ᠡᠨᠡ ᠶᠢᠷᠳᠢᠨᠴᠦ ᠳᠤ ᠠᠩᠬᠠᠨ ᠤ ᠲᠠᠭᠤ ᠪᠠᠨ ᠲᠠᠭᠤᠷᠢᠰᠤᠭᠤᠯᠬᠤ ᠳᠤ ᠡᠨᠡᠷᠢᠯᠳᠦ ᠡᠵᠢ ᠮᠢᠨᠢ ᠠᠩᠭᠢᠷ | ᠤᠭᠤᠷᠠᠭ ᠢᠶᠠᠨ ᠰᠢᠮᠡᠭᠦᠯᠵᠦ᠂ ᠠᠴᠢᠳᠦ ᠠᠪᠦ ᠮᠢᠨᠢ ᠠᠯᠠᠭᠠᠨ ᠳᠤ ᠪᠠᠨ ᠲᠤᠰᠴᠦ᠄ ︽ᠡᠷ᠎ᠡ ᠪᠤᠯ︕︾ ᠭᠡᠵᠦ | ᠢᠷᠦᠭᠡᠭᠰᠡᠨ᠃ ᠲᠡᠭᠡᠭᠡᠳ ᠯᠡ ᠬᠠᠩᠬᠤᠯᠤᠬᠤᠨ ᠰᠡᠳᠬᠢᠯ ᠲᠠᠢ ᠡᠵᠢ ᠶᠢᠨ ᠰᠤᠷᠭᠠᠯ᠂ ᠬᠠᠩᠬᠠᠭᠠᠷ ᠰᠦᠷ ᠲᠠᠢ | ᠠᠪᠤ ᠶᠢᠨ ︽ᠬᠠᠯᠠ︾ ᠲᠠᠢ ᠬᠠᠶᠢᠷ᠎ᠠ ᠪᠠᠷ ᠬᠡᠯᠡ ᠳᠤ ᠤᠷᠤᠵᠦ᠂ ᠬᠦᠯ ᠳᠤ ᠤᠷᠤᠵᠦ ᠲᠤᠮᠤᠭᠠᠵᠢᠭᠰᠠᠨ ᠶᠤᠮ᠃ | ᠦᠰᠦᠭ ᠨᠢᠳᠦᠯᠡᠬᠦᠯᠵᠦ ᠬᠠᠷᠠᠭ᠎ᠠ ᠤᠷᠤᠭᠤᠯᠬᠤ ᠭᠡᠵᠦ ᠠᠷᠠᠳ ᠤᠨ ᠰᠤᠷᠭᠠᠭᠤᠯᠢ ᠳᠤ ᠬᠦᠷᠭᠡᠴᠢᠭᠡᠭᠡᠳ᠂ | ᠠᠮᠳᠠᠳᠦ ᠬᠤᠭᠤᠯᠠ ᠰᠢᠮ᠎ᠡ ᠲᠠᠢ ᠴᠠᠢ ᠪᠠᠨ ᠬᠦᠦ ᠨᠠᠳᠠ ᠳᠤ ᠪᠠᠨ ᠦᠯᠡᠳᠡᠭᠡᠵᠦ᠂ ᠠᠯᠤᠰ ᠤᠨ ᠰᠢᠷ᠎ᠠ ᠵᠠᠮ ᠢ | ᠰᠠᠷᠠᠪᠴᠢᠯᠠᠨ ᠰᠠᠷᠠᠪᠴᠢᠯᠠᠨ ᠬᠦᠯᠢᠶᠡᠵᠦ ᠰᠠᠭᠤᠳᠠᠭ ᠨᠢ ᠮᠢᠨᠦ ᠡᠵᠢ᠃ ︽ᠤᠯᠠᠨ ᠤ ᠪᠠᠨ ᠤᠳᠤᠨ᠂ ᠲᠦᠮᠡᠨ ᠤ | ᠲᠦᠷᠦᠭᠦᠦ︾ ᠪᠤᠯᠵᠦ ᠬᠦᠮᠦᠨ ᠤ ᠤᠷᠤᠰᠬᠠᠯ ᠳᠤ ᠬᠦᠮᠦᠨ ᠰᠢᠦᠬᠠᠨ ᠬᠢᠯᠠᠷᠠᠭᠤᠯᠵᠦ ᠶᠠᠪᠤᠬᠤ ᠶᠢ ᠰᠠᠨᠠᠵᠦ᠂ ᠬᠦᠴᠢᠷ | ᠪᠦᠬᠦᠨ ᠢ ᠲᠤᠭᠤᠯᠵᠦ ᠵᠢᠳᠬᠦᠭᠰᠡᠭᠡᠷ ᠭᠠᠩᠭᠠᠩ ᠰᠠᠶᠢᠬᠠᠨ ᠵᠢᠰᠦ ᠶᠢ ᠨᠢ ᠨᠡᠭᠦᠳᠡᠯᠯᠡᠬᠦ ᠭᠠᠯᠠᠭᠤᠳ ᠵᠠᠭᠤᠭᠠᠳ | ᠶᠠᠪᠤᠴᠢᠬᠠᠵᠠᠢ᠃ ᠴᠤᠬᠤᠮ ︽ᠰᠢᠭᠦᠳᠡᠷᠢ ᠶᠢᠨ ᠤᠰᠤ ᠪᠠᠷ ᠴᠠᠢ ᠪᠦᠷᠢᠵᠦ ᠡᠵᠢ ᠳᠤ ᠪᠠᠨ ᠪᠠᠷᠢᠭᠰᠠᠨ ᠴᠦ ᠨᠢᠭᠡᠯᠭᠡᠨ | ᠰᠦᠨᠢ ᠶᠢᠨ ᠬᠦᠬᠦᠭᠦᠯᠦᠭᠰᠡᠨ ᠠᠴᠢ ᠶᠢ ᠨᠢ ᠬᠠᠷᠢᠭᠤᠯᠵᠦ ᠲᠠᠶᠢᠯᠬᠦ ᠦᠭᠡᠢ︾ ᠭᠡᠵᠦ ᠡᠭᠡ ᠶᠢᠨ ᠬᠠᠶᠢᠷ᠎ᠠ ᠶᠢᠨ ᠠᠭᠤᠤ | ᠶᠡᠭᠡ ᠶᠢ ᠰᠠᠶᠢᠬᠠᠨ ᠴᠦ ᠤᠨᠤᠭᠠᠵᠦ ᠬᠡᠯᠡᠵᠡᠢ᠃ ᠬᠠᠳᠠᠭᠤ ᠪᠠᠷ ᠬᠠᠶᠢᠷᠠᠯᠠᠳᠠᠭ ᠠᠪᠤ ᠶᠢᠨ ᠬᠠᠶᠢᠷ᠎ᠠ ᠶᠢ ᠬᠠᠯᠠ ᠲᠠᠢ | ᠬᠡᠴᠡᠭᠦᠦ ᠬᠡᠵᠦ ᠡ᠊ᠨᠳᠡᠭᠦᠷᠡᠵᠦ ᠶᠠᠪᠤᠭᠰᠠᠨ᠂ ᠬᠠᠷᠢᠨ ᠴᠦ ᠰᠠᠶᠢᠬᠠᠨ ᠲᠤᠩᠭᠠᠵᠦ ᠦᠵᠡᠪᠡᠯ ᠠᠪᠤ ᠶᠢᠨ ᠬᠠᠶᠢᠷ᠎ᠠ ᠭᠡᠭᠴᠢ | ︽ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠲᠤᠳᠤᠨ᠎ᠠ ᠪᠠᠨ︾ ᠬᠠᠮᠤᠭ ᠤᠨ ᠦᠭᠬᠢᠶᠡᠮᠦᠷ ᠬᠠᠶᠢᠷ᠎ᠠ ᠪᠠᠶᠢᠵᠠᠢ᠃ | ᠪᠠᠭᠰᠢ — ᠶᠠᠭ ᠯᠠ ᠲᠠᠢ ᠠᠳᠠᠯᠢ᠂ ᠦᠪᠡᠷ ᠢ ᠪᠠᠨ ᠦᠷᠡᠭᠳᠡᠭᠦᠯᠵᠦ ᠦᠷᠦᠭᠡᠯ ᠪᠤᠰᠤᠳ ᠲᠤ ᠭᠡᠷᠡᠯ ᠭᠡᠭᠡ ᠶᠢ | ᠤᠯᠭᠤᠳᠠᠭ᠃ ᠦᠢ ᠤᠯᠠᠨ ᠰᠤᠷᠤᠭᠴᠢᠳ ᠤᠨ ᠲᠦᠯᠦᠭᠡ ᠤᠷᠬᠢᠯᠵᠦ ᠪᠠᠶᠢᠭ᠎ᠠ ᠵᠤᠷᠢᠭ᠂ ᠠᠪᠴᠦ ᠪᠠᠶᠢᠭ᠎ᠠ | ᠠᠮᠢᠰᠬᠤᠭ᠎ᠠ ᠪᠠᠨ ᠠᠯᠢ ᠶᠢ ᠨᠢ ᠴᠦ ᠬᠠᠶᠢᠷᠠᠯᠠᠯ ᠦᠭᠡᠢ ᠵᠤᠷᠢᠭᠤᠯᠳᠠᠭ ᠮᠦᠩᠭᠡ ᠶᠢᠨ ᠠᠷᠰᠢ᠃ | ᠠᠮᠵᠢᠯᠳᠠ ᠶᠢ ᠮᠢᠨᠢ ᠵᠤᠷᠢᠭᠵᠢᠭᠤᠯᠤᠯ ᠤᠨ ᠤᠴᠢ ᠪᠠᠷ ᠢᠪᠡᠭᠡᠭᠰᠡᠨ᠂ ᠰᠡᠳᠬᠢᠯ ᠢ ᠮᠢᠨᠢ ᠢᠳᠡᠭᠡᠯ ᠤᠨ | ᠲᠦᠯᠦ ᠪᠠᠷ ᠬᠦᠭᠵᠢᠭᠡᠭᠰᠡᠨ ᠪᠠᠭᠰᠢ ᠶᠢᠨ ᠬᠠᠶᠢᠷ᠎ᠠ ᠭᠡᠵᠦ ᠶᠠᠨᠳᠠᠰᠢ ᠦᠭᠡᠢ ᠲᠠᠯᠠᠢ᠂ ᠤᠷᠤᠭᠰᠢᠯᠠᠬᠤ ᠢᠷᠡᠭᠡᠳᠦᠢ ᠳᠤ | ᠴᠠᠮᠬᠠᠭ ᠪᠤᠯᠤᠨ ᠭᠡᠷᠡᠯᠳᠦᠵᠦ᠂ ᠤᠶᠤᠨ ᠤ ᠠᠳᠠᠷ ᠲᠤ ᠮᠡᠳᠡᠯᠭᠡ ᠶᠢᠨ ᠦᠷ᠎ᠡ ᠶᠢ ᠰᠠᠴᠤᠭᠰᠠᠨ ᠪᠠᠭᠰᠢ ᠶᠢᠨ ᠬᠠᠶᠢᠷ᠎ᠠ | ᠭᠡᠵᠦ ᠤᠨᠳᠠᠷᠠᠰᠢ ᠦᠭᠡᠢ ᠵᠤᠯᠠ᠃ | ︽ᠠᠴᠢ ᠶᠢ ᠴᠢᠨᠢ ᠮᠠᠭᠳᠠᠬᠤ ᠶᠤᠮ ᠪᠤᠯ ᠠᠭᠤᠤ ᠨᠠᠮ ᠮᠢᠨᠢ ᠪᠢᠷ ᠤᠨ ᠦᠵᠦᠭᠦᠷ ᠬᠤᠮᠰᠠᠳᠠᠨᠠ᠃ ᠭᠠᠪᠢᠶ᠎ᠠ ᠶᠢ | ᠴᠢᠨᠢ ᠰᠢᠯᠦᠭᠯᠡᠬᠦ ᠶᠤᠮ ᠪᠤᠯ ᠡᠭᠡ ᠤᠷᠤᠨ ᠮᠢᠨᠢ ᠪᠢᠯᠢᠭ ᠤᠨ ᠤᠬᠠᠭᠠᠨ ᠮᠡᠭᠦᠰᠳᠡᠨᠡ︾ ᠨᠠᠮ ᠤᠨ ᠬᠠᠶᠢᠷ᠎ᠠ ᠶᠢ | ᠲᠠᠭᠤᠯᠠᠭᠠᠳ ᠪᠠᠷᠠᠰᠢ ᠦᠭᠡᠢ᠂ ᠰᠢᠯᠦᠭᠯᠡᠭᠡᠳ ᠬᠠᠨᠤᠰᠢ ᠦᠭᠡᠢ᠃ ᠵᠢᠷᠭᠠᠯᠳᠦ ᠠᠮᠢᠳᠦᠷᠠᠯ ᠢ ᠤᠯᠭᠤᠵᠦ ᠦᠭᠭᠦᠭᠰᠡᠨ | ᠠᠭᠤᠤ ᠨᠠᠮ ᠤᠨ ᠭᠡᠭᠡᠨ ᠲᠤᠶᠠᠭᠠᠯᠠᠯ ᠲᠠᠢ ᠡᠶ᠎ᠡ ᠵᠤᠬᠢᠴᠠᠩᠭᠤᠢ ᠨᠡᠶᠢᠭᠡᠮ ᠳᠤ ᠰᠤᠷᠤᠯᠭ᠎ᠠ ᠰᠤᠶᠤᠯ ᠳᠤ ᠪᠠᠨ ᠮᠡᠷᠡᠶᠢᠵᠦ | ᠶᠠᠪᠤᠨ᠎ᠠ᠂ ᠰᠤᠯᠤᠩᠭᠠᠷᠠᠭᠰᠠᠨ ᠠᠮᠢᠳᠤᠷᠠᠯ ᠢᠶᠠᠨ ᠵᠢᠷᠤᠭᠯᠠᠵᠦ ᠶᠠᠪᠤᠨ᠎ᠠ᠃ | ᠦᠰᠭᠡᠵᠦ ᠬᠦᠮᠦᠵᠢᠬᠦᠯᠦᠭᠰᠡᠨ ᠠᠪᠤ ᠡᠵᠢ ᠶᠢᠨ ᠬᠠᠶᠢᠷ᠎ᠠ ᠨᠠᠳᠠ ᠳᠤ ᠦᠮᠦᠭ ᠲᠦᠰᠢᠭ᠂ ᠦᠭᠡᠳᠡᠯᠡᠬᠦ ᠢᠷᠡᠭᠡᠳᠦᠢ | ᠵᠦᠭ ᠬᠦᠳᠦᠯᠦᠭᠰᠡᠨ ᠪᠠᠭᠰᠢ ᠶᠢᠨ ᠬᠠᠶᠢᠷ᠎ᠠ ᠨᠠᠳᠠ ᠳᠤ ᠵᠠᠯᠠᠭᠤᠷ ᠰᠡᠯᠢᠭᠦᠷ᠂ ᠦᠩᠭᠡᠳᠦ ᠠᠮᠢᠳᠦᠷᠠᠯ ᠢ ᠡᠳ᠋ᠯᠡᠬᠦᠯᠦᠭᠰᠡᠨ | ᠨᠠᠮ ᠤᠨ ᠬᠠᠶᠢᠷ᠎ᠠ ᠨᠠᠳᠠ ᠳᠤ ᠬᠦᠴᠢᠷᠳᠡᠯ ᠪᠦᠬᠦᠨ ᠢ ᠲᠤᠭᠤᠯᠬᠤ ᠵᠤᠷᠢᠭ ᠬᠦᠴᠦᠨ ᠤᠯᠭᠤᠭᠰᠠᠨ᠃ | ᠬᠦᠰᠡᠯ ᠲᠠᠢ ᠠᠮᠢᠳᠦᠷᠠᠯ᠂ ᠵᠤᠯ ᠲᠠᠢ ᠬᠤᠷᠸ᠎ᠠ ᠳᠤ ︽ᠠᠮᠢᠳᠦᠷᠠᠯ ᠬᠠᠶᠢᠷ᠎ᠠ ᠲᠡᠭᠡᠷ᠎ᠡ ᠲᠤᠭᠳᠠᠳᠠᠭ︾ ᠤᠨ | ᠵᠢᠮ᠎ᠡ ᠪᠠᠷ ᠠᠪᠤ ᠡᠵᠢ ᠶᠢᠨ ᠪᠦᠪᠠᠶᠢᠯᠡᠯ᠂ ᠠᠴᠢᠳᠦ ᠪᠠᠭᠰᠢ ᠶᠢᠨ ᠰᠤᠷᠭᠠᠯ᠂ ᠠᠭᠤᠤ ᠨᠠᠮ ᠤᠨ ᠢᠪᠡᠭᠡᠯ ᠢᠶᠠᠷ | ᠮᠡᠳᠡᠯᠭᠡ ᠶᠢᠨ ᠲᠠᠯᠠᠢ ᠠᠴᠠ ᠰᠤᠪᠤᠳ ᠱᠦᠬᠦᠵᠦ ᠵᠢᠷᠭᠠᠵᠦ ᠶᠠᠪᠤᠨ᠎ᠠ᠃ ᠮᠦᠩᠭᠡ ᠶᠢᠨ ᠰᠢᠳᠢ ᠶᠢ ᠤᠯᠬᠤ ᠡᠷᠳᠡᠨᠢ ᠶᠢᠨ | ᠦᠷᠢᠯ ᠢ ᠪᠠᠰᠢᠯᠭᠠᠵᠦ ᠶᠠᠪᠤᠨ᠎ᠠ᠃ | ᠬᠠᠶᠢᠷ᠎ᠠ ᠲᠠᠢ ᠠᠮᠢᠳᠦᠷᠠᠯ᠂ ᠨᠠᠶᠢᠷ ᠲᠠᠢ ᠤᠷᠴᠢᠯᠠᠩ ᠳᠤ ᠠᠪᠤ ᠡᠵᠢ ᠪᠠᠨ ᠠᠴᠢᠯᠠᠵᠦ᠂ ᠡᠨᠡᠷᠢᠯᠳᠦ ᠪᠠᠭᠰᠢ ᠪᠠᠨ | ᠬᠦᠨᠳᠦᠯᠡᠵᠦ᠂ ᠡᠪ ᠬᠠᠮᠳᠦ ᠨᠠᠮ ᠢᠶᠠᠨ ᠮᠠᠭᠳᠠᠵᠦ ᠠᠴᠢ ᠬᠠᠶᠢᠷ᠎ᠠ ᠶᠢ ᠨᠢ ᠤᠬᠠᠭᠠᠷᠠᠵᠦ ᠶᠠᠪᠤᠨ᠎ᠠ᠂ ᠨᠠᠶᠢᠷᠠᠭ | ᠰᠢᠯᠦᠭ ᠲᠤ ᠪᠠᠨ ᠤᠶᠠᠩᠭᠠᠯᠠᠵᠦ ᠶᠠᠪᠤᠨ᠎ᠠ᠃ | ᠬᠠᠶᠢᠷ᠎ᠠ ᠢᠪᠢᠯᠦᠭᠰᠡᠨ ᠠᠮᠢᠳᠦᠷᠠᠯ ᠭᠡᠵᠦ ᠡᠶᠢᠮᠦ ᠯᠡ ᠰᠠᠶᠢᠬᠠᠨ᠂ ᠲᠡᠶᠢᠮᠦ ᠯᠡ ᠭᠤᠶᠤᠬᠠᠨ ᠡ︕ | ᠵᠣᠬᠢᠶᠠᠭᠴᠢ᠄ ᠨᠤᠮᠢᠨᠳᠤᠯᠢ ︵ᠲᠤᠮᠳᠠᠳᠤ ᠬᠤᠰᠢᠭᠤᠨ ᠤ ᠲᠦᠷᠦᠯᠵᠢ ᠲᠤᠮᠳᠠᠳᠤ ᠰᠤᠷᠭᠠᠭᠤᠯᠢ ᠶᠢᠨ ᠶᠢᠰᠦ ᠶᠢᠨ ᠨᠢᠭᠡ︶ | | ᠵᠢᠯᠤᠭᠤᠳᠤᠭᠴᠢ ᠪᠠᠭᠰᠢ᠄ ᠳᠦᠩ ᠢᠤᠢ ᠯᠢᠩ |