ᠰᠦᠮᠡᠰ ᠰᠦᠮᠡᠰ ᠵᠡᠷᠭᠡᠯᠭᠡ ᠬᠦᠪᠦᠷᠡᠭᠦᠯᠦᠨ | ᠰᠦᠨᠳᠡᠰ ᠰᠦᠨᠳᠡᠰ ᠲᠡᠮᠡᠭᠡᠳ ᠠᠯᠬᠤᠯᠠᠨ᠎ᠠ | ᠰᠦᠷ ᠬᠤᠯᠠ ᠠᠴᠠ ᠮᠦᠷᠦᠭᠡᠳᠦᠯ ᠠᠴᠢᠭᠠᠳ | ᠰᠦᠵᠢᠷᠡᠨ ᠰᠦᠵᠢᠷᠡᠨ ᠨᠤᠲᠤᠭ ᠢᠶᠠᠨ ᠰᠠᠨᠠᠨ᠎ᠠ | ᠨᠤᠲᠤᠭ ᠪᠤᠴᠠᠬᠤ ᠲᠡᠮᠡᠭᠡᠳ ᠤᠨ ᠮᠢᠨᠢ ᠨᠢᠯᠪᠤᠰᠤ | ᠨᠠᠮᠤᠷ ᠤᠨ ᠰᠦᠨᠢ ᠶᠢᠨ ᠵᠡᠭᠦᠳᠦᠨ ᠳᠤ ᠤᠨᠠᠨ᠎ᠠ | ᠮᠦᠩᠬᠦᠨ ᠪᠤᠶᠢᠯᠠᠭ᠎ᠠ ᠶᠢ ᠨᠢ ᠦᠭᠡᠶᠢᠯᠡᠨ ᠵᠠᠩᠬᠢᠷᠠᠭᠰᠠᠨ | ᠮᠤᠷᠢᠨ ᠬᠤᠭᠤᠷ ᠤᠨ ᠡᠭᠡᠰᠢᠭ ᠲᠠᠶᠢᠳᠬᠠᠷᠠᠨᠠ | ᠨᠠᠶᠢᠭᠤᠰ ᠨᠠᠶᠢᠭᠤᠰ ᠵᠡᠷᠭᠡᠯᠭᠡ ᠬᠦᠪᠦᠯᠵᠡᠭᠦᠯᠦᠨ | ᠨᠠᠮᠠᠰ ᠨᠠᠮᠠᠰ ᠲᠡᠮᠡᠭᠡᠳ ᠲᠡᠰᠢᠨᠡ | ᠪᠦᠬᠦ ᠶᠢᠨ ᠢᠶᠠᠨ ᠬᠤᠭᠤᠷᠤᠨᠳᠤ ᠨᠠᠷᠠᠨ ᠪᠦᠥᠪᠡᠶᠢᠯᠡᠭᠰᠡᠨ | ᠪᠦᠷᠢᠲᠦᠨ ᠰᠢᠷᠭᠠᠯ ᠭᠤᠪᠢ ᠪᠠᠨ ᠵᠤᠷᠢᠨ᠎ᠠ | ᠨᠤᠲᠤᠭ ᠪᠤᠴᠠᠬᠤ ᠲᠡᠮᠡᠭᠡᠳ ᠤᠨ ᠮᠢᠨᠢ ᠨᠢᠯᠪᠤᠰᠤ | ᠨᠠᠮᠤᠷ ᠤᠨ ᠰᠦᠨᠢ ᠶᠢᠨ ᠵᠡᠭᠦᠳᠦᠨ ᠳᠤ ᠤᠨᠠᠨ᠎ᠠ | ᠮᠦᠩᠬᠦᠨ ᠪᠤᠶᠢᠯᠠᠭ᠎ᠠ ᠶᠢ ᠨᠢ ᠦᠭᠡᠶᠢᠯᠡᠨ ᠵᠠᠩᠬᠢᠷᠠᠭᠰᠠᠨ | ᠮᠤᠷᠢᠨ ᠬᠤᠭᠤᠷ ᠤᠨ ᠡᠭᠡᠰᠢᠭ ᠲᠠᠶᠢᠳᠬᠠᠷᠠᠨᠠ | ᠦᠶᠡᠰ ᠦᠶᠡᠰ ᠵᠡᠷᠭᠡᠯᠭᠡ ᠬᠤᠯᠠᠳᠠᠭᠤᠯᠤᠨ | ᠦᠨᠳᠡᠰ ᠦᠨᠳᠡᠰ ᠲᠡᠮᠡᠭᠡᠳ ᠤᠶᠢᠷᠠᠲᠤᠨ᠎ᠠ | ᠤᠶᠠᠩᠭᠠᠷᠠᠨ ᠴᠠᠯᠬᠢᠬᠤ ᠪᠦᠷᠢᠲᠦ ᠶᠢᠨ ᠢᠶᠠᠨ ᠴᠢᠮᠡᠭᠡ ᠪᠠᠷ | ᠤᠯᠠᠨ ᠬᠤᠨᠤᠭ ᠤᠨ ᠴᠠᠩᠭᠠᠭ᠎ᠠ ᠨᠢ ᠲᠠᠶᠢᠯᠤᠭᠳᠠᠨ᠎ᠠ | ᠨᠤᠲᠤᠭ ᠪᠤᠴᠠᠬᠤ ᠲᠡᠮᠡᠭᠡᠳ ᠤᠨ ᠮᠢᠨᠢ ᠨᠢᠯᠪᠤᠰᠤ | ᠨᠠᠮᠤᠷ ᠤᠨ ᠰᠦᠨᠢ ᠶᠢᠨ ᠵᠡᠭᠦᠳᠦᠨ ᠳᠤ ᠤᠨᠠᠨ᠎ᠠ | ᠮᠦᠩᠬᠦᠨ ᠪᠤᠶᠢᠯᠠᠭ᠎ᠠ ᠶᠢ ᠨᠢ ᠦᠭᠡᠶᠢᠯᠡᠨ ᠵᠠᠩᠬᠢᠷᠠᠭᠰᠠᠨ | ᠮᠤᠷᠢᠨ ᠬᠤᠭᠤᠷ ᠤᠨ ᠡᠭᠡᠰᠢᠭ ᠲᠠᠶᠢᠳᠬᠠᠷᠠᠨᠠ | |