ᠪᠣᠭᠳᠠ ᠠᠭᠤᠯᠠ ᠶᠢᠨ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-06-14
                              ᠪᠣᠭᠳᠠ ᠠᠭᠤᠯᠠ ᠶᠢᠨ ᠲᠠᠨᠢᠯᠴᠠᠭᠤᠯᠭ᠎ᠠ           ᠪᠣᠭᠳᠠ ᠠᠭᠤᠯᠠ ᠨᠢ ᠵᠠᠯᠠᠶᠢᠳ ᠬᠤᠰᠢᠭᠤᠨ ᠤ ᠪᠠᠶ᠋ᠬᠠᠣᠯᠠᠭᠠᠨ ᠰᠣᠮᠣ᠂ ᠪᠠᠳᠠᠷᠠᠬᠤ ᠪᠠᠯᠭᠠᠰᠣ᠂ ᠠᠷᠪᠡᠨᠭᠡᠷ ᠪᠠᠯᠭᠠᠰᠣᠨ ᠤ ᠠᠭᠤᠯᠵᠠᠷ ᠲᠤ ᠪᠠᠶᠢᠷᠢᠯᠠᠵᠣ᠂ ᠬᠤᠰᠢᠭᠤᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠢᠨᠳᠡᠷ ᠪᠠᠯᠭᠠᠰᠣ ᠠᠴᠠ 70   ᠺᠢᠯᠣᠮᠧᠲᠷ ᠵᠠᠢ ᠲᠠᠢ ᠣᠷᠣᠰᠢᠵᠣ᠂ ᠶᠡᠭᠡ ᠬᠢᠩᠭᠠᠨ ᠳᠠᠪᠠᠭᠠᠨ ᠤ ᠨᠢᠭᠡ ᠰᠠᠯᠪᠣᠷᠢ ᠪᠣᠯᠣᠭᠰᠠᠨ  ᠤ ᠬᠤᠪᠢ ᠳᠤ ᠵᠡᠭᠦᠨ ᠬᠤᠶᠢᠨ᠎ᠠ ᠠᠴᠠ ᠪᠠᠷᠠᠭᠤᠨ ᠡᠮᠦᠨᠡᠰᠢ ᠦᠷᠬᠦᠯᠵᠢᠯᠡᠵᠦ ᠬᠤᠶᠠᠷ ᠴᠣᠪᠣᠭ᠎ᠠ ᠪᠣᠯᠣᠨ ᠬᠤᠪᠢᠶᠠᠭᠳᠠᠵᠣ᠂ ᠡᠮᠦᠨ᠎ᠡ ᠬᠡᠰᠡᠭ ᠢ ᠨᠢ ᠶᠡᠭᠡ ᠪᠣᠭᠳᠠ ᠠᠭᠤᠯᠠ᠂ ᠬᠤᠶᠢᠨ᠎ᠠ ᠬᠡᠰᠡᠭ ᠢ ᠨᠢ ᠪᠠᠭ᠎ᠠ ᠪᠣᠭᠳᠠ ᠠᠭᠤᠯᠠ ᠭᠡᠳᠡᠭ᠃ ᠶᠡᠷᠦᠩᠬᠡᠢ ᠳᠤ ᠪᠠᠨ ᠳᠠᠯᠠᠢ ᠶᠢᠨ ᠲᠦᠪᠰᠢᠨ ᠠᠴᠠ 500 — 900 ᠮᠧᠲᠷ ᠡᠷᠭᠦᠭᠳᠡᠵᠦ᠂ ᠬᠠᠷᠢᠴᠠᠩᠭᠤᠢ ᠡᠷᠭᠦᠭᠳᠡᠴᠡ ᠨᠢ 300 — 400 ᠮᠧᠲᠷ᠂ ᠬᠠᠮᠤᠭ ᠦᠨᠳᠦᠷ ᠣᠷᠭᠢᠯ ᠨᠢ 1158.8 ᠮᠧᠲᠷ ᠦᠨᠳᠦᠷ᠂ ᠡᠮᠦᠨᠡᠰᠢ ᠣᠮᠠᠷᠠᠰᠢ 20 ᠺᠢᠯᠣᠮᠧᠲᠷ ᠦᠷᠬᠦᠯᠵᠢᠯᠡᠵᠦ᠂ ᠶᠡᠷᠦᠩᠬᠡᠢ ᠲᠠᠯᠠᠪᠠᠢ ᠨᠢ 260 ᠲᠡᠭᠰᠢ ᠳᠦᠷᠪᠡᠯᠵᠢᠨ ᠺᠢᠯᠣᠮᠧᠲᠷ ᠪᠣᠯᠣᠨ᠎ᠠ᠃     ᠪᠣᠭᠳᠠ ᠠᠭᠤᠯᠠ ᠦᠨᠳᠦᠷ ᠰᠦᠷᠯᠢᠭ ᠮᠦᠷᠲᠡᠬᠡᠨ ᠦᠵᠡᠮᠵᠢ ᠭᠤᠶᠢᠲᠠ ᠰᠠᠶᠢᠬᠠᠨ ᠪᠠᠶᠢᠳᠠᠭ᠃ ᠪᠣᠭᠳᠠ ᠬᠠᠶᠢᠷᠬᠠᠨ ᠤ ᠣᠷᠣᠢ ᠳᠡᠭᠡᠷ᠎ᠡ ᠭᠠᠷᠴᠣ ᠬᠠᠷᠠᠭ᠎ᠠ ᠪᠡᠯᠴᠢᠭᠡᠪᠡᠯ᠂ ᠠᠭᠤᠯᠠ ᠬᠠᠶᠢᠷᠬᠠᠨ ᠰᠡᠭᠦᠶᠢᠨ ᠰᠦᠨᠳᠡᠷᠯᠡᠵᠦ᠂ ᠶᠡᠭᠡ ᠪᠠᠶᠢᠭᠠᠯᠢ ᠶᠢᠨ ᠭᠠᠶᠢᠬᠠᠮᠰᠢᠭ ᠢ ᠬᠦᠮᠦᠰ ᠲᠤ ᠭᠠᠶᠢᠬᠠᠭᠤᠯᠣᠨ᠎ᠠ᠃ ᠭᠠᠵᠠᠷ ᠤᠨ ᠭᠠᠳᠠᠷᠭᠤ ᠶᠢᠨ ᠵᠦᠷᠢᠭᠳᠡᠯ ᠪᠠ ᠡᠯᠡᠭᠳᠡᠯ ᠵᠡᠷᠭᠡ ᠠᠴᠠ ᠪᠣᠯᠵᠣ ᠰᠣᠨᠢᠨ ᠬᠠᠴᠢᠨ ᠠᠭᠤᠯᠠᠨ ᠣᠷᠭᠢᠯ᠂ ᠭᠤᠪᠢ ᠭᠠᠩᠭ᠎ᠠ᠂ ᠠᠭᠤᠢ ᠳ᠋ᠦᠩ ᠵᠡᠷᠭᠡ ᠭᠠᠶᠢᠬᠠᠮᠰᠢᠭᠲᠣ ᠦᠵᠡᠮᠵᠢ ᠪᠦᠷᠢᠯᠳᠦᠭᠰᠡᠨ ᠶᠣᠮ᠃ ᠪᠣᠭᠳᠠ ᠠᠭᠤᠯᠠ ᠶᠢ ᠬᠤᠯᠠ ᠠᠴᠠ ᠪᠠᠷᠠᠯᠠᠪᠠᠯ᠂ ᠬᠦᠬᠡᠮᠳᠦᠭ ᠰᠦᠭᠯᠡᠶᠢᠵᠦ᠂ ᠣᠶᠢᠷᠠᠲᠣᠵᠣ ᠣᠴᠢᠭᠠᠳ ᠦᠵᠡᠪᠡᠯ ᠭᠦᠨ ᠬᠠᠪᠴᠢᠯ᠂ ᠪᠠᠷᠲᠠᠭᠠᠲᠣ ᠠᠭᠤᠯᠠ᠂ ᠡᠷᠪᠡᠭᠡᠷ ᠰᠡᠷᠪᠡᠭᠡᠷ ᠬᠠᠳᠠ ᠬᠠᠷᠠᠭᠳᠠᠵᠣ᠂ ᠬᠦᠮᠦᠰ ᠲᠤ ᠡᠷᠬᠡ ᠦᠭᠡᠢ ᠭᠠᠶᠢᠬᠠᠯ ᠲᠦᠷᠦᠭᠦᠯᠦᠨ᠎ᠡ᠃     ᠪᠣᠭᠳᠠ ᠠᠭᠤᠯᠠ ᠶᠢᠨ ᠣᠢ ᠰᠢᠭᠤᠢ ᠢᠭᠴᠣ ᠰᠠᠬᠤᠯᠢᠭ᠂ ᠡᠳ᠋ ᠭᠠᠷᠣᠯᠲᠠ ᠡᠯᠪᠡᠭ ᠪᠠᠶᠠᠯᠢᠭ ᠪᠠᠶᠢᠳᠠᠭ᠃ ᠪᠣᠭᠳᠠ ᠠᠭᠤᠯᠠ ᠶᠢᠨ ᠦᠵᠡᠮᠵᠢ ᠶᠢᠨ ᠣᠷᠣᠨ ᠳᠤ ᠬᠤᠰᠣ ᠮᠣᠳᠣ᠂ ᠣᠯᠢᠶᠠᠰᠣᠨ ᠮᠣᠳᠣ᠂ ᠭᠦᠢᠯᠡᠰᠦᠨ ᠮᠣᠳᠣ᠂ ᠴᠠᠷᠠᠰᠣᠨ ᠮᠣᠳᠣ ᠵᠡᠷᠭᠡ ᠬᠡᠳᠦᠨ ᠠᠷᠪᠠᠨ ᠵᠦᠢᠯ ᠤᠨ ᠮᠣᠳᠣ ᠪᠠᠶᠢᠳᠠᠭ᠃ ᠢᠭᠴᠣ ᠰᠠᠬᠤᠯᠢᠭ ᠣᠢ ᠰᠢᠭᠤᠢ ᠳᠤ ᠨᠢ ᠡᠯᠪᠡᠭ ᠪᠠᠶᠠᠯᠢᠭ ᠣᠰᠣᠨ ᠰᠣᠷᠪᠣᠯᠵᠢ ᠲᠠᠢ ᠪᠠᠶᠢᠵᠣ᠂ ᠷᠠᠰᠢᠶᠠᠨ ᠪᠣᠯᠠᠭ ᠣᠨᠳᠣᠷᠣᠨ ᠣᠷᠣᠰᠴᠣ ᠪᠠᠶᠢᠳᠠᠭ᠃ ᠠᠭᠤᠯᠠ ᠬᠦᠪᠴᠢ ᠳᠤ ᠲᠣᠷᠤᠭ ᠪᠣᠭᠤ᠂ ᠪᠣᠷᠣ ᠭᠦᠷᠦᠭᠡᠰᠦ᠂ ᠵᠡᠷᠯᠢᠭ ᠭᠠᠭ᠋ᠠᠢ᠂ ᠬᠤᠶᠢᠯᠤᠭ ᠵᠡᠷᠭᠡ ᠬᠤᠪᠣᠷ ᠴᠣᠬᠠᠭ ᠵᠡᠷᠯᠢᠭ ᠠᠮᠢᠲᠠᠨ  ᠂ ᠵᠢᠭᠦᠷᠲᠡᠨ ᠰᠢᠪᠠᠭᠤ ᠪᠠᠶᠢᠵᠣ᠂ ᠪᠠᠰᠠ ᠬᠤᠷᠳᠣᠨ ᠴᠠᠭᠠᠨ ᠵᠡᠷᠭᠡ ᠡᠮ ᠤᠨ ᠮᠠᠲ᠋ᠧᠷᠢᠶᠠᠯ ᠪᠠ ᠮᠦᠭᠦ᠂ ᠰᠢᠳ ᠭᠦᠢᠯᠡᠰᠦ ᠵᠡᠷᠭᠡ ᠣᠨᠴᠠ ᠭᠠᠷᠣᠯᠲᠠ ᠡᠯᠪᠡᠭ ᠪᠠᠶᠢᠳᠠᠭ᠃     ᠪᠣᠭᠳᠠ ᠠᠭᠤᠯᠠ ᠪᠣᠯ ᠬᠤᠯᠠ ᠣᠶᠢᠷ᠎ᠠ ᠳᠤ ᠪᠠᠨ ᠠᠯᠳᠠᠷᠰᠢᠭᠰᠠᠨ ᠦᠨᠢ ᠣᠳᠠᠭᠠᠨ ᠰᠣᠶᠣᠯ ᠲᠡᠣᠬᠡ ᠶᠢᠨ ᠣᠯᠠᠮᠵᠢᠯᠠᠯ ᠲᠠᠢ ᠡᠷᠲᠡᠨ ᠤ ᠰᠢᠲᠦᠭᠡᠨᠲᠦ ᠠᠭᠤᠯᠠ ᠪᠣᠯᠬᠤ ᠶᠣᠮ᠃ ᠪᠣᠭᠳᠠ ᠠᠭᠤᠯᠠ ᠪᠣᠯ ᠶᠣᠸᠠᠨ ᠣᠯᠣᠰ ᠠᠴᠠ ᠴᠢᠩ ᠣᠯᠣᠰ ᠤᠨ ᠡᠬᠢᠨ ᠤ ᠦᠶ᠎ᠡ ᠪᠣᠯᠲᠠᠯ᠎ᠠ ︽ᠡᠬᠡ   ᠳᠣᠶᠣᠨ ᠦᠨᠳᠦᠷ︾ ᠭᠡᠵᠦ ᠳᠠᠭᠤᠳᠠᠭᠳᠠᠵᠣ ᠪᠠᠶᠢᠵᠠᠢ᠃ ᠵᠠᠷᠢᠮ ᠡᠷᠳᠡᠮᠲᠡᠳ ᠨᠣᠲᠠᠯᠠᠭᠰᠠᠨ ᠨᠢ᠂ ᠪᠣᠭᠳᠠ ᠠᠭᠤᠯᠠ ᠪᠣᠯ ᠴᠢᠩᠬᠢᠰ ᠬᠠᠭᠠᠨ ᠤ ᠬᠠᠮᠤᠭ ᠪᠠᠭ᠎ᠠ ᠳᠡᠭᠦᠦ ᠲᠡᠮᠦᠭᠡ ᠣᠳᠴᠢᠬᠢᠨ ᠨᠣᠶᠠᠨ ᠪᠠ ᠦᠭᠡᠯᠦᠨ ᠡᠬᠡ ᠬᠠᠲᠣᠨ ᠤ ᠣᠷᠳᠣ ᠬᠠᠷᠰᠢ ᠶᠢ ᠰᠠᠬᠢᠨ ᠬᠠᠮᠠᠭᠠᠯᠠᠵᠣ ᠪᠠᠶᠢᠭᠰᠠᠨ ᠣᠷᠢᠶᠠᠩᠬᠠᠶᠢᠴᠣᠳ ᠠᠴᠠ ᠦᠭᠡᠯᠦᠨ ᠡᠬᠡ ᠳᠤ ᠲᠠᠬᠢᠯᠭ᠎ᠠ ᠬᠢᠵᠦ ᠪᠠᠶᠢᠭᠰᠠᠨ ᠭᠠᠵᠠᠷ ᠪᠣᠯᠣᠨ᠎ᠠ᠃ ᠳᠣᠶᠣᠨ ᠦᠨᠳᠦᠷ  ᠤᠨ ᠲᠠᠬᠢᠯᠭ᠎ᠠ ᠣᠷᠢᠳ ᠬᠤᠵᠢᠳ ᠭᠤᠷᠪᠠᠨ ᠵᠠᠭᠤ ᠢᠯᠡᠭᠦᠦ ᠵᠢᠯ ᠦᠷᠬᠦᠯᠵᠢᠯᠡᠵᠡᠢ᠃ ᠴᠢᠩ ᠣᠯᠣᠰ ᠤᠨ ᠲᠡᠭᠷᠢ ᠳᠡᠳᠭᠦᠭᠴᠢ ᠬᠠᠭᠠᠨ ᠤ ᠦᠶ᠎ᠡ ᠳᠤ ᠵᠠᠯᠠᠶᠢᠳ ᠬᠤᠰᠢᠭᠤᠨ ᠤ ᠨᠠᠢᠮᠠᠳᠣᠭᠠᠷ ᠦᠶ᠎ᠡ ᠶᠢᠨ ᠵᠠᠰᠠᠭ ᠪᠡᠶᠢᠯᠡ ᠮᠠᠰᠢᠪᠠᠲᠣ᠂ ᠲᠦᠪᠡᠳ ᠤᠨ   ᠯᠾᠠᠰᠠ ᠳᠤ ᠬᠦᠮᠦᠨ ᠲᠣᠮᠢᠯᠠᠨ ᠠᠭᠤᠯᠠᠨ ᠰᠠᠬᠢᠭᠤᠰᠣ ᠶᠢ ᠠᠮᠢᠯᠠᠭᠤᠯᠣᠨ ᠵᠠᠯᠠᠵᠣ᠂ ᠳᠣᠶᠣᠨ ᠦᠨᠳᠦᠷ ᠵᠡᠷᠭᠡ ᠲᠠᠪᠣᠨ ᠠᠭᠤᠯᠠ ᠶᠢ ᠲᠠᠬᠢᠯᠭ᠎ᠠ ᠶᠢᠨ ᠠᠭᠤᠯᠠ ᠪᠣᠯᠭᠠᠵᠣ᠂ ᠳᠣᠶᠠᠠ ᠦᠨᠳᠦᠷ ᠠᠭᠤᠯᠠᠨ ᠤ ᠨᠡᠷ᠎ᠡ ᠶᠢ ᠦᠯᠵᠡᠶᠢᠴᠣᠭᠲᠣ ᠠᠭᠤᠯᠠ ᠬᠡᠮᠡᠨ ᠬᠠᠯᠠᠵᠣ᠂ ᠲᠦᠪᠡᠳ ᠢᠶᠠᠷ ᠷᠠᠰᠢᠵᠠᠯᠪᠤ ᠭᠡᠵᠦ ᠨᠡᠷᠡᠶᠢᠳᠪᠡ᠃ ᠲᠡᠷᠡ ᠨᠢ ᠦᠯᠵᠡᠢ ᠪᠡᠯᠭᠡ ᠲᠠᠢ ᠡᠵᠡᠨ ᠰᠢᠲᠦᠭᠡᠨ ᠭᠡᠰᠡᠨ ᠣᠳᠬ᠎ᠠ ᠲᠠᠢ᠃ ᠡᠭᠦᠨ ᠤ ᠣᠯᠠᠮ ᠠᠴᠠ ᠰᠢᠲᠦᠭᠡᠨ ᠤ ᠨᠡᠷ᠎ᠡ ᠶᠢ ᠴᠡᠭᠡᠷᠯᠡᠵᠦ   ︽ᠪᠣᠭᠳᠠ ᠠᠭᠤᠯᠠ︾ ᠭᠡᠵᠦ ᠦᠨᠦ ᠪᠣᠯᠲᠠᠯ᠎ᠠ ᠳᠠᠭᠤᠳᠠᠵᠣ ᠢᠷᠡᠵᠡᠢ᠃ ᠪᠣᠭᠳᠠ ᠠᠭᠤᠯᠠ ᠪᠣᠯ ᠶᠣᠸᠠᠨ ᠤ ᠦᠶ᠎ᠡ  ᠶᠢᠨ ᠡᠷᠬᠢᠮ ᠨᠠᠨᠳᠢᠨ ᠭᠠᠵᠠᠷ ᠵᠦᠢ᠂ ᠰᠣᠶᠣᠯ ᠤᠨ ᠬᠠᠭᠤᠴᠢᠳ ᠪᠣᠯᠣᠨ᠎ᠠ᠃ ᠪᠣᠭᠳᠠ ᠠᠭᠤᠯᠠ ᠶᠢᠨ ᠲᠠᠬᠢᠯᠭ᠎ᠠ ᠠᠭᠤᠯᠭ᠎ᠠ ᠪᠠᠶᠠᠯᠢᠭ᠂ ᠬᠡᠯᠪᠡᠷᠢ ᠳᠦᠷᠢᠮᠵᠢᠯ ᠲᠠᠢ᠂ ᠳᠡᠰ ᠳᠠᠷᠠᠭ᠎ᠠ ᠲᠣᠭᠲᠠᠮᠠᠯ ᠣᠨᠴᠠᠯᠢᠭ ᠲᠠᠢ ᠪᠠᠶᠢᠵᠣ᠂ ᠵᠢᠯ ᠪᠦᠷᠢ  ᠶᠢᠨ 5 ᠰᠠᠷ᠎ᠠ ᠶᠢᠨ 20 ᠳᠤ ᠶᠠᠪᠣᠭᠳᠠᠭᠤᠯᠳᠠᠭ᠃ ᠪᠣᠭᠳᠠ ᠠᠭᠤᠯᠠ ᠶᠢᠨ ᠲᠠᠬᠢᠯᠭ᠎ᠠ ᠨᠢᠭᠡᠨᠲᠡ ᠣᠯᠣᠰ ᠤᠨ ᠳᠡᠰ  ᠤᠨ ᠪᠣᠳᠠᠰ ᠤᠨ ᠪᠣᠰᠣ ᠰᠣᠶᠣᠯ ᠤᠨ ᠦᠪ ᠤᠨ ᠬᠠᠮᠠᠭᠠᠯᠠᠯᠲᠠ ᠶᠢᠨ ᠨᠡᠷᠡᠰ ᠲᠤ ᠵᠢᠭᠰᠠᠭᠠᠭᠳᠠᠭᠰᠠᠨ ᠪᠠᠶᠢᠨ᠎ᠠ᠃                                                                                                                    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号