠎ᠠ᠃ ᠴᠢᠩᠬᠢᠭᠡᠳ ᠠᠮᠠᠷᠠᠯᠳᠠ ᠪᠤᠯᠭᠠᠨ ᠳᠤ ᠠᠩᠭ᠍ᠯᠢ ᠭᠡᠯᠡᠨ ᠤ | ᠪᠤᠯᠪᠠᠰᠤᠷᠠᠯ ᠤᠨ ᠠᠩᠬᠢ ᠳᠤ ᠰᠤᠷᠤᠯᠴᠠᠭᠤᠯᠵᠤ᠂ ᠦᠷ᠎ᠠ ᠭᠡᠤᠭᠡᠳ ᠤᠨ ᠢᠶᠠᠨ ᠡᠭᠡ ᠭᠡᠯᠡ ᠶᠢ ᠨᠢ ᠠᠯᠳᠠᠭᠤᠯᠤᠨ᠎ᠠ᠃ | ᠡᠨᠡ ᠨᠢ ᠶᠠᠭᠤᠨ ᠠᠴᠠ ᠪᠤᠯᠤᠭᠰᠠᠨ ᠪᠤᠢ︖ ᠶᠠᠷᠢᠶᠠᠨ ᠦᠭᠡᠢ᠂ ᠨᠠᠶᠢᠭᠡᠮ ᠤᠨ ᠤᠷᠴᠢᠨ ᠲᠤᠭᠤᠷᠢᠨ ᠤ ᠨᠦᠯᠦᠭᠡ | ᠵᠤᠬᠢᠬᠤ ᠪᠠᠶᠢᠷᠢ ᠶᠢ ᠡᠵᠡᠯᠠᠵᠤ ᠮᠠᠳᠠᠨ᠎ᠠ᠃ ᠪᠠᠰᠠ ᠮᠡᠳᠡᠯᠭᠡ ᠴᠢᠳᠠᠪᠤᠷᠢ ᠬᠤᠤᠰᠯᠠᠭᠰᠠᠨ ᠴᠢᠨᠡᠷ ᠴᠢᠨᠰᠠᠭ᠎ᠠ ᠶᠢᠨ | ᠦᠷᠢᠰᠦᠯᠳᠤᠭᠡᠨ ᠰᠢᠷᠦᠬᠦᠰᠴᠤ ᠪᠠᠶᠢᠭ᠎ᠠ ᠤᠳᠤ ᠴᠠᠭ ᠲᠤ ᠪᠢᠳᠠ ᠤᠯᠠᠨ ᠵᠦᠢᠯ ᠤᠨ ᠭᠡᠯᠡ ᠰᠤᠷᠬᠤ ᠨᠢ ᠵᠦᠢᠳᠠᠢ᠂ | ᠭᠡᠪᠡᠴᠤ ᠡᠭᠡ ᠭᠡᠯᠡ ᠪᠠᠨ ᠬᠠᠶᠠ ᠭᠡᠰᠡᠨ ᠬᠦᠮᠦᠨ ᠨᠢᠭᠡ ᠴᠤ ᠦᠭᠡᠢ᠂ ᠭᠡᠬᠦ ᠮᠦᠷᠳᠡᠭᠡᠨ ᠮᠠᠨᠤᠰ ᠲᠤ ᠡᠭᠡ ᠭᠡᠯᠡ ᠪᠠᠨ | ᠬᠠᠶᠠᠬᠤ ᠡᠷᠭᠡ ᠦᠭᠡᠢ ᠰᠢᠤ ᠳ᠋ᠠ︕ ᠡᠭᠡ ᠭᠡᠯᠡ ᠪᠤᠯ ᠪᠢᠳᠠᠨ ᠤ ᠦᠪᠡᠷ ᠤᠨ ᠭᠡᠯᠡ᠂ ᠡᠪᠦᠭᠡ ᠲᠠᠭᠡᠳᠤᠰ ᠤᠨ ᠮᠢᠨᠢ | ᠦᠯᠡᠳᠡᠭᠡᠵᠤ ᠦᠭᠬᠦᠭᠰᠡᠨ ᠡᠷᠳᠠᠨᠢᠳᠤ ᠦᠪ ᠬᠦᠷᠦᠩᠭᠡ ᠡ︕ | ᠮᠠᠨᠵᠤ ᠶᠢᠨ ᠨᠤᠶᠠᠷᠬᠠᠯ ᠲᠠᠷᠤᠯᠠᠯ ᠳᠤ ᠤᠰᠠᠳᠤᠭᠠ ᠦᠭᠡᠢ ᠡᠭᠡ ᠭᠡᠯᠡ ᠮᠢᠨᠢ ᠭᠡᠨ ᠤ ᠰᠠᠶᠢᠨ ᠢᠶᠠᠷ ᠴᠤᠭ | ᠵᠢᠪᠬᠤᠭ᠎ᠠ ᠲᠠᠢ ᠬᠢᠯᠪᠠᠭ᠎ᠠ ᠪᠠᠳᠠᠷᠠᠭᠰᠠᠨ ᠪᠤᠰᠤᠭ᠎ᠠ ᠰᠦᠷᠯᠢᠭ ᠲᠦᠷᠢ ᠪᠠᠷ ᠢᠶᠠᠨ ᠮᠠᠨ ᠤ ᠡᠮᠤᠨ᠎ᠠ ᠬᠦᠷᠴᠤ ᠢᠷᠡᠭᠰᠡᠨ | ᠪᠤᠢ︖ ᠭᠡᠳᠤᠨ ᠵᠠᠭᠤᠨ ᠤ ᠡᠮᠤᠨ᠎ᠠ ᠢᠨᠵᠠᠨᠨᠠᠰᠢ᠂ ᠮᠢᠩᠭᠠᠨᠳᠤ᠂ ᠲᠠᠮᠭᠡᠳᠤ ᠁ ᠨᠠᠷ ᠮᠤᠩᠭᠤᠯ ᠭᠡᠯᠡ ᠪᠠᠨ | ᠮᠤᠯᠤᠷ ᠡᠷᠳᠡᠨᠢ ᠰᠢᠭ ᠰᠢᠳᠤᠵᠤ᠂ ᠦᠰᠤ ᠪᠠᠨ ᠴᠠᠶᠢᠵᠤ ᠶᠠᠰᠤ ᠪᠠᠨ ᠬᠠᠪᠳᠠᠶᠢᠳᠠᠯᠠ ᠲᠠᠮᠠᠴᠠᠨ ᠬᠢᠯᠠᠯᠵᠠᠭᠰᠠᠨ | ᠠᠮᠵᠢᠯᠳᠠ ᠶᠢ ᠡᠬᠦᠳᠴᠤ ᠶᠠᠪᠤᠯ᠎ᠠ᠃ ᠮᠤᠩᠭᠤᠯᠴᠤᠳ ᠮᠢᠨᠢ ᠮᠤᠷᠢᠨ ᠬᠤᠭᠤᠷ ᠤᠨ ᠬᠦᠩᠬᠢᠨᠡᠮ᠎ᠠ ᠠᠶᠠᠯᠭᠤ ᠪᠠᠷ᠂ | ᠮᠤᠩᠭᠤᠯ ᠮᠤᠷᠢ ᠶᠢᠨ ᠠᠯᠳᠠᠨ ᠲᠤᠭᠤᠷᠠᠢ ᠪᠠᠷ ᠠᠽᠢᠶ᠎ᠠ ᠡᠸᠦ᠋ᠷᠦᠫᠠ ᠬᠤᠶᠠᠷ ᠲᠢᠪ ᠢ ᠰᠤᠨᠳᠠᠯᠠᠨ ᠠᠯᠳᠠᠷ ᠨᠡᠷ᠎ᠠ ᠪᠠᠨ | ᠲᠠᠭᠤᠷᠢᠰᠤᠭᠤᠯᠵᠤ ᠶᠠᠪᠤᠯ᠎ᠠ᠃ | ᠦᠨᠤᠳᠤᠷ ᠵᠠᠯᠠᠭᠤ ᠪᠠᠭᠠᠴᠤᠳ ᠪᠢᠳᠠᠨ ᠳᠤ ᠦᠨᠳᠤᠰᠤᠳᠠᠨ ᠤ ᠪᠠᠨ ᠤᠬᠢ ᠲᠠᠯᠠᠰᠳᠤ ᠪᠤᠯᠬᠤ ᠴᠤᠷᠢ ᠶᠢᠨ | ᠭᠠᠭᠴᠠ ᠰᠢᠳᠤᠭᠡᠨ ᠡᠭᠡ ᠭᠡᠯᠡ ᠪᠠᠨ ᠬᠦᠨᠳᠤᠳᠭᠡᠨᠠ ᠦᠦ ᠦᠭᠡᠢ ᠤᠤ︖ ᠭᠡᠳᠡᠭ ᠠᠰᠠᠭᠤᠳᠠᠯ ᠱᠠᠭᠠᠷᠳᠠᠭᠳᠠᠵᠤ | ᠪᠠᠶᠢᠨ᠎ᠠ᠃ ᠪᠦᠬᠦᠳᠡᠭᠡᠷ ᠢᠳᠡᠭᠡᠯ ᠲᠠᠢ ᠪᠠᠶᠢᠵᠠᠭᠠᠶ᠎ᠠ᠂ ᠮᠤᠩᠭᠤᠯ ᠦᠰᠦᠭ ᠺᠤᠮᠫᠢᠦ᠋ᠲ᠋ᠧᠷ ᠤᠨ ᠵᠦᠭᠡᠯᠡᠨ ᠲᠤᠨᠤᠭ | ᠪᠤᠯᠵᠤ ᠴᠢᠳᠠᠭᠰᠠᠨ ᠨᠢ ᠪᠢᠳᠠᠨ ᠤ ᠡᠭᠡ ᠭᠡᠯᠡ ᠮᠢᠨᠢ ᠯᠠᠪᠳᠠᠢ ᠭᠡᠭᠡᠨ ᠰᠠᠷᠠᠭᠤᠯ ᠢᠷᠡᠭᠡᠳᠤᠢ ᠲᠠᠢ ᠭᠡᠳᠡᠭ ᠢ ᠪᠠᠳᠤ | ᠭᠡᠷᠡᠴᠢᠯᠠᠵᠤ ᠪᠠᠶᠢᠨ᠎ᠠ᠃ | ᠶᠠᠭ ᠲᠠᠶᠢᠮᠤ ᠠᠴᠠ ᠬᠦᠭᠡ ᠮᠤᠩᠭᠤᠯ ᠤᠨ ᠦᠷᠡᠰ ᠪᠢᠳᠠ ᠴᠡᠭᠡᠵᠢ ᠲᠠᠨᠢᠢᠨ᠂ ᠬᠠᠨᠴᠤᠢ ᠰᠢᠮᠠᠯᠠᠠ᠂ | ᠵᠤᠷᠢᠬ ᠢᠶᠠᠨ ᠡᠷᠴᠢᠯᠠᠵᠤ ᠦᠷ ᠤᠨ ᠭᠡᠭᠡ ᠶᠢ ᠵᠠᠪᠳᠤᠨ ᠴᠢᠷᠮᠠᠶᠢᠨ ᠰᠤᠷᠤᠯᠴᠠᠵᠤ ᠬᠦᠴᠤ ᠬᠦᠯᠦᠰᠤ ᠪᠠᠨ ᠤᠷᠤᠰᠬᠠᠬᠤ | ᠭᠡᠷᠡᠭᠳᠠᠢ᠃ ᠲᠠᠷᠤᠢ ︽ᠭᠡᠭᠡᠷ᠎ᠠ ᠶᠢᠨ ᠭᠠᠯᠠᠭᠤ ᠨᠢᠰᠤᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠤ ᠡᠷᠳᠡᠨᠢ | ᠡᠪᠤᠷᠯᠡᠭᠡᠳ ᠢᠷᠡᠬᠦ︾ ᠠᠯᠤᠰ ᠤᠨ ᠬᠦᠰᠡᠯ ᠢ ᠡᠪᠤᠷᠯᠠᠨ᠂ ᠮᠠᠷᠳᠠᠵᠤ ᠪᠤᠯᠤᠰᠢ ᠦᠭᠡᠢ ᠮᠤᠯᠤᠷ ᠡᠷᠳᠡᠨᠢ ᠰᠢᠭ | ᠲᠦᠷᠦᠯᠬᠢ ᠰᠤᠳᠤᠨ ᠭᠡᠯᠡ ᠪᠠᠨ ᠬᠦᠭᠡ ᠲᠡᠭᠷᠢ ᠶᠢᠨ ᠲᠤᠤᠷ᠎ᠠ᠂ ᠬᠦᠷᠦᠰᠤᠳᠤ ᠲᠠᠯᠡᠭᠡᠢ ᠲᠠᠭᠡᠷ᠎ᠠ ᠮᠠᠨᠳᠤᠭᠤᠯᠵᠤ | ᠶᠠᠪᠤᠶ᠎ᠠ︕ | ᠵᠤᠬᠢᠶᠠᠭᠴᠢ᠄ ᠰᠤᠷᠭᠤᠭ ︵ᠵᠠᠯᠠᠶᠢᠳ ᠬᠤᠰᠢᠭᠤᠨ ᠤ ᠠᠷᠪᠬᠭᠡᠷ ᠭᠤᠤᠯ ᠰᠤᠷᠭᠠᠭᠤᠯᠢ ᠶᠢᠨ ᠠᠩᠬ᠎ᠠ ᠨᠠᠢᠮᠠ ᠶᠢᠨ | ᠬᠤᠶᠠᠷ︶ | ᠵᠢᠯᠤᠭᠤᠳᠤᠭᠰᠠᠨ ᠪᠠᠭᠰᠢ᠄ ᠴᠧᠨ ᠱᠤᠸᠠᠩ ᠯᠦᠩ |