︽ᠬᠠᠰᠠᠭ ᠲᠡᠷᠭᠡᠨ ᠤ ᠮᠦᠷ ᠲᠠᠮᠠᠭᠠᠯᠠᠭᠰᠠᠨ | ᠬᠠᠨᠠᠭᠠᠷ ᠠᠭᠤᠳᠠᠮ ᠲᠠᠯ᠎ᠠ ᠮᠢᠨᠢ | ᠲᠡᠮᠡᠭᠡᠨ ᠵᠢᠩ ᠤᠨ ᠴᠦᠷᠬᠡᠯᠡᠭᠡ ᠴᠤᠪᠤᠷᠠᠭᠰᠠᠨ | ᠲᠩᠷᠢ ᠤᠩᠭᠤᠨ ᠲᠠᠯ᠎ᠠ ᠨᠤᠲᠤᠭ ᠮᠢᠨᠢ︾ ᠭᠡᠬᠦ ᠳᠠᠭᠤᠤ ᠶᠢᠨ ᠦᠭᠡ ᠴᠢᠬᠢᠨ ᠳᠤ ᠰᠤᠨᠤᠰᠳᠠᠬᠤ ᠲᠠᠢ ᠵᠡᠷᠭᠡ | ᠳᠠᠶᠢᠴᠢᠨᠲᠠᠯ᠎ᠠ ᠨᠤᠲᠤᠭ ᠮᠢᠨᠢ ᠨᠢᠳᠤᠨ ᠳᠤ ᠲᠤᠳᠤᠷᠠᠨ᠎ᠠ᠃ ᠪᠢ ᠪᠣᠯ ᠳᠠᠶᠢᠴᠢᠨᠲᠠᠯ᠎ᠠ ᠨᠤᠲᠤᠭ ᠤᠨ ᠢᠶᠠᠨ ᠡᠯᠢᠭᠡᠨ ᠳᠤ | ᠤᠨᠠᠵᠤ᠂ ᠡᠩᠭᠡᠷ ᠲᠤ ᠨᠢ ᠲᠤᠷᠨᠢᠭᠰᠠᠨ ᠬᠦᠮᠦᠨ ᠶᠤᠮ᠃ ᠮᠦᠨ ᠴᠤ ᠡᠭᠦᠨ ᠠᠴᠠ ᠪᠤᠯᠵᠤ ᠨᠤᠲᠤᠭ ᠤᠨ ᠢᠶᠠᠨ ᠨᠢᠭᠡ | ᠠᠳᠬᠤ ᠰᠢᠷᠤᠢ᠂ ᠨᠢᠭᠡ ᠳᠣᠰᠣᠯ ᠣᠰᠣᠨ ᠳᠤ ᠨᠢ ᠪᠦᠷ ᠭᠦᠨ ᠭᠡᠭᠴᠢ ᠬᠠᠶᠢᠷ᠎ᠠ ᠮᠥᠷᠥᠭᠡᠳᠦᠯ ᠠᠭᠤᠯᠳᠠᠭ᠃ | ᠳᠠᠶᠢᠴᠢᠨᠲᠠᠯ᠎ᠠ ᠭᠡᠳᠡᠭ ᠨᠢ᠂ ᠮᠤᠩᠭᠤᠯ ᠦᠭᠡᠨ ᠳᠤ ︽ᠪᠠᠭᠠᠲᠤᠷ ᠤᠨ ᠲᠠᠯ᠎ᠠ ᠨᠤᠲᠤᠭ︾ ᠭᠡᠬᠦ ᠣᠳᠬ᠎ᠠ ᠲᠠᠢ | ᠭᠡᠵᠦ ᠨᠤᠲᠤᠭ ᠤᠨ ᠦᠲᠡᠭᠦᠰ ᠨᠠᠰᠤᠲᠠᠳ ᠤᠨ ᠬᠡᠯᠡᠯᠴᠡᠭᠡᠨ ᠠᠴᠠ ᠰᠤᠨᠤᠰᠣᠯᠠ᠃ ᠲᠠᠯ᠎ᠠ ᠭᠠᠵᠠᠷ ᠥᠷᠭᠡᠨ | ᠪᠠᠶᠢᠭᠰᠠᠨ ᠠᠴᠠ ᠪᠤᠯᠪᠠ ᠤᠤ︖ ᠪᠠᠭᠠᠲᠣᠷ ᠬᠦᠮᠦᠨ ᠤᠯᠠᠨ ᠪᠠᠶᠢᠭᠰᠠᠨ ᠠᠴᠠ ᠪᠤᠯᠪᠠ ᠤᠤ︖ ᠮᠠᠨ ᠤ | ᠨᠤᠲᠤᠭ ᠲᠤ ᠡᠶᠢᠮᠦ ᠨᠡᠷ᠎ᠡ ᠣᠯᠭᠤᠭᠰᠠᠨ ᠭᠡᠵᠤ ᠪᠢ ᠪᠣᠳᠣᠳᠠᠭ᠃ | ᠳᠠᠶᠢᠴᠢᠨᠲᠠᠯ᠎ᠠ ᠨᠤᠲᠤᠭ ᠤᠨ ᠪᠠᠲᠤᠴᠠᠭᠠᠨ᠂ ᠸᠠᠩ ᠤᠨ ᠤᠷᠳᠤᠨ᠂ ᠵᠢᠷᠦᠬᠡᠨ ᠠᠭᠤᠯᠠ᠂ ᠲᠠᠪᠤᠨ ᠲᠤᠯᠤᠭᠠᠳ | ᠠᠭᠤᠯᠠ ᠭᠡᠪᠡᠯ ᠮᠡᠳᠡᠬᠦ ᠦᠭᠡᠢ ᠬᠦᠮᠦᠨ ᠠᠯᠠᠭ᠎ᠠ᠃ ᠸᠠᠩ ᠤᠨ ᠤᠷᠳᠤᠨ ᠨᠢ ᠬᠡᠳᠦᠨ ᠦᠶ᠎ᠡ ᠶᠢᠨ ᠲᠦᠰᠢᠶᠡᠲᠦ ᠸᠠᠩ | ᠰᠠᠭᠤᠷᠰᠢᠭᠰᠠᠨ ᠠᠴᠠ ᠪᠤᠯᠵᠤ ︽ᠸᠠᠩ ᠤᠨ ᠤᠷᠳᠤᠨ︾ ᠬᠡᠮᠡᠭᠳᠡᠵᠠᠢ᠃ ᠭᠡᠪᠡᠴᠦ ᠰᠣᠶᠥᠯ ᠤᠨ ᠶᠡᠭᠡ | ᠬᠤᠪᠢᠰᠬᠠᠯ ᠤᠨ ᠭᠡᠴᠡᠬᠦᠤ ᠴᠠᠭ ᠡᠷᠡᠨ ᠳᠤ ᠸᠠᠩ ᠤᠨ ᠣᠷᠳᠣᠨ ᠪᠠᠰᠠ ᠲᠦᠯᠬᠢᠭᠳᠡᠨ ᠤᠨᠠᠭᠠᠭᠳᠠᠭᠰᠠᠨ ᠪᠠᠶᠢᠨ᠎ᠠ᠃ | ᠤᠷᠢᠳ ᠬᠡᠳᠤᠨ ᠵᠢᠯ ᠨᠦᠬᠦᠴᠡᠯ ᠰᠠᠶᠢᠵᠢᠷᠠᠭᠠᠳ ᠮᠠᠨ ᠤ ᠨᠤᠲᠤᠭ ᠲᠤ ᠸᠠᠩ ᠤᠨ ᠤᠷᠳᠤᠨ ᠰᠥᠨᠳᠡᠷᠯᠡᠨ ᠪᠣᠰᠣᠭᠰᠠᠨ | ᠪᠠᠶᠢᠨ᠎ᠠ᠂ ᠸᠠᠩ ᠤᠨ ᠤᠷᠳᠣᠨ ᠤ ᠪᠠᠷᠢᠯᠭ᠎ᠠ ᠶᠢᠨ ᠬᠡᠪ ᠮᠠᠶ᠋ᠢᠭ ᠨᠢ ᠶᠠᠭ ᠯᠡ ᠪᠡᠭᠡᠵᠢᠩ ᠤᠨ ᠸᠠᠩ ᠤᠨ ᠤᠷᠳᠤᠨ | ᠠᠳᠠᠯᠢᠪᠲᠤᠷ᠂ ᠭᠡᠪᠡᠴᠦ ᠬᠡᠪᠴᠢᠶ᠎ᠡ ᠨᠢ ᠪᠠᠭ᠎ᠠ ᠰᠢᠬ ᠪᠤᠯᠬᠤ ᠶᠢ ᠪᠢ ᠡᠪᠦᠭᠡ ᠠᠴᠠ ᠪᠠᠨ ᠣᠯᠵᠤ ᠰᠤᠨᠤᠰᠤᠯ᠎ᠠ᠃ | ᠸᠠᠩ ᠤᠨ ᠤᠷᠳᠣᠨ ᠪᠤᠯ ᠨᠢᠭᠡᠨ ᠰᠦᠷᠯᠢᠭᠦᠨ ᠪᠠᠷᠢᠯᠭ᠎ᠠ ᠪᠢᠯᠠ᠃ | ᠬᠠᠪᠣᠷ ᠪᠣᠯᠪᠠᠯ ᠠᠭᠤᠷ ᠠᠮᠢᠰᠬᠤᠯ ᠳᠣᠯᠠᠭᠠᠷᠠᠵᠤ᠂ ᠲᠦᠰᠢᠯᠭᠡ ᠪᠣᠯᠵᠤ ᠪᠠᠶᠢᠭ᠎ᠠ ᠵᠢᠷᠦᠬᠡᠨ ᠠᠭᠤᠯᠠ᠂ ᠲᠠᠪᠤᠨ | ᠲᠤᠯᠤᠭᠠᠳ ᠠᠭᠤᠯᠠ ᠬᠦᠬᠡᠷᠡᠵᠦ᠂ ᠭᠦᠢᠯᠡᠰᠦᠨ ᠴᠡᠴᠡᠭ ᠪᠠ ᠠᠯᠢᠮᠠᠨ ᠴᠡᠴᠡᠭ ᠡᠷᠴᠢ ᠪᠤᠯᠢᠶᠠᠯᠳᠤᠨ ᠳᠡᠯᠭᠡᠷᠡᠵᠦ᠂ | ᠡᠬᠡ ᠨᠤᠲᠤᠭ ᠤᠨ ᠠᠯᠢᠪᠠ ᠪᠦᠬᠦᠨ ᠡᠷᠳᠡᠨᠢ ᠶᠢᠨ ᠯᠠ ᠪᠢᠷ ᠢᠶᠠᠷ ᠪᠤᠳᠤᠭᠰᠠᠨ ᠰᠢᠬ ᠣᠷᠮ᠎ᠠ ᠵᠤᠷᠢᠭ ᠢ ᠬᠥᠭᠵᠢᠭᠡᠳᠡᠭ᠃ | ᠡᠨᠡ ᠦᠶᠡᠰ ᠪᠤᠯᠤᠭᠰᠠᠭᠠᠷ ᠲᠠᠷᠢᠶᠠᠴᠢᠨ ᠠᠪᠠᠭ᠎ᠠ ᠨᠠᠷ ᠮᠢᠨᠢ ︽ᠡᠨᠡ ᠵᠢᠯ ᠭᠦᠢᠯᠡᠰᠦᠨ ᠴᠡᠴᠡᠭ ᠤᠯᠠᠨ ᠳᠡᠯᠭᠡᠷᠡᠯ᠎ᠡ᠂ | ᠲᠠᠷᠢᠶ᠎ᠠ ᠡᠯᠪᠡᠭ ᠬᠤᠷᠢᠶᠠᠬᠤ ᠨᠢ ᠡ︾ ᠭᠡᠵᠤ ᠨᠢᠭᠤᠷ ᠳᠦᠭᠦᠷᠡᠩ ᠪᠠᠶᠠᠰᠦᠯ ᠲᠠᠢ ᠶᠠᠷᠢᠬᠤ ᠨᠢ ᠦᠷᠬᠦᠯᠵᠢ ᠴᠢᠬᠢᠨ ᠳᠤ | ᠰᠤᠨᠤᠰᠳᠠᠨ᠎ᠠ᠃ | ᠵᠤᠨ ᠪᠣᠯᠪᠠᠯ ᠮᠠᠨ ᠤ ᠨᠤᠲᠤᠭ ᠲᠤ ᠣᠯᠠᠨ ᠬᠦᠮᠦᠨ ᠸᠠᠩ ᠤᠨ ᠤᠷᠳᠤᠨ᠂ ᠲᠠᠪᠤᠨ ᠲᠤᠯᠤᠭᠠᠳ᠂ ᠵᠢᠷᠦᠬᠡᠨ | ᠠᠭᠤᠯᠠ ᠪᠠᠷ ᠵᠤᠭᠠᠴᠠᠬᠤ ᠪᠠᠷ ᠢᠷᠡᠳᠡᠭ᠃ ᠡᠨᠡ ᠦᠶᠠᠰ ᠲᠠᠯ᠎ᠠ ᠳᠦᠭᠦᠷᠡᠩ ᠬᠤᠸᠠᠷ ᠴᠡᠴᠡᠭ ᠳᠡᠯᠭᠡᠷᠡᠨ ᠪᠠᠲᠤᠴᠠᠭᠠᠨ | ᠴᠤ ᠥᠪᠡᠷ ᠤᠨ ᠢᠶᠠᠨ ᠥᠩᠭᠡ ᠭᠠᠯᠪᠢᠷ ᠢᠶᠠᠨ ᠭᠠᠶᠢᠬᠠᠭᠤᠯᠵᠤ ᠪᠠᠶᠢᠳᠠᠭ᠃ ᠮᠦᠨ ᠴᠤ ᠪᠣᠯᠵᠣᠮᠤᠷ ᠰᠢᠪᠠᠭᠤ | ᠵᠢᠷᠭᠢᠯᠳᠤᠨ᠂ ᠲᠠᠪᠤᠨ ᠬᠤᠰᠢᠭᠤ ᠮᠠᠯ ᠲᠠᠯ᠎ᠠ ᠳᠦᠭᠦᠷᠡᠩ ᠪᠡᠯᠴᠢᠵᠤ᠂ ᠳᠠᠶᠢᠴᠢᠨᠲᠠᠯ᠎ᠠ ᠬᠠᠭ ᠮᠢᠨᠢ ᠭᠢᠯᠲᠠᠭᠠᠨᠠᠨ | ᠭᠢᠯᠠᠯᠵᠠᠵᠤ ᠲᠤᠩᠭᠠᠯᠠᠭ ᠲᠤᠯᠢ ᠮᠡᠲᠦ᠃ ᠨᠠᠷᠠ ᠤᠨᠠᠬᠤ ᠰᠢᠬᠠᠬᠤ ᠪᠠᠷ ᠪᠢᠳᠡ ᠠᠭᠤᠯᠠᠨ ᠳᠤ ᠭᠠᠷᠴᠤ ᠠᠯᠢᠮ᠎ᠠ ᠵᠢᠮᠢᠰ | ᠲᠡᠭᠦᠨ ᠢᠳᠡᠳᠡᠭ᠃ ᠠᠭᠤᠯᠠᠨ ᠳᠤ ᠮᠢᠨᠤ ᠪᠠᠭ᠎ᠠ ᠶᠢᠨ ᠦᠶ᠎ᠡ ᠶᠢᠨ ᠦᠯᠢᠭᠡᠷ ᠮᠥᠷᠥᠭᠡᠳᠦᠯ ᠪᠠᠶᠢᠳᠠᠭ᠃ | ᠨᠠᠮᠣᠷ ᠪᠣᠯᠪᠠᠯ᠂ ᠬᠦᠳᠡᠭᠡ ᠶᠢᠨ ᠨᠠᠮᠣᠷ ᠠᠯᠢᠮ᠎ᠠ ᠵᠢᠮᠢᠰ ᠢᠶᠠᠨ ᠳᠡᠭᠦᠵᠢᠯᠡᠭᠰᠡᠭᠡᠷ ᠡᠷᠲᠡ ᠪᠠᠭᠤᠬᠤ ᠨᠢ ᠡ᠃ | ᠪᠠᠲᠣᠴᠠᠭᠠᠨ ᠤ ᠨᠠᠪᠴᠢᠰ ᠨᠠᠷᠠᠨ ᠤ ᠭᠡᠷᠡᠯ ᠳᠤ ᠤᠯᠠᠯᠵᠠᠵᠤ᠂ ᠬᠦᠳᠡᠭᠡ ᠨᠤᠲᠤᠭ ᠢ ᠮᠢᠨᠢ ᠰᠢᠵᠢᠷ ᠥᠩᠭᠡ ᠪᠠᠷ ᠴᠢᠮᠡᠨ | ᠨᠠᠶᠢᠭᠤᠯᠵᠠᠨᠠ᠃ ᠴᠡᠩᠭᠡᠷ ᠤᠭᠲᠠᠷᠭᠤᠢ ᠶᠢᠨ ᠭᠦᠨ ᠳᠤ ᠰᠦᠷᠦᠭ ᠰᠦᠷᠦᠭ ᠭᠠᠯᠠᠭᠤᠳ ᠳᠤᠤᠭᠠᠷᠤᠨ᠂ ᠠᠶᠢᠵᠠᠮ | ᠲᠠᠲᠠᠨ ᠳᠠᠭᠤᠤ ᠪᠠᠨ ᠳᠠᠭᠤᠯᠠᠵᠤ ᠡᠮᠤᠨ᠎ᠡ ᠤᠷᠤᠨ ᠵᠥᠭ ᠡᠪᠦᠯᠵᠢᠬᠦ ᠪᠠᠷ ᠶᠠᠪᠤᠳᠠᠭ᠃ ᠡᠨᠡ ᠦᠶᠠᠰ ᠲᠠᠷᠢᠶᠠᠴᠢᠨ | ᠠᠪᠠᠭ᠎ᠠ ᠨᠠᠷ ᠦᠷ ᠤᠨ ᠭᠡᠭᠡ ᠪᠠᠷ ᠬᠠᠯᠢᠭᠤᠷᠠᠨ ᠳᠣᠯᠭᠢᠶᠠᠯᠠᠭᠰᠠᠨ ᠲᠠᠷᠢᠶᠠᠨ ᠳᠤ ᠪᠠᠨ ᠬᠦᠷᠴᠦ ᠡᠯᠪᠡᠭ | ᠬᠤᠷᠢᠶᠠᠯᠲᠠ ᠶᠢᠨ ᠡᠭᠡᠰᠢᠭ ᠳᠠᠭᠤᠣ ᠪᠠᠨ ᠬᠠᠩᠬᠢᠨᠠᠭᠤᠯᠤᠨ᠎ᠠ᠃ ᠠᠶᠢᠯ ᠤᠨ ᠪᠦᠰᠡᠭᠦ᠋ᠢᠴᠦᠳ ᠰᠠᠭᠰᠤ ᠪᠠᠨ | ᠳᠡᠭᠦᠵᠢᠯᠡᠨ ᠭᠠᠵᠠᠷ ᠰᠠᠢ ᠦᠭᠡᠢ ᠪᠤᠯᠪᠠᠰᠣᠷᠠᠭᠰᠠᠨ ᠵᠢᠮᠢᠰ ᠲᠡᠭᠦᠨ ᠶᠠᠭᠠᠷᠠᠯᠳᠣᠨ᠎ᠠ᠃ ᠬᠤᠨᠢᠴᠢᠨ ᠠᠬ᠎ᠠ ᠡᠭᠡᠴᠢ ᠨᠠᠷ | ᠲᠠᠷᠭᠤᠨ ᠰᠦᠷᠦᠭ ᠢᠶᠠᠨ ᠲᠠᠭᠤᠭᠰᠠᠭᠠᠷ᠂ ᠭᠤᠤᠯ ᠤᠨ ᠣᠰᠣᠨ ᠳᠤ ᠵᠢᠰᠤ ᠪᠠᠨ ᠲᠤᠯᠢᠳᠠᠨᠠ᠃ ᠬᠤᠷᠸ᠎ᠠ ᠶᠢᠷᠲᠢᠨᠴᠤ | ᠪᠦᠬᠦᠨ ᠢᠶᠠᠷ ᠢᠶᠠᠨ ᠨᠠᠮᠤᠷ ᠤᠨ ᠬᠤᠪᠴᠠᠰᠤ ᠡᠮᠦᠰᠴᠣ᠂ ᠬᠦᠮᠦᠨ ᠪᠦᠬᠦᠨ ᠤ ᠴᠢᠷᠠᠢ ᠳᠤ ᠪᠠᠶᠠᠷ ᠤᠨ ᠮᠥᠰᠢᠶᠡᠳᠣ | ᠲᠤᠳᠤᠷᠠᠨ᠎ᠠ᠃ | ᠡᠪᠦᠯ ᠪᠣᠯᠪᠠᠯ᠂ ᠡᠬᠡ ᠭᠠᠵᠠᠷ ᠪᠠᠰᠠ ᠳᠠᠭᠠᠷᠠᠬᠤ ᠠᠴᠠ ᠪᠠᠨ ᠠᠶᠤᠵᠤ ᠮᠥᠩᠭᠦᠨ ᠴᠠᠭᠠᠨ ᠲᠡᠷᠯᠢᠭ ᠡᠮᠦᠰᠳᠡᠭ᠃ | ᠦᠩᠭᠡᠷᠡᠭᠰᠡᠨ ᠵᠢᠯ ᠤᠳ ᠲᠤ ᠣᠷᠣᠢ ᠪᠣᠯᠬᠤ ᠲᠠᠢ ᠵᠡᠷᠭᠡ ᠠᠩᠴᠢᠳ ᠠᠪᠠᠯᠠᠬᠤ ᠪᠠᠷ ᠭᠠᠷᠳᠠᠭ᠃ ᠮᠠᠨ ᠤ ᠨᠤᠲᠤᠭ ᠲᠤ | ᠢᠲᠠᠭᠤ ᠭᠤᠷᠭᠤᠤᠯ ᠣᠯᠠᠨᠲᠠᠢ᠃ ᠴᠠᠰᠤᠨ ᠳᠠᠬᠢ ᠮᠦᠷ ᠢ ᠨᠢ ᠳᠠᠭᠠᠭᠠᠳ ᠶᠠᠪᠤᠪᠠᠯ ᠤᠯᠬᠤ ᠯᠡ ᠪᠤᠶᠠᠨ᠃ ᠭᠡᠪᠡᠴᠤ | ᠡᠨᠡ ᠬᠡᠳᠦᠨ ᠵᠢᠯ ᠠᠩ ᠠᠪᠠᠯᠬᠤ ᠶᠢ ᠡᠷᠡᠰ ᠴᠠᠭᠠᠵᠠᠯᠠᠭᠰᠠᠨ ᠠᠴᠠ ᠭᠡᠭᠡᠷ᠎ᠠ ᠶᠢᠨ ᠠᠮᠢᠳᠠᠨ ᠨᠡᠩ ᠤᠯᠠᠰᠢᠷᠠᠭᠰᠠᠨ | ᠪᠠᠶᠢᠨ᠎ᠠ᠃ ᠪᠢᠳᠡ ᠪᠠᠰᠠ ᠴᠠᠰᠤᠨ ᠪᠥᠮᠪᠦᠭᠡ ᠰᠢᠲᠡᠯᠴᠡᠨ᠂ ᠴᠠᠰᠤᠨ ᠬᠦᠮᠦᠨ ᠪᠠᠷᠢᠨ ᠨᠠᠭᠠᠳᠴᠤ᠂ ᠳᠠᠶᠢᠴᠢᠨᠲᠠᠯ᠎ᠠ | ᠬᠠᠭ ᠳᠡᠭᠡᠷ᠎ᠡ ᠮᠦᠰᠦ ᠭᠤᠯᠭᠤᠬᠤ ᠪᠠᠷ ᠤᠴᠢᠳᠠᠭ᠃ | ᠡᠯᠢᠭᠡᠨ ᠬᠠᠶᠢᠷᠠᠲᠤ ᠳᠠᠶᠢᠴᠢᠨᠲᠠᠯ᠎ᠠ ᠮᠢᠨᠢ ᠮᠠᠨᠳᠤᠬᠤ ᠨᠠᠷᠠ ᠰᠢᠬ ᠡᠭᠡᠯᠢᠲᠡᠢ ᠰᠠᠶᠢᠬᠠᠨ᠂ ᠡᠯᠢᠭᠡᠨ ᠬᠠᠶᠢᠷᠠᠲᠤ | ᠳᠠᠶᠢᠴᠢᠨᠲᠠᠯ᠎ᠠ ᠮᠢᠨᠢ ᠮᠥᠩᠬᠡ ᠣᠷᠣᠰᠢᠬᠤ ᠳᠣᠯᠠᠭᠠᠨ ᠥᠯᠥᠭᠡᠢ᠃ ︽ᠤᠤᠭᠤᠭᠰᠠᠨ ᠤᠰᠤ ᠷᠠᠰᠢᠶᠠᠨ᠂ ᠤᠨᠠᠭᠰᠠᠨ | ᠰᠢᠷᠤᠢ ᠠᠯᠲᠠ︾ ᠭᠡᠳᠡᠭᠴᠢᠯᠡᠨ ᠲᠠᠨ ᠤ ᠪᠠᠨ ᠡᠪᠦᠷ ᠲᠤ ᠪᠦᠪᠠᠶᠢᠯᠡᠭᠳᠡᠨ ᠤᠬᠠᠭ᠎ᠠ ᠪᠤᠳᠤᠯ ᠢᠶᠠᠨ ᠰᠡᠭᠡᠭᠡᠷᠡᠭᠦᠯᠵᠦ | ᠵᠤᠷᠢᠭ ᠢᠶᠠᠨ ᠴᠢᠩᠭᠠᠯᠠᠨ ᠡᠷᠳᠡᠮ ᠤᠨ ᠣᠷᠭᠢᠯ ᠳᠤ ᠡᠷᠲᠡ ᠨᠢᠭᠡᠨ ᠡᠳᠦᠷ ᠮᠠᠴᠤᠨ ᠭᠠᠷᠴᠤ᠂ ᠢᠷᠡᠭᠡᠳᠦᠢ ᠶᠢᠨ ᠨᠢᠭᠡᠨ | ᠤᠳᠤᠨ ᠪᠤᠯᠵᠤ᠂ ᠲᠠᠨ ᠢ ᠪᠠᠨ ᠠᠴᠢᠯᠠᠨᠠ᠃ | ᠵᠤᠬᠢᠶᠠᠭᠴᠢ᠄ ᠬᠠᠶᠢᠷᠠᠬᠠᠨ ︵ᠲᠤᠮᠳᠠᠳᠤ ᠬᠤᠰᠢᠭᠤᠨ ᠤ ᠪᠠᠶᠠᠨᠬᠤᠰᠢᠭᠤ ᠲᠦᠷᠪᠡᠳᠤᠭᠡᠷ ᠲᠤᠮᠳᠠᠳᠤ ᠰᠤᠷᠭᠠᠭᠤᠯᠢ︶ | ᠵᠢᠯᠤᠭᠤᠳᠤᠭᠰᠠᠨ ᠪᠠᠭᠰᠢ᠄ ᠪᠤᠤ ᠰᠠᠷᠠᠭᠤᠯ |