【ᠲᠤᠶᠢᠮᠤ ᠪᠠᠶᠢᠳᠠᠯ】 ᠪᠠᠶᠠᠨᠵᠢᠯᠠᠭ᠎ᠠ ᠰᠢᠶᠠᠩ ᠪᠤᠯ ᠵᠠᠯᠠᠶᠢᠳ ᠬᠤᠰᠢᠭᠤᠨ ᠤ ᠵᠡᠭᠦᠨ ᠬᠤᠶᠢᠲᠦ ᠳᠤ | ᠪᠠᠶᠢᠷᠢᠯᠠᠵᠦ᠂ ᠵᠡᠭᠦᠨ ᠢᠶᠠᠨ ᠬᠠᠷᠠᠮᠦ᠋ᠷᠡᠨ ᠮᠤᠵᠢ ᠶᠢᠨ ᠯᠦᠩᠵᠢᠶᠠᠩ ᠰᠢᠶᠠᠨ ᠲᠠᠢ ᠵᠠᠬ᠎ᠠ ᠨᠡᠶᠢᠯᠡᠵᠦ᠂ ᠪᠠᠷᠠᠭᠤᠨ ᠢᠶᠠᠨ | ᠪᠠᠳᠠᠷᠠᠬᠤ ᠪᠠᠯᠭᠠᠰᠤ ᠲᠠᠢ ᠵᠠᠬ᠎ᠠ ᠨᠡᠶᠢᠯᠡᠵᠦ᠂ ᠡᠮᠦᠨ᠎ᠡ ᠪᠠᠨ ᠴᠤᠤᠯ ᠲᠠᠢ ᠭᠤᠤᠯ ᠠᠯᠤᠰᠯᠠᠨ ᠨᠢᠭᠤᠷᠯᠠᠵᠦ᠂ ᠬᠤᠶᠢᠨ᠎ᠠ | ᠪᠠᠨ ᠬᠠᠳᠠᠬᠢᠨ ᠲᠠᠢ ᠬᠦᠷᠰᠢᠯᠡᠵᠦ ᠪᠠᠶᠢᠨ᠎ᠠ᠃ ᠨᠤᠲᠤᠭ ᠳᠡᠪᠢᠰᠭᠡᠷ ᠤᠨ ᠲᠠᠯᠠᠪᠠᠢ 358 ᠳᠡᠭᠰᠢ ᠲᠦᠷᠪᠡᠯᠵᠢᠨ | ᠺᠢᠯᠤᠮᠧᠲᠷ ᠪᠠᠶᠢᠵᠦ᠂ ᠭᠠᠵᠠᠷ ᠰᠢᠷᠤᠢ ᠶᠢᠨ ᠲᠠᠯᠠᠪᠠᠢ 52.8 ᠲᠦᠮᠡᠨ ᠮᠦ᠂ ᠡᠭᠦᠨ ᠳᠤ᠄ ᠲᠠᠷᠢᠶᠠᠨ ᠭᠠᠵᠠᠷ ᠤᠨ | ᠲᠠᠯᠠᠪᠠᠢ 24.3 ᠲᠦᠮᠡᠨ ᠮᠦ ᠳᠤ ᠬᠦᠷᠴᠦ᠂ ᠪᠦᠬᠦ ᠰᠢᠶᠠᠩ ᠤᠨ ᠲᠠᠯᠠᠪᠠᠢ ᠶᠢᠨ 40% ᠶᠢ ᠡᠵᠡᠯᠡᠵᠦ᠂ ᠤᠢ ᠶᠢᠨ | ᠲᠠᠯᠠᠪᠠᠢ 7.79 ᠲᠦᠮᠡᠨ ᠮᠦ᠂ ᠪᠡᠯᠴᠢᠭᠡᠷ ᠤᠨ ᠲᠠᠯᠠᠪᠠᠢ 15.6 ᠲᠦᠮᠡᠨ ᠮᠦ ᠪᠠᠶᠢᠨ᠎ᠠ᠃ ᠨᠠᠭᠤᠷ ᠪᠦᠷᠢᠲᠦ ᠶᠢᠨ | ᠲᠠᠯᠠᠪᠠᠢ 3840 ᠮᠦ ᠪᠠᠶᠢᠵᠦ᠂ ᠬᠠᠳᠠᠬᠢᠨ ᠭᠤᠤᠯ ᠨᠢ ᠪᠦᠬᠦ ᠰᠢᠶᠠᠩ ᠢᠶᠠᠷ ᠬᠦᠨᠳᠡᠯᠡᠨ ᠤᠷᠤᠰᠴᠦ ᠪᠠᠶᠢᠨ᠎ᠠ᠃ | ᠰᠢᠶᠠᠩ ᠤᠨ ᠵᠠᠰᠠᠭ ᠤᠨ ᠤᠷᠲᠤᠨ ᠤ ᠰᠠᠭᠤᠭ᠎ᠠ ᠭᠠᠵᠠᠷ ᠪᠤᠯ ᠦ᠋ ᠰᠢᠩ ᠲᠤᠰᠬᠤᠨ ᠤ ᠦ᠋ ᠵᠢᠶᠠ ᠬᠤ᠋ ᠠᠶᠢᠯ ᠳᠤ | ᠪᠠᠶᠢᠵᠦ᠂ ᠬᠤᠰᠢᠭᠤᠨ ᠤ ᠵᠠᠰᠠᠭ ᠤᠨ ᠤᠷᠲᠤᠨ ᠤ ᠰᠠᠭᠤᠭ᠎ᠠ ᠭᠠᠵᠠᠷ ᠢᠨᠳᠡᠷ ᠪᠠᠯᠭᠠᠰᠤ ᠠᠴᠠ 42 ᠺᠢᠯᠤᠮᠧᠲᠷ | ᠵᠠᠶᠢᠲᠠᠢ᠃ ᠠᠩᠬᠢᠷ ᠤᠨ ᠠᠭᠤᠯᠠ ᠬᠡᠲᠦᠨ ᠠᠷᠪᠠᠨ ᠭᠠᠵᠠᠷ ᠵᠠᠯᠭᠠᠯᠳᠤᠵᠦ᠂ ᠠᠭᠤᠯᠠᠨ ᠳᠡᠭᠡᠷ᠎ᠡ ᠨᠢ 5 ᠲᠦᠮᠡᠨ ᠮᠦ | ᠪᠠᠶᠢᠭᠠᠯᠢᠯᠢᠭ ᠤᠢ ᠬᠤᠴᠢᠭᠳᠠᠵᠦ ᠪᠠᠶᠢᠨ᠎ᠠ᠃ ᠪᠦᠬᠦ ᠰᠢᠶᠠᠩ ᠳᠤ 1 ᠨᠡᠶᠢᠭᠡᠮ ᠲᠤᠭᠤᠷᠢᠭ᠂ 11 ᠵᠠᠰᠠᠭ ᠵᠠᠬᠢᠷᠭᠠᠨ | ᠤ ᠲᠤᠰᠬᠤᠨ᠂ 48 ᠠᠶᠢᠯ᠂ 71 ᠲᠤᠰᠬᠤᠨ ᠤ ᠠᠷᠠᠳ ᠤᠨ ᠪᠠᠭ᠎ᠠ ᠲᠤᠭᠤᠶᠢᠯᠠᠩ ᠪᠠᠶᠢᠵᠦ᠂ ᠬᠢᠲᠠᠳ | ᠦᠨᠳᠦᠰᠦᠲᠡᠨ᠂ ᠮᠤᠩᠭᠤᠯ ᠦᠨᠳᠦᠰᠦᠲᠡᠨ᠂ ᠮᠠᠨᠵᠦ ᠦᠨᠳᠦᠰᠦᠲᠡᠨ᠂ ᠰᠤᠯᠤᠩᠭᠤᠰ ᠵᠡᠷᠭᠡ ᠦᠨᠳᠦᠰᠦᠲᠡᠨ | ᠬᠤᠯᠢᠯᠳᠤᠨ ᠰᠠᠭᠤᠵᠦ᠂ ᠪᠦᠬᠦ ᠰᠢᠶᠠᠩ ᠤᠨ ᠶᠡᠷᠦᠩᠬᠡᠢ ᠡᠷᠦᠬᠡ ᠶᠢᠨ ᠲᠤᠭ᠎ᠠ 6784 ᠳᠤ ᠬᠦᠷᠴᠦ᠂ ᠶᠡᠷᠦᠩᠬᠡᠢ | ᠬᠦᠮᠦᠨ ᠠᠮᠠ 19617 ᠪᠠᠶᠢᠨ᠎ᠠ᠃ ᠵᠠᠮ ᠬᠠᠷᠢᠯᠴᠠᠭ᠎ᠠ ᠲᠦᠭᠦᠮ ᠪᠠᠶᠢᠵᠦ᠂『111』 ᠤᠯᠤᠰ ᠤᠨ ᠵᠠᠮ ᠪᠠ | ᠮᠤᠵᠢ ᠶᠢᠨ ᠬᠤᠭᠤᠷᠤᠨᠳᠤᠬᠢ ᠵᠠᠰᠠᠮᠠᠯ ᠵᠠᠮ ᠰᠢᠶᠠᠩ ᠢᠶᠠᠷ ᠲᠠᠮᠵᠢᠵᠦ᠂ ᠢᠨᠳᠡᠷ ᠯᠦᠩᠵᠢᠶᠠᠩ ᠤᠨ ᠵᠠᠰᠠᠮᠠᠯ ᠵᠠᠮ | ᠪᠦᠬᠦ ᠰᠢᠶᠠᠩ ᠢᠶᠠᠷ ᠦᠩᠭᠡᠷᠡᠵᠦ᠂ ᠬᠦᠳᠡᠭᠡ ᠲᠤᠰᠬᠤᠨ ᠤ ᠵᠠᠰᠠᠮᠠᠯ ᠵᠠᠮ ᠤᠨ ᠪᠦᠬᠦ ᠤᠷᠲᠦ ᠨᠢ 158 ᠺᠢᠯᠤᠮᠧᠲᠷ | ᠪᠠᠶᠢᠨ᠎ᠠ᠃ ᠲᠠᠷᠢᠶᠠᠨ ᠭᠠᠵᠠᠷ ᠤᠨ ᠤᠯᠠᠩᠬᠢ ᠨᠢ ᠬᠠᠷ᠎ᠠ ᠺᠠᠯᠼᠲᠦ ᠬᠦᠷᠦᠰᠦ ᠪᠠᠶᠢᠵᠦ᠂ ᠬᠦᠷᠦᠰᠦ ᠰᠢᠷᠤᠢ ᠨᠢ | ᠬᠠᠷᠢᠴᠠᠩᠭᠤᠢ ᠦᠩ ᠰᠢᠮᠡᠯᠢᠭ᠂ ᠭᠤᠤᠯ ᠠᠮᠦ ᠪᠤᠳᠠᠭᠠᠨ ᠤ ᠲᠠᠷᠢᠮᠠᠯ ᠳᠤ ᠡᠷᠳᠡᠨᠢ ᠰᠢᠰᠢ᠂ ᠤᠰᠤᠨ ᠲᠤᠲᠤᠷᠭ᠎ᠠ᠂ | ᠰᠢᠰᠢ ᠪᠠᠶᠢᠵᠦ᠂ ᠠᠵᠦ ᠠᠬᠤᠢ ᠶᠢᠨ ᠲᠠᠷᠢᠮᠠᠯ ᠳᠤ ᠰᠢᠷ᠎ᠠ ᠪᠤᠷᠴᠠᠭ᠂ ᠲᠦᠮᠦᠰᠦ᠂ ᠨᠠᠷᠠᠨ ᠬᠤᠸᠠᠷ᠂ ᠨᠤᠭᠤᠭᠠᠨ | ᠪᠤᠷᠴᠠᠭ ᠵᠡᠷᠭᠡ ᠡᠯᠳᠡᠪ ᠠᠮᠦ ᠬᠤᠯᠢᠮᠠᠭ ᠪᠤᠷᠴᠠᠭ ᠪᠠᠶᠢᠨ᠎ᠠ᠃ ᠲᠠᠷᠢᠶᠠᠴᠢᠳ ᠤᠨ ᠬᠦᠮᠦᠨ ᠪᠦᠷᠢ ᠶᠢᠨ ᠲᠤᠮᠳᠠᠴᠢ ᠪᠠᠷ | ᠡᠵᠡᠯᠡᠬᠦ ᠲᠠᠷᠢᠶᠠᠨ ᠭᠠᠵᠠᠷ ᠤᠨ ᠲᠠᠯᠠᠪᠠᠢ 10 ᠮᠦ ᠪᠠᠶᠢᠨ᠎ᠠ᠃ | |