● ᠳᠠᠯᠠᠢ | ᠠᠳᠬᠤᠭ᠎ᠠ ᠳᠦᠭᠦᠷᠭᠦ ᠦᠬᠡᠢ ᠰᠡᠳᠬᠢᠯ ᠳᠠᠯ᠎ᠠ ᠪᠠᠷ | ᠶᠠᠪᠠᠭᠠᠯᠠᠵᠤ ᠶᠠᠭᠠᠷᠠᠨ᠎ᠠ | ᠠᠶᠤᠤᠯᠢᠬᠠᠢ ᠪᠠᠭᠳᠠᠭᠠᠮᠠ ᠬᠦᠰᠡᠯ ᠳᠡᠯᠡᠬᠡᠢ ᠤᠷᠢᠶᠠᠵᠤ | ᠨᠢᠰᠦᠨ᠎ᠠ | ᠳᠠᠯ᠎ᠠ ᠶᠢᠨ ᠰᠠᠯᠬᠢᠨ ᠤ ᠰᠡᠷᠢᠭᠦᠨ ᠦᠳᠡᠰᠢ ᠶᠢᠨ | ᠪᠦᠷᠭᠦᠭ ᠢᠶᠠᠷ ᠰᠡᠪᠡᠭᠡᠨᠡᠨᠠ | ᠳᠡᠭᠷᠢ ᠶᠢᠨ ᠴᠠᠭᠠᠨ ᠰᠢᠬᠦᠳᠡᠷᠢ ᠡᠪᠡᠰᠦᠨ ᠤ ᠰᠤᠷ | ᠡᠮᠬᠦᠯᠯᠡᠨᠠ | ᠳᠡᠷᠳᠡᠭᠡ ᠬᠢᠵᠠᠭᠠᠷ ᠤᠨ ᠠᠭᠤᠯᠠᠰ ᠤᠯᠠᠷᠢᠯ ᠤᠨ | ᠦᠩᠭᠡ ᠪᠠᠷ ᠰᠡᠬᠦ᠋ᠢᠨᠠ | ᠳᠡᠷᠭᠡᠳᠡᠬᠦᠷ ᠦᠩᠭᠡᠶᠢᠬᠦ ᠡᠬᠦᠯᠡᠰ ᠰᠠᠯᠬᠢᠨ ᠤ ᠬᠡᠯᠡ ᠪᠠᠷ | ᠢᠷᠠᠬᠳᠠᠨᠠ | | ᠵᠤᠨ ᠤ ᠵᠢᠷᠭᠤᠭᠠᠨ ᠰᠠᠷ᠎ᠠ ᠪᠠᠷ ᠵᠤᠰᠠᠯᠠᠩ ᠤᠨ ᠳᠡᠭᠷᠢ | ᠴᠡᠯᠮᠡᠶᠢᠨᠠ | ᠵᠢᠰᠦᠯᠢᠭ ᠬᠤᠷᠸ᠎ᠠ ᠤᠷᠭᠤᠵᠤ ᠵᠡᠬᠦᠳᠦᠨ ᠳᠤ ᠠᠨᠢᠷᠳᠤᠬᠠᠨ | ᠭᠤᠶᠤᠵᠢᠨᠠ | ᠪᠤᠭᠤᠷᠤᠯ ᠳᠡᠭᠷᠢ ᠶᠢᠨ ᠨᠢᠯᠪᠤᠰᠤᠨ ᠪᠤᠯᠠᠬ ᠤᠨ ᠤᠰᠤᠨ ᠳᠤ | ᠪᠠᠨ ᠮᠡᠯᠮᠡᠶᠢᠷᠡᠨᠠ | ᠪᠤᠰᠤᠭ᠎ᠠ ᠬᠠᠳᠠᠳ ᠰᠦᠭᠯᠦ᠋ᠢᠭᠡᠳ ᠪᠠᠭᠠᠳᠤᠷ ᠰᠦᠷ ᠢᠶᠠᠷ | ᠱᠤᠭᠤᠬᠳᠠᠨᠠ | ᠪᠠᠯᠠᠷ ᠰᠢᠭᠤᠢ ᠪᠦᠷᠬᠦᠭᠡᠳ ᠪᠠᠶᠢᠭᠠᠯᠢᠯᠢᠭ ᠤᠢ | ᠰᠡᠷᠭᠦᠭᠡᠭᠳᠡᠨᠠ | ᠤᠨ ᠤ ᠳᠡᠤᠬᠡ ᠡᠯᠡᠭᠡᠭᠰᠡᠨ ᠡᠮᠦᠨ᠎ᠠ ᠳᠤᠯᠤᠭᠠᠳ | ᠳᠤᠬᠳᠤᠯᠤᠨᠠ | ᠤᠪᠤᠭ᠎ᠠ ᠳᠠᠬᠢᠯᠭ᠎ᠠ ᠶᠢᠨ ᠨᠠᠶᠢᠷ ᠨᠤᠳᠤᠬ ᠤᠨ ᠰᠦᠭ | ᠳᠠᠯᠠᠯᠤᠨ᠎ᠠ | ᠤᠩᠭᠤᠨ ᠰᠢᠳᠦᠭᠡᠨ ᠠᠷᠢᠭᠤᠯᠠᠨ ᠨᠤᠳᠤᠬ ᠤᠨ ᠰᠦᠷ | ᠬᠤᠷᠦ᠋ᠢᠯᠠᠨ᠎ᠠ | ᠳᠡᠭᠳᠡᠬᠦ ᠨᠠᠷᠠᠨ ᠤ ᠳᠡᠯ ᠠᠴᠠ ᠵᠢᠭᠤᠷᠤᠬᠰᠡᠨ ᠳᠡᠯᠡᠬᠡᠢ | ᠤᠷᠢᠶᠠᠯᠠᠬᠤ ᠰᠡᠳᠬᠢᠯ | ᠳᠡᠷᠪᠡᠬᠦ ᠠᠯᠴᠢᠭᠤᠷ ᠤᠨ ᠰᠦᠮᠡᠷᠡᠭᠰᠡᠨ ᠡᠭᠦᠯᠡᠰ ᠤᠨ | ᠰᠤᠷᠮᠦᠰᠤᠨ ᠳᠤ ᠬᠦᠳᠦᠯᠦᠭᠳᠡᠨᠠ | ᠳᠡᠭᠡᠬᠦᠷ ᠬᠠᠯᠢᠬᠤ ᠰᠢᠪᠠᠭᠤᠳ ᠤᠨ ᠳᠡᠯᠡᠪᠴᠢᠨ ᠪ᠊ | ᠵᠠᠯᠪᠠᠷᠢᠯ ᠳᠤ ᠰᠢᠳᠤᠨ | ᠳᠡᠷᠳᠡᠭᠡ ᠬᠢᠵᠠᠭᠠᠷ ᠤᠨ ᠵᠠᠢ ᠠᠴᠠ ᠨᠤᠳᠤᠬ ᠢᠶᠠᠨ | ᠬᠤᠷᠤᠬᠳᠠᠵᠤ ᠡᠷᠬᠢᠴᠡᠨᠠ | ᠳᠤᠯᠭ᠎ᠠ ᠶᠢᠨ ᠭᠤᠷᠪᠠᠨ ᠴᠢᠯᠠᠭᠤᠨ ᠳᠠᠭᠠᠨ ᠴᠤᠬ ᠢᠶᠠᠨ | ᠪᠠᠳᠠᠷᠠᠭᠠᠬᠰᠨᠨ ᠨᠤᠳᠤᠬ ᠠᠴᠠ | ᠳᠤᠭᠤᠨᠤ ᠡᠷᠭᠦᠵᠤ ᠰᠢᠷᠦᠩᠬᠠᠢᠢᠯᠠᠬᠰᠠᠨ ᠮᠢᠨᠦ ᠰᠡᠳᠬᠢᠯ | ᠰᠢᠯᠦᠭ ᠰᠢᠭ ᠤᠶᠠᠩᠭᠠᠷᠠᠨ᠎ᠠ᠃ | ᠬᠠᠶ᠋ᠢᠬ᠄ ᠪᠠᠶᠠᠨᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ | |