ᠮᠤᠩᠭᠤᠯ ᠦᠨᠳᠦᠰᠦᠲᠡᠨ ᠤ ᠴᠡᠭᠡᠷ ᠶᠤᠰᠤ
ᠨᠡᠶᠢᠲᠡᠯᠡᠭᠰᠡᠨ ᠴᠠᠭ᠄
2018-06-25
  ᠮᠤᠩᠭᠤᠯ ᠦᠨᠳᠦᠰᠦᠲᠡᠨ ᠤ ᠴᠡᠭᠡᠷ ᠶᠤᠰᠤᠨ ᠳᠤ ᠲᠦᠷᠦᠯ ᠰᠠᠲᠤᠨ ᠨᠠᠶᠢᠵᠠ ᠨᠦᠭᠦᠳ ᠤᠨ ᠬᠢᠨᠢ   ᠳᠡᠭᠡᠨ ᠠᠶᠢᠯᠴᠢᠯᠠᠵᠤ ᠭᠡᠷ ᠲᠤᠨᠢ ᠬᠦᠷᠬᠦ ᠳᠤ ᠨᠤᠬᠠᠢ ᠨᠢ ᠡᠰᠡᠷᠭᠦ ᠴᠢᠨᠢ ᠨᠦᠷᠢᠨ ᠢᠷᠡᠬᠦ ᠦᠶᠡᠰ ᠨᠤᠬᠠᠢ ᠶᠢ ᠨᠢ ᠮᠢᠯᠠᠭ᠎ᠠ᠂ ᠰᠢᠳᠠᠮ  ᠂ ᠴᠢᠯᠠᠭᠤ ᠪᠠᠷ ᠵᠤᠳᠤᠵᠤ ᠪᠤᠯᠬᠤ ᠦᠭᠡᠢ᠃ ᠨᠤᠬᠠᠢ ᠶᠢ ᠨᠢ ᠵᠤᠳᠤᠪᠡᠯ ᠡᠵᠡᠨ ᠨᠢ ᠲᠠᠨ ᠳᠤ ᠬᠦᠢᠲᠡᠨ ᠢᠶᠠᠷ ᠬᠠᠨᠳᠤᠨ᠎ᠠ᠃ ᠵᠣᠴᠢᠨ ᠮᠤᠷᠳᠦᠬᠤ   ᠳᠠᠭᠠᠨ ᠭᠡᠷ ᠠᠴᠠ ᠨᠢ ᠭᠠᠷᠤᠮᠠᠭᠴᠠ ᠳᠤᠤᠷ᠎ᠠ ᠪᠠᠨ ᠲᠡᠷᠭᠡᠨ ᠳᠡᠭᠡᠨ ᠰᠭᠤᠵᠤ ᠮᠤᠷᠢᠨ ᠳᠠᠭᠠᠨ ᠮᠤᠷᠳᠠᠳᠠᠭ ᠦᠭᠡᠢ᠃ ᠭᠡᠷ ᠠᠴᠠ ᠭᠠᠷᠤᠭᠠᠳ ᠠᠷᠪᠡ ᠬᠤᠷᠢᠨ ᠮᠧᠲᠷ ᠶᠠᠪᠤᠭᠠᠳ ᠰᠠᠶ᠋ᠢ ᠠᠭᠳᠠᠨ  ᠳᠠᠭᠠᠨ ᠮᠤᠷᠳᠠᠬᠤ ᠪᠤᠶᠤ ᠲᠡᠷᠭᠡᠨ   ᠳ᠋ᠡᠭᠡ ᠰᠠᠭᠤᠨ᠎ᠠ᠃ ᠠᠶᠢᠯᠴᠢᠯᠠᠬᠤ ᠳᠠᠭᠠᠨ ᠭᠡᠷ ᠤᠨ ᠡᠵᠡᠨ ᠤ ᠡᠭᠦᠳᠡᠨ ᠳᠡᠭᠡᠷᠡᠬᠢ ᠡᠯᠭᠦᠭᠰᠡᠨ ᠰᠢᠨᠵᠢ ᠲᠡᠮᠲᠡᠭ ᠢ   ᠨᠢ ᠠᠩᠬᠠᠷᠴᠤ ᠦᠵᠡᠬᠦ ᠬᠡᠷᠡᠭᠲᠡᠢ᠃ ᠬᠡᠷᠪᠡ ᠤᠯᠠᠭᠠᠨ ᠪᠦᠰᠡ ᠤᠶᠠᠭᠰᠠᠨ ᠨᠤᠮᠤ ᠰᠤᠮᠤ ᠡᠯᠭᠦᠭᠡᠰᠦᠲᠡᠢ ᠪᠤᠯ ᠭᠡᠷ ᠲᠤᠨᠢ ᠰᠠᠷ᠎ᠠ ᠳᠤ ᠰᠠᠭᠤᠵᠤ ᠪᠠᠶᠢᠭ᠎ᠠ ᠬᠦᠮᠦᠨ ᠲᠠᠢ ᠭᠡᠰᠡᠨ ᠢ ᠬᠠᠷᠠᠭᠤᠯᠵᠤ ᠪᠤᠢ᠃ ᠡᠶᠢᠮᠦ ᠭᠡᠷ ᠲᠤ ᠲᠤᠷ᠎ᠠ ᠪᠠᠷ ᠢᠶᠠᠨ ᠤᠷᠤᠵᠤ ᠪᠤᠯᠳᠠᠭ ᠦᠭᠡᠢ᠃ ᠰᠠᠷ᠎ᠠ ᠳᠤ ᠰᠠᠭᠤᠵᠤ ᠪᠠᠶᠢᠭ᠎ᠠ ᠡᠮᠡᠭᠲᠡᠢ   ᠶᠢ ᠰᠦ ᠪᠠᠭᠤᠯᠭᠠᠬᠤ ᠪᠠᠷ ᠤᠴᠢᠬᠤ ᠳᠠᠭᠠᠨ ᠭᠡᠷ ᠲᠤᠨᠢ ᠲᠦᠯᠬᠢᠭᠦᠷ ᠤᠨᠢᠰᠦ ᠠᠪᠴᠤ ᠤᠷᠤᠵᠤ ᠪᠤᠯᠬᠤ ᠦᠭᠡᠢ᠃ ᠤᠷᠤᠪᠡᠯ ᠰᠦ ᠨᠢ ᠲᠠᠲᠠᠨ᠎ᠠ ᠭᠡᠳᠡᠭ᠃ ᠭᠡᠷ ᠠᠴᠠ ᠨᠢ ᠭᠠᠷᠴᠤ ᠶᠠᠪᠤᠬᠤ ᠳᠠᠭᠠᠨ ᠪᠡᠯᠡᠭ ᠰᠠᠯᠲᠠ ᠡᠰᠡᠪᠡᠯ ᠬᠦᠡᠭᠭᠡᠵᠢᠭᠰᠡᠨ ᠡᠮᠡᠭᠲᠡᠢ ᠶᠢᠨ ᠶᠠᠭᠤᠮ᠎ᠠ ᠬᠡᠤᠮ᠎ᠡ ᠶᠢ ᠠᠪᠴᠤ ᠶᠠᠪᠤᠵᠤ ᠪᠤᠯᠬᠤ ᠦᠭᠡᠢ    ︔ ᠵᠤᠴᠢᠨ ᠬᠦᠮᠦᠨ ᠭᠡᠷ ᠤᠨ ᠡᠵᠡᠨ ᠤ ᠬᠤᠪᠤᠡᠭ ᠳᠡᠭᠡᠷ᠎ᠡ ᠬᠦᠯ ᠪᠠ ᠤᠶᠢᠮᠤᠰᠤ ᠭᠤᠲᠤᠯ ᠢᠶᠠᠨ ᠡᠭᠡᠭᠡᠵᠤ ᠪᠤᠯᠬᠤ ᠦᠭᠡᠢ︔ ᠬᠤᠪᠤᠡᠭ ᠲᠤᠲᠤᠷ᠎ᠠ ᠨᠢᠯᠪᠤᠵᠤ ᠪᠤᠯᠬᠤ ᠦᠭᠡᠢ᠃ ᠮᠢᠯᠠᠭ᠎ᠠ ᠡᠰᠡᠪᠡᠯ ᠮᠤᠳᠤ ᠰᠢᠳᠠᠮ ᠢ ᠭᠡᠷ ᠲᠤᠨᠢ ᠠᠪᠴᠤ ᠤᠷᠤᠵᠤ ᠪᠤᠯᠬᠤ ᠦᠭᠡᠢ︔ ᠠᠪᠴᠤ ᠤᠷᠤᠭᠰᠠᠨ ᠶᠠᠭᠤᠮ᠎ᠠ ᠬᠡᠤᠮ᠎ᠡ ᠪᠠᠨ ᠭᠡᠷ ᠤᠨ ᠪᠠᠷᠠᠭᠤᠨ ᠬᠤᠶᠢᠲᠦ ᠦᠨᠴᠤᠭ᠌ ᠤᠨ ᠪᠤᠷᠬᠠᠨ ᠲᠠᠬᠢᠵᠤ ᠪᠠᠶᠢᠭ᠎ᠠ ᠭᠠᠵᠠᠷ ᠲᠠᠯᠪᠢᠵᠤ ᠪᠤᠯᠬᠤ ᠦᠭᠡᠢ︔ ᠬᠤᠭᠤᠯᠠ ᠪᠤᠳᠠᠭ᠎ᠠ ᠢᠳᠡᠬᠦ ᠦᠶᠡᠰ ᠠᠬᠠᠰ ᠵᠠᠬᠠᠰ ᠨᠢ ᠰᠠᠭᠤᠬᠤ ᠠᠴᠠ ᠡᠮᠦᠨ᠎ᠡ ᠰᠠᠭᠤᠵᠤ ᠪᠤᠯᠬᠤ ᠦᠭᠡᠢ᠂ ᠰᠢᠷᠡᠭᠡ ᠶᠢᠨ ᠭᠤᠤᠯ ᠳᠤ ᠰᠠᠭᠤᠵᠤ ᠪᠤᠯᠬᠤ ᠦᠭᠡᠢ᠂ ᠡᠴᠢᠭᠡ ᠡᠬᠡ ᠨᠢ ᠠᠮᠢᠳᠦ ᠰᠡᠷᠡᠭᠦᠨ ᠪᠠᠶᠢᠬᠤ ᠦᠶ᠎ᠡ ᠳᠤ ᠦᠷ᠎ᠡ ᠬᠡᠤᠬᠡᠳ ᠨᠢ ᠬᠡᠳᠦᠢ ᠬᠦᠷᠦᠭᠰᠡᠨ ᠴᠤ ᠨᠠᠰᠤᠨ ᠦᠯᠵᠠᠢ ᠶᠢᠨ ᠪᠠᠶᠠᠷ ᠬᠢᠵᠤ ᠪᠤᠯᠬᠤ ᠦᠭᠡᠢ᠂ ᠵᠦᠪᠬᠡᠨ ᠵᠢᠯ ᠤᠷᠤᠭᠰᠠᠨ ᠢᠶᠠᠨ ᠪᠡᠯᠭᠡᠯᠡᠵᠤ ᠪᠤᠯᠤᠨ᠎ᠠ᠃ ᠭᠡᠷ ᠲᠤᠨᠢ ᠬᠦᠨᠳᠦ ᠡᠪᠡᠳᠴᠢᠲᠡᠨ ᠪᠠᠶᠢᠪᠠᠯ ᠢᠷᠡᠬᠦ ᠵᠤᠴᠢᠨ ᠤᠷᠤᠢ ᠦᠳᠡᠰᠢ ᠪᠠᠷ ᠡᠪᠡᠳᠴᠢᠲᠡᠨ ᠤ ᠦᠷᠦᠭᠡ ᠳᠤ ᠤᠷᠤᠬᠤ ᠶᠢ ᠴᠡᠭᠡᠷᠯᠡᠨ᠎ᠡ᠃ ᠦᠶ᠎ᠡ ᠬᠤᠷᠠᠭ ᠤᠨ ᠬᠦᠮᠦᠰ ᠤᠨ ᠬᠤᠭᠤᠷᠤᠨᠳᠦ ᠪᠠᠨ ᠲᠦᠷᠦᠭᠰᠡᠨ ᠪᠡᠷᠭᠡᠨ ᠲᠠᠢ ᠪᠠᠨ ᠱᠤᠭᠯᠠᠵᠤ   ᠪᠤᠯᠬᠤ ᠦᠭᠡᠢ᠃ ᠠᠬᠠᠰ ᠵᠠᠬᠠᠰ ᠨᠢ ᠪᠡᠶ᠎ᠡ ᠦᠡᠭᠭᠷᠡᠪᠡᠯ ᠲᠤᠤᠷ᠎ᠠ ᠦᠶ᠎ᠡ ᠶᠢᠨ ᠬᠦᠮᠦᠰ ᠨᠢ ᠦᠭᠦᠪᠡ ᠭᠡᠰᠡᠨ ᠦᠭᠡ ᠶᠢ ᠴᠡᠭᠡᠷᠯᠠᠵᠤ᠂ 《 ᠪᠤᠷᠬᠠᠨ ᠪᠤᠯᠪᠠ 》᠂ 《 ᠲᠡᠭᠷᠢ ᠳᠤ ᠳᠡᠪᠰᠢᠪᠡ 》 ᠭᠡᠵᠤ ᠬᠦᠨᠳᠦᠳᠭᠡᠯ ᠤᠨ ᠰᠡᠳᠬᠢᠯᠭᠡ ᠪᠠᠨ ᠢᠯᠡᠳᠭᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号