ᠳᠠᠭᠤᠯᠠᠨ ᠳᠠᠭᠤᠯᠠᠨ ᠵᠢᠷᠭᠠᠮᠠᠷ ᠰᠠᠶᠢᠬᠠᠨ ᠳᠠᠭᠤᠤ ᠪᠠᠶᠢᠨ᠎ᠠ | ᠲᠤᠷᠠᠯᠠᠨ ᠳᠤᠷᠠᠯᠠᠨ ᠬᠠᠶᠢᠷᠠᠯᠠᠮᠠᠷ ᠰᠠᠶᠢᠬᠠᠨ ᠪᠦᠰᠡᠭᠦᠢ | ᠬᠦᠯᠢᠶᠡᠨ ᠬᠦᠯᠢᠶᠡᠨ ᠪᠤᠯᠵᠤᠮᠤᠷ ᠬᠦᠮᠦᠨ ᠤ ᠠᠯᠠᠭ ᠦᠷ᠎ᠡ ᠴᠢ | ᠬᠦᠷᠡᠩ ᠬᠦᠷᠡᠩᠬᠡᠨ ᠵᠢᠷᠦᠬᠡ ᠶᠢ ᠪᠤᠯᠬᠢᠭᠤᠯᠬᠤ ᠨᠢ ᠶᠠᠭᠤᠨ ᠤ ᠬᠢ ᠪᠤᠢ | ᠳᠡᠨᠵᠢ ᠶᠢᠨ ᠭᠤᠶᠤᠬᠠᠨ ᠴᠡᠴᠡᠭᠡᠰ ᠪᠡᠶ᠎ᠡ ᠪᠡᠶ᠎ᠡ ᠪᠠᠨ ᠱᠦᠷᠦᠭᠯᠡᠨᠡ | ᠳᠡᠪᠡᠯ ᠤᠨ ᠴᠢᠨᠢ ᠡᠩᠬᠡᠷ ᠠᠴᠠ ᠭᠠᠩᠭ᠎ᠠ ᠶᠢᠨ ᠦᠨᠦᠷ ᠰᠡᠩᠬᠢᠨᠡᠭᠡᠳ ᠪᠠᠶᠢᠨ᠎ᠠ | ᠭᠡᠵᠢᠭᠡᠨ ᠤ ᠴᠢᠨᠢ ᠦᠵᠦᠭᠦᠷ ᠰᠡᠷᠡᠯ ᠬᠦᠳᠡᠯᠭᠡᠵᠦ ᠪᠠᠶᠢᠨ᠎ᠠ | ᠭᠡᠩ ᠭᠡᠨᠡᠬᠡᠨ ᠰᠡᠳᠬᠢᠯ ᠮᠢᠨᠢ ᠴᠢᠮ᠎ᠠ ᠶᠢ ᠬᠠᠷᠠᠬᠤ ᠪᠠᠷ ᠲᠤᠭᠳᠤᠯᠤᠭᠠᠳ ᠪᠠᠶᠢᠨ᠎ᠠ | ᠬᠠᠷᠠᠭᠠᠳ ᠬᠠᠷᠠᠭᠠᠳ ᠬᠠᠨᠤᠮᠠ ᠦᠭᠡᠢ ᠰᠠᠶᠢᠬᠠᠨ ᠬᠠᠷᠠᠴᠠ ᠪᠠᠶᠢᠨ᠎ᠠ | ᠬᠠᠶᠢᠯᠤᠨ ᠤᠶᠠᠷᠠᠨ ᠰᠠᠭᠤᠮᠠᠷ ᠠᠭᠠᠯᠢᠬᠠᠨ ᠪᠦᠰᠡᠭᠦᠢ | ᠶᠠᠭᠠᠷᠠᠨ ᠶᠠᠭᠠᠷᠠᠨ ᠠᠭᠤᠯᠵᠠᠮᠠᠷ ᠬᠦᠮᠦᠨ ᠤ ᠠᠯᠠᠭ ᠦᠷ᠎ᠡ ᠴᠢ | ᠶᠠᠮᠠᠷ ᠢᠨᠠᠭᠬᠠᠨ ᠲᠦᠭᠡᠷᠢᠭᠡ ᠪᠠᠷ ᠴᠢᠮ᠎ᠠ ᠲᠠᠢ ᠪᠢ ᠤᠴᠠᠷᠠᠭ᠎ᠠ ᠪᠤᠢ | ᠳᠡᠨᠵᠢ ᠶᠢᠨ ᠭᠤᠶᠤᠬᠠᠨ ᠴᠡᠴᠡᠭᠡᠰ ᠪᠡᠶ᠎ᠡ ᠪᠡᠶ᠎ᠡ ᠪᠠᠨ ᠱᠦᠷᠦᠭᠯᠡᠨᠡ | ᠳᠡᠪᠡᠯ ᠤᠨ ᠴᠢᠨᠢ ᠡᠩᠬᠡᠷ ᠠᠴᠠ ᠭᠠᠩᠭ᠎ᠠ ᠶᠢᠨ ᠦᠨᠦᠷ ᠰᠡᠩᠬᠢᠨᠡᠭᠡᠳ ᠪᠠᠶᠢᠨ᠎ᠠ | ᠭᠡᠵᠢᠭᠡᠨ ᠤ ᠴᠢᠨᠢ ᠦᠵᠦᠭᠦᠷ ᠰᠡᠷᠡᠯ ᠬᠦᠳᠡᠯᠭᠡᠵᠦ ᠪᠠᠶᠢᠨ᠎ᠠ | ᠭᠡᠩ ᠭᠡᠨᠡᠬᠡᠨ ᠰᠡᠳᠬᠢᠯ ᠮᠢᠨᠢ ᠴᠢᠮ᠎ᠠ ᠶᠢ ᠬᠠᠷᠠᠬᠤ ᠪᠠᠷ ᠲᠤᠭᠳᠤᠯᠤᠭᠠᠳ ᠪᠠᠶᠢᠨ᠎ᠠ | ᠡᠩᠭᠦᠷᠡᠢ ᠲᠤᠶᠠᠬᠠᠨ ᠪᠡᠶ᠎ᠡ ᠶᠢ ᠴᠢᠨᠢ ᠲᠡᠪᠡᠷᠢᠨ ᠲᠡᠪᠡᠷᠢᠮᠡᠷ | ᠡᠮᠵᠢᠭ ᠨᠠᠨᠳᠢᠨ ᠲᠤᠷᠠᠯᠠᠯ ᠳᠠᠭᠠᠨ ᠦᠨᠡᠨᠴᠢ ᠪᠦᠰᠡᠭᠦᠢ | ᠢᠭᠡᠷ᠎ᠡ ᠰᠦᠮᠪᠦᠷᠤᠤ ᠠᠲᠠᠭᠠᠷᠬᠠᠮᠠ ᠬᠦᠮᠦᠨ ᠤ ᠠᠯᠠᠭ ᠦᠷ᠎ᠡ ᠴᠢ | ᠢᠲᠡᠭᠡᠯ ᠰᠡᠳᠬᠢᠯ ᠢᠶᠠᠨ ᠰᠦᠯᠡᠨ ᠬᠠᠨᠢᠰᠠᠨ ᠰᠠᠭᠤᠪᠠᠯ ᠶᠠᠭᠠᠬᠢᠯᠲᠠᠢ ᠪᠤᠢ | ᠳᠡᠨᠵᠢ ᠶᠢᠨ ᠭᠤᠶᠤᠬᠠᠨ ᠴᠡᠴᠡᠭᠡᠰ ᠪᠡᠶ᠎ᠡ ᠪᠡᠶ᠎ᠡ ᠪᠠᠨ ᠱᠦᠷᠦᠭᠯᠡᠨᠡ | ᠳᠡᠪᠡᠯ ᠤᠨ ᠴᠢᠨᠢ ᠡᠩᠬᠡᠷ ᠠᠴᠠ ᠭᠠᠩᠭ᠎ᠠ ᠶᠢᠨ ᠦᠨᠦᠷ ᠰᠡᠩᠬᠢᠨᠡᠭᠡᠳ ᠪᠠᠶᠢᠨ᠎ᠠ | ᠭᠡᠵᠢᠭᠡᠨ ᠤ ᠴᠢᠨᠢ ᠦᠵᠦᠭᠦᠷ ᠰᠡᠷᠡᠯ ᠬᠦᠳᠡᠯᠭᠡᠵᠦ ᠪᠠᠶᠢᠨ᠎ᠠ | ᠭᠡᠩ ᠭᠡᠨᠡᠬᠡᠨ ᠰᠡᠳᠬᠢᠯ ᠮᠢᠨᠢ ᠴᠢᠮ᠎ᠠ ᠶᠢ ᠬᠠᠷᠠᠬᠤ ᠪᠠᠷ ᠲᠤᠭᠳᠤᠯᠤᠭᠠᠳ ᠪᠠᠶᠢᠨ᠎ᠠ | | |