ᠠᠮᠢᠳᠤᠷᠠᠯ ᠪᠤᠯ ᠵᠢᠷᠭᠠᠯ ᠵᠤᠪᠠᠯᠠᠩ ᠤᠨ ᠠᠭᠤᠰᠤᠯᠳᠤᠯ | ᠠᠮᠢᠳᠤᠷᠠᠯ ᠪᠤᠯ ᠪᠠᠯ ᠰᠦᠰᠦᠨ ᠤ ᠠᠭᠤᠰᠤᠯᠳᠤᠯ | ᠠᠮᠢᠳᠤᠷᠠᠯ ᠪᠤᠯ ᠪᠠᠶᠠᠷ ᠭᠤᠨᠢᠭ ᠤᠨ ᠠᠭᠤᠰᠤᠯᠳᠤᠯ | ᠠᠮᠢᠳᠤᠷᠠᠯ ᠪᠤᠯ ᠭᠡᠷᠡᠯ ᠰᠡᠭᠦᠳᠡᠷ ᠤᠨ ᠠᠭᠤᠰᠤᠯᠳᠤᠯ | ᠠᠮᠢᠳᠤᠷᠠᠯ ᠪᠤᠯ ᠠᠶᠠᠯᠠᠭᠠᠳ ᠪᠠᠷᠠᠰᠢ ᠦᠭᠡᠢ ᠵᠠᠮ | ᠠᠮᠢᠳᠤᠷᠠᠯ ᠪᠤᠯ ᠭᠡᠳᠤᠯᠤᠭᠡᠳ ᠪᠠᠷᠠᠰᠢ ᠦᠭᠡᠢ ᠭᠤᠤᠯ | ᠠᠮᠢᠳᠤᠷᠠᠯ ᠪᠤᠯ ᠲᠤᠭᠤᠯᠤᠭᠠᠳ ᠪᠠᠷᠠᠰᠢ ᠦᠭᠡᠢ ᠲᠠᠪᠠᠭ᠎ᠠ | ᠠᠮᠢᠳᠤᠷᠠᠯ ᠪᠤᠯ ᠦᠷᠢᠰᠦᠯᠳᠦᠭᠡᠳ ᠪᠠᠷᠠᠰᠢ ᠦᠭᠡᠢ ᠤᠷᠤᠯᠳᠤᠭᠠᠨ | ᠠᠮᠢᠳᠤᠷᠠᠯ ᠪᠤᠯ ᠠᠮᠢᠳᠤ ᠶᠠᠪᠤᠬᠤ ᠶᠢᠨ ᠲᠡᠮᠡᠴᠡᠭᠡᠨ | ᠠᠮᠢᠳᠤᠷᠠᠯ ᠪᠤᠯ ᠤᠷᠤᠰᠢᠵᠤ ᠲᠤᠭᠳᠠᠨᠢᠬᠤ ᠶᠢᠨ ᠲᠡᠮᠡᠴᠡᠭᠡᠨ | ᠠᠮᠢᠳᠤᠷᠠᠯ ᠪᠤᠯ ᠤᠬᠠᠭᠠᠨ ᠰᠤᠷᠢᠬᠤ ᠶᠢᠨ ᠲᠡᠮᠡᠴᠡᠭᠡᠨ | ᠠᠮᠢᠳᠤᠷᠠᠯ ᠪᠤᠯ ᠤᠷᠤᠭᠰᠢ ᠵᠢᠳᠬᠦᠬᠦ ᠶᠢᠨ ᠲᠡᠮᠡᠴᠡᠭᠡᠨ | ᠠᠮᠢᠳᠤᠷᠠᠯ ᠪᠤᠯ ᠡᠷᠭᠡᠪᠰᠢ ᠪᠡᠶᠡᠯᠡᠬᠦᠯᠬᠦ ᠠᠵᠢᠯᠯᠠᠭ᠎ᠠ | ᠠᠮᠢᠳᠤᠷᠠᠯ ᠪᠤᠯ ᠡᠷᠭᠡᠪᠰᠢ ᠪᠠᠶᠠᠯᠠᠬᠦᠯᠬᠦ ᠰᠢᠯᠭᠠᠯᠳᠠ | ᠠᠮᠢᠳᠤᠷᠠᠯ ᠪᠤᠯ ᠡᠷᠭᠡᠪᠰᠢ ᠬᠢᠬᠦ ᠡᠷᠬᠢᠴᠡᠬᠦᠯᠦᠯ | ᠠᠮᠢᠳᠤᠷᠠᠯ ᠪᠤᠯ ᠡᠷᠬᠡᠪᠰᠢ ᠬᠢᠬᠦ ᠳ᠋ᠦᠩᠨᠡᠯᠳᠡ | ᠠᠮᠢᠳᠤᠷᠠᠯ ᠪᠤᠯ ᠤᠨᠤᠵᠤ ᠠᠯᠳᠠᠬᠤ ᠶᠢᠨ ᠲᠤᠬᠢᠶᠠᠯᠳᠤᠯ | ᠠᠮᠢᠳᠤᠷᠠᠯ ᠪᠤᠯ ᠦᠭᠰᠦᠵᠤ ᠤᠷᠤᠭᠤᠳᠠᠬᠤ ᠶᠢᠨ ᠲᠤᠬᠢᠶᠠᠯᠳᠤᠯ | ᠠᠮᠢᠳᠤᠷᠠᠯ ᠪᠤᠯ ᠢᠯᠠᠵᠤ ᠢᠯᠠᠭᠳᠠᠬᠤ ᠶᠢᠨ ᠲᠤᠬᠢᠶᠠᠯᠳᠤᠯ | ᠠᠮᠢᠳᠤᠷᠠᠯ ᠪᠤᠯ ᠲᠡᠭᠡᠭᠰᠢᠯᠡᠵᠤ ᠲᠤᠷᠤᠭᠰᠢᠯᠠᠬᠤ ᠶᠢᠨ ᠲᠤᠬᠢᠶᠠᠯᠳᠤᠯ | ᠠᠮᠢᠳᠤᠷᠠᠯ ᠪᠤᠯ ᠭᠡᠢ ᠰᠢᠩᠭᠡᠭᠰᠡᠨ ᠤᠷᠠᠯᠢᠭ ᠪᠢᠰᠢ | ᠠᠮᠢᠳᠤᠷᠠᠯ ᠪᠤᠯ ᠭᠡᠢ ᠲᠠᠮᠡᠶᠢᠷᠡᠭᠰᠡᠨ ᠭᠦᠰᠡᠯ ᠪᠢᠰᠢ | ᠠᠮᠢᠳᠤᠷᠠᠯ ᠪᠤᠯ ᠬᠡᠢ ᠭᠤᠷᠢᠳᠠᠭᠰᠠᠨ ᠬᠦᠭᠡᠭᠡᠴᠡᠯᠳᠤᠯ ᠪᠢᠰᠢ | ᠠᠮᠢᠳᠤᠷᠠᠯ ᠪᠤᠯ ᠭᠡᠢ ᠬᠤᠭᠤᠰᠤᠨ ᠵᠡᠬᠦᠳᠤ ᠪᠢᠰᠢ | ᠠᠮᠢᠳᠤᠷᠠᠯ ᠪᠤᠯ ᠤᠬᠠᠭᠠᠨ ᠢᠶᠠᠷ ᠠᠮᠢᠳᠤᠷᠠᠬᠤ ᠤᠷᠤᠨ ᠵᠠᠢ | ᠠᠮᠢᠳᠤᠷᠠᠯ ᠪᠤᠯ ᠵᠢᠮ᠎ᠠ ᠪᠠᠷ ᠠᠮᠢᠳᠤᠷᠠᠬᠤ ᠤᠷᠤᠨ ᠵᠠᠢ | ᠠᠮᠢᠳᠤᠷᠠᠯ ᠪᠤᠯ ᠨᠤᠴᠤᠵᠤ ᠠᠮᠢᠳᠤᠷᠠᠬᠤ ᠶᠢᠨ ᠤᠷᠤᠨ ᠵᠠᠢ | ᠠᠮᠢᠳᠤᠷᠠᠯ ᠪᠤᠯ ᠡᠪ ᠢᠶᠠᠷ ᠠᠮᠢᠳᠤᠷᠠᠬᠤ ᠶᠢᠨ ᠤᠷᠤᠨ ᠵᠠᠢ | ᠠᠮᠢᠳᠤᠷᠠᠯ ᠪᠤᠯ ᠠᠪᠢᠶᠠᠰ ᠪᠠᠳᠠᠷᠠᠭᠠᠬᠤ ᠶᠢᠨ ᠲᠤᠮᠤ ᠲᠠᠪᠴᠠᠩ | ᠠᠮᠢᠳᠤᠷᠠᠯ ᠪᠤᠯ ᠦᠢᠯᠡᠰ ᠪᠤᠰᠬᠠᠬᠤ ᠶᠢᠨ ᠲᠤᠮᠤ ᠲᠠᠪᠴᠠᠩ | ᠠᠮᠢᠳᠤᠷᠠᠯ ᠪᠤᠯ ᠠᠯᠳᠠᠷ ᠮᠠᠨᠳᠤᠬᠤ ᠶᠢᠨ ᠲᠤᠮᠤ ᠲᠠᠪᠴᠠᠩ | ᠠᠮᠢᠳᠤᠷᠠᠯ ᠪᠤᠯ ᠠᠰᠢᠳᠡ ᠮᠦᠩᠭᠡᠷᠡᠬᠦ ᠶᠢᠨ ᠲᠤᠮᠤ ᠲᠠᠪᠴᠠᠩ | ᠠᠮᠢᠳᠤᠷᠠᠯ ᠪᠤᠯ ᠭᠡᠭᠡᠨ ᠰᠠᠷᠠᠭᠤᠯ ᠬᠤᠷᠸ᠎ᠠ | ᠠᠮᠢᠳᠤᠷᠠᠯ ᠪᠤᠯ ᠠᠯᠠᠭ ᠡᠷᠢᠶᠡᠨ ᠬᠤᠷᠸ᠎ᠠ | ᠠᠮᠢᠳᠤᠷᠠᠯ ᠪᠤᠯ ᠠᠭᠤᠳᠠᠮ ᠶᠡᠭᠡ ᠬᠤᠷᠸ᠎ᠠ | ᠠᠮᠢᠳᠤᠷᠠᠯ ᠪᠤᠯ ᠠᠯᠠᠭᠠᠬᠠᠨ ᠬᠢᠷᠢ ᠬᠤᠷᠸ᠎ᠠ | ᠠᠮᠢᠳᠤᠷᠠᠯ ᠳᠤ ᠦᠩᠭᠡᠳᠤ ᠰᠤᠯᠤᠩᠭ᠎ᠠ ᠶᠢᠨ ᠮᠢᠷᠠᠯᠵᠠᠭᠠᠨ ᠲᠠᠢ | ᠠᠮᠢᠳᠤᠷᠠᠯ ᠳᠤ ᠦᠩᠭᠡᠳᠤ ᠴᠡᠴᠡᠭ ᠤᠨ ᠮᠦᠰᠢᠶᠡᠳᠤ ᠲᠠᠢ | ᠠᠮᠢᠳᠤᠷᠠᠯ ᠳᠤ ᠤᠷᠠᠨ ᠴᠡᠭᠴᠡᠤᠭᠡᠢ ᠶᠢᠨ ᠤᠶᠠᠩᠭᠠᠯᠠᠯ ᠲᠠᠢ | ᠠᠮᠢᠳᠤᠷᠠᠯ ᠳᠤ ᠦᠷᠨᠢᠯ ᠬᠦᠭᠵᠢᠯ ᠤᠨ ᠮᠠᠷᠭᠠᠰᠢ ᠲᠠᠢ | ᠠᠮᠢᠳᠤᠷᠠᠯ ᠳᠤ ᠴᠠᠭ ᠮᠦᠴᠡ ᠪᠤᠴᠠᠰᠢ ᠦᠭᠡᠢ | ᠠᠮᠢᠳᠤᠷᠠᠯ ᠳᠤ ᠴᠠᠭ ᠮᠦᠴᠡ ᠠᠯᠳᠠ ᠠᠴᠠ ᠡᠷᠬᠢᠮ | ᠠᠮᠢᠳᠤᠷᠠᠯ ᠳᠤ ᠠᠮᠢ ᠨᠠᠰᠤ ᠡᠷᠬᠢᠰᠢ ᠦᠭᠡᠢ | ᠠᠮᠢᠳᠤᠷᠠᠯ ᠳᠤ ᠠᠮᠢ ᠨᠠᠰᠤ ᠠᠯᠢᠪᠠ ᠠᠴᠠ ᠡᠷᠬᠢᠮ | ᠠᠮᠢᠳᠤᠷᠠᠯ ᠳᠤ ᠵᠤᠭᠤᠰ ᠮᠦᠩᠬᠦ ᠲᠤᠳᠠᠭᠳᠠᠵᠤ ᠪᠤᠯᠤᠰᠢ ᠦᠭᠡᠢ | ᠠᠮᠢᠳᠤᠷᠠᠯ ᠳᠤ ᠵᠤᠭᠤᠰ ᠤᠨ ᠨᠦᠭᠡᠨ ᠳᠤ ᠰᠢᠷᠭᠤᠵᠤ ᠪᠤᠯᠬᠤ ᠦᠭᠡᠢ | ᠠᠮᠢᠳᠤᠷᠠᠯ ᠳᠤ ᠰᠦᠭ ᠰᠦᠨᠡᠰᠤ ᠲᠤᠳᠠᠭᠳᠠᠵᠤ ᠪᠤᠯᠤᠰᠢ ᠦᠭᠡᠢ | ᠠᠮᠢᠳᠤᠷᠠᠯ ᠳᠤ ᠰᠦᠭ ᠰᠦᠨᠡᠰᠤ ᠪᠠᠨ ᠠᠷᠠᠯᠵᠢᠶᠠᠯᠠᠵᠤ ᠪᠤᠯᠬᠤ ᠦᠭᠡᠢ | ᠠᠮᠢᠳᠤᠷᠠᠯ ᠳᠤ ᠡᠬᠦᠯᠡ ᠰᠠᠯᠬᠢᠨ ᠤ ᠬᠤᠪᠢᠷᠠᠯᠳᠠ ᠲᠠᠢ | ᠠᠮᠢᠳᠤᠷᠠᠯ ᠳᠤ ᠡᠯᠡᠰᠤ ᠲᠤᠭᠤᠰᠤᠨ ᠤ ᠪᠤᠵᠢᠬᠢᠨᠠᠯ ᠲᠠᠢ | ᠠᠮᠢᠳᠤᠷᠠᠯ ᠳᠤ ᠤᠳᠤᠭ᠎ᠠ ᠮᠠᠨᠡᠨ ᠤ ᠪᠦᠷᠬᠦᠯ ᠲᠠᠢ | ᠠᠮᠢᠳᠤᠷᠠᠯ ᠳᠤ ᠤᠶᠠᠩᠭ᠎ᠠ ᠲᠡᠭᠷᠢ ᠶᠢᠨ ᠨᠢᠵᠢᠬᠢᠨᠡᠭᠡᠨ ᠲᠠᠢ | ᠠᠮᠢᠳᠤᠷᠠᠯ ᠳᠤ ᠬᠠᠷᠢᠭᠤ ᠲᠠᠢ ᠪᠤᠯ ᠪᠢᠷᠠᠭᠤ ᠲᠠᠢ | ᠠᠮᠢᠳᠤᠷᠠᠯ ᠳᠤ ᠤᠷᠤᠯᠳᠤᠯᠭ᠎ᠠ ᠲᠠᠢ ᠪᠤᠯ ᠪᠦᠳᠤᠭᠡᠯ ᠲᠠᠢ | ᠠᠮᠢᠳᠤᠷᠠᠯ ᠳᠤ ᠬᠦᠰᠡᠯᠡᠩ ᠲᠠᠢ ᠪᠤᠯ ᠵᠢᠬᠦᠷ ᠲᠠᠢ | ᠠᠮᠢᠳᠤᠷᠠᠯ ᠳᠤ ᠤᠷᠮ᠎ᠠ ᠲᠠᠢ ᠪᠤᠯ ᠦᠭᠡᠳᠡ ᠲᠠᠢ | ᠠᠮᠢᠳᠤᠷᠠᠯ ᠳᠤ ᠴᠢ ᠭᠡᠳᠤᠢ ᠤᠷᠪᠠᠵᠤ ᠬᠦᠷᠪᠡᠪᠡᠴᠦ | ᠠᠮᠢᠳᠤᠷᠠᠯ ᠴᠢᠨᠤ ᠦᠨᠡᠨ ᠲᠦᠷᠢ ᠶᠢ ᠲᠤᠯᠢᠳᠠᠵᠤ ᠯᠠ ᠪᠠᠶᠢᠳᠠᠭ | ᠠᠮᠢᠳᠤᠷᠠᠯ ᠳᠤ ᠴᠢ ᠭᠡᠳᠤᠢ ᠬᠤᠯᠵᠢᠵᠤ ᠬᠤᠶᠢᠬᠤᠷᠯᠠᠪᠠᠴᠤ | ᠠᠮᠢᠳᠤᠷᠠᠯ ᠴᠢᠨᠤ ᠤᠭ ᠰᠢᠨᠵᠢ ᠶᠢ ᠢᠯᠡᠷᠡᠬᠦᠯᠵᠤ ᠯᠠ ᠪᠠᠶᠢᠳᠠᠭ | ᠠᠮᠢᠳᠤᠷᠠᠯ ᠳᠤ ᠦᠬᠦᠬᠦ ᠠᠴᠠ ᠶᠡᠷᠤ ᠨᠢ ᠠᠶᠤᠵᠤ ᠪᠤᠯᠬᠤ ᠦᠭᠡᠢ | ᠠᠮᠢᠳᠤᠷᠠᠯ ᠳᠤ ᠦᠬᠦᠭᠰᠡᠨ ᠶᠤᠮ ᠰᠢᠭ ᠪᠠᠶᠢᠵᠤ ᠪᠤᠯᠬᠤ ᠦᠭᠡᠢ | ᠠᠮᠢᠳᠤᠷᠠᠯ ᠳᠤ ᠬᠢᠬᠦ ᠠᠴᠠ ᠬᠠᠷᠢᠨ ᠠᠶᠤᠵᠤ ᠪᠤᠯᠬᠤ ᠦᠭᠡᠢ | ᠠᠮᠢᠳᠤᠷᠠᠯ ᠳᠤ ᠬᠢᠳᠠᠯ ᠠᠯᠳᠠᠭᠰᠠᠨ ᠰᠢᠭ ᠪᠠᠶᠢᠵᠤ ᠪᠤᠯᠬᠤ ᠦᠭᠡᠢ | ᠠᠮᠢᠳᠤᠷᠠᠯ ᠳᠤ ᠪᠤᠰᠤᠳ ᠠᠴᠠ ᠪᠢᠳᠡᠭᠡᠢ ᠦ ᠡᠷᠢ | ᠠᠮᠢᠳᠤᠷᠠᠯ ᠳᠤ ᠦᠪᠡᠷ ᠤᠨ ᠪᠡᠶ᠎ᠠ ᠪᠠᠨ ᠢᠯᠡᠬᠦᠦ ᠰᠢᠨᠵᠢ | ᠠᠮᠢᠳᠤᠷᠠᠯ ᠳᠤ ᠬᠦᠮᠦᠨ ᠠᠴᠠ ᠲᠡᠭᠡᠬᠦᠷ ᠶᠠᠪᠤᠬᠤ ᠳᠠᠭᠠᠨ ᠬᠦᠮᠦᠨ ᠢ ᠬᠦᠨᠳᠤᠯᠡ | ᠠᠮᠢᠳᠤᠷᠠᠯ ᠳᠤ ᠬᠦᠮᠦᠨ ᠠᠴᠠ ᠲᠤᠤᠭᠤᠷ ᠶᠠᠪᠤᠬᠤ ᠳᠠᠭᠠᠨ ᠪᠠᠶ᠎ᠠ ᠪᠠᠨ ᠬᠦᠨᠳᠦᠳᠭᠡ | ᠠᠮᠢᠳᠤᠷᠠᠯ ᠳᠤ ᠴᠢ ᠠᠵᠢᠯᠴᠢ ᠪᠠᠶᠢᠪᠠᠯ | ᠠᠮᠢᠳᠤᠷᠠᠯ ᠴᠢᠮᠡᠳᠤ ᠠᠯᠢᠪᠠ ᠪᠠᠨ ᠡᠷᠬᠦᠨ᠎ᠠ | ᠠᠮᠢᠳᠤᠷᠠᠯ ᠳᠤ ᠴᠢ ᠬᠤᠶᠢᠷᠭᠤ ᠪᠠᠶᠢᠪᠠᠯ | ᠠᠮᠢᠳᠤᠷᠠᠯ ᠴᠢᠮ᠎ᠠ ᠠᠴᠠ ᠠᠯᠢᠪᠠ ᠪᠠᠨ ᠬᠠᠷᠠᠮᠨᠠᠨ᠎ᠠ | ᠠᠮᠢᠳᠤᠷᠠᠯ ᠬᠡᠵᠤ ᠬᠠᠯᠠᠭᠤᠨ ᠬᠦᠢᠳᠡᠨ ᠠᠮᠢᠰᠬᠤᠯ ᠲᠠᠢ ᠪᠠᠶᠢᠳᠠᠭ | ᠠᠮᠢᠳᠤᠷᠠᠯ ᠭᠡᠵᠤ ᠬᠠᠳᠠᠭᠤ ᠵᠦᠭᠡᠯᠡᠨ ᠵᠠᠩ ᠲᠠᠢ ᠪᠠᠶᠢᠳᠠᠭ | ᠠᠮᠢᠳᠤᠷᠠᠯ ᠭᠡᠵᠤ ᠡᠶᠡᠷᠬᠦ ᠰᠦᠭᠡᠷᠬᠦ ᠡᠨᠧᠷᠭᠢ ᠲᠠᠢ ᠪᠠᠶᠢᠳᠠᠭ | ᠠᠮᠢᠳᠤᠷᠠᠯ ᠭᠡᠵᠤ ᠢᠨᠢᠶᠠᠵᠤ ᠬᠠᠨᠢᠶᠠᠬᠤ ᠮᠡᠳᠡᠷᠡᠮᠵᠢ ᠲᠠᠢ ᠪᠠᠶᠢᠳᠠᠭ | ᠠᠮᠢᠳᠤᠷᠠᠯ ᠢ ᠴᠢ ᠠᠮᠢᠳᠤᠷᠠᠯ ᠢᠶᠠᠷ ᠦᠵᠡᠪᠠᠯ | ᠠᠮᠢᠳᠤᠷᠠᠯ ᠴᠢᠮ᠎ᠠ ᠶᠢ ᠬᠦᠮᠦᠨ ᠢᠶᠠᠷ ᠦᠵᠡᠨ᠎ᠠ | ᠠᠮᠢᠳᠤᠷᠠᠯ ᠢ ᠴᠢ ᠠᠮᠢᠳᠤᠷᠠᠯ ᠢᠶᠠᠷ ᠡᠰᠡ ᠦᠵᠡᠪᠡᠯ | ᠠᠮᠢᠳᠤᠷᠠᠯ ᠴᠢᠮ᠎ᠠ ᠶᠢ ᠴᠢᠳᠬᠦᠷ ᠢᠶᠠᠷ ᠦᠵᠡᠨ᠎ᠠ | ᠠᠮᠢᠳᠤᠷᠠᠯ ᠢ ᠴᠠᠯᠭᠠᠢᠢᠳᠠᠯ ᠢᠶᠠᠷ ᠪᠢᠰᠢ ᠰᠦᠰᠤ ᠪᠠᠷ ᠴᠤᠭᠴᠠᠯᠠᠳᠠᠭ | ᠠᠮᠢᠳᠤᠷᠠᠯ ᠢ ᠬᠠᠭᠤᠮᠠᠬᠠᠢ ᠪᠠᠷ ᠪᠢᠰᠢ ᠬᠠᠳᠠᠭᠤᠵᠢᠯ ᠢᠶᠠᠷ ᠴᠤᠭᠴᠠᠯᠠᠳᠠᠭ | ᠠᠮᠢᠳᠤᠷᠠᠯ ᠢ ᠬᠠᠷᠠᠳᠠᠯ ᠢᠶᠠᠷ ᠪᠢᠰᠢ ᠬᠠᠶᠢᠷ᠎ᠠ ᠪᠠᠷ ᠴᠤᠭᠴᠠᠯᠠᠳᠠᠭ | ᠠᠮᠢᠳᠤᠷᠠᠯ ᠢ ᠬᠤᠳᠠᠯ ᠢᠶᠠᠷ ᠪᠢᠰᠢ ᠦᠨᠡᠨ ᠢᠶᠠᠷ ᠴᠤᠭᠴᠠᠯᠠᠳᠠᠭ | ᠠᠮᠢᠳᠤᠷᠠᠯ ᠠᠴᠠ ᠢᠯᠡᠬᠦᠦ ᠪᠤᠳᠠᠳᠤ ᠠᠬᠤᠢ ᠭᠡᠵᠤ ᠪᠠᠶᠢᠬᠤ ᠦᠭᠡᠢ | ᠠᠮᠢᠳᠤᠷᠠᠯ ᠠᠴᠠ ᠢᠯᠡᠬᠦᠦ ᠪᠤᠳᠠᠳᠤ ᠤᠷᠤᠰᠢᠬᠤᠢ ᠭᠡᠵᠤ ᠪᠠᠶᠢᠬᠤ ᠦᠭᠡᠢ | ᠠᠮᠢᠳᠤᠷᠠᠯ ᠠᠴᠠ ᠢᠯᠡᠬᠦᠦ ᠪᠤᠳᠠᠳᠤ ᠦᠢᠯᠡᠳᠤᠯᠭᠡ ᠭᠡᠵᠤ ᠪᠠᠶᠢᠬᠤ ᠦᠭᠡᠢ | ᠠᠮᠢᠳᠤᠷᠠᠯ ᠠᠴᠠ ᠢᠯᠡᠬᠦᠦ ᠪᠤᠳᠠᠳᠤ ᠶᠠᠪᠤᠳᠠᠯ ᠭᠡᠵᠤ ᠪᠠᠶᠢᠬᠤ ᠦᠭᠡᠢ | ᠠᠮᠢᠳᠤᠷᠠᠯ ᠠᠴᠠ ᠤᠢᠢᠳᠤᠭᠰᠠᠨ ᠬᠦᠮᠦᠨ ᠪᠤᠯ ᠶᠢᠷᠳᠢᠨᠴᠤ ᠠᠴᠠ ᠤᠢᠢᠳᠤᠭᠰᠠᠨ ᠬᠦᠮᠦᠨ | ᠠᠮᠢᠳᠤᠷᠠᠯ ᠠᠴᠠ ᠠᠶᠤᠭᠰᠠᠨ ᠬᠦᠮᠦᠨ ᠪᠤᠯ ᠠᠮᠢ ᠠᠴᠠ ᠪᠠᠨ ᠠᠶᠤᠭᠰᠠᠨ ᠬᠦᠮᠦᠨ | ᠠᠮᠢᠳᠤᠷᠠᠯ ᠠᠴᠠ ᠲᠠᠶᠠᠭᠳᠠᠭᠰᠠᠨ ᠬᠦᠮᠦᠨ ᠪᠤᠯ ᠨᠡᠶᠢᠭᠡᠮ ᠠᠴᠠ ᠲᠠᠶᠠᠭᠳᠠᠭᠰᠠᠨ ᠬᠦᠮᠦᠨ | ᠠᠮᠢᠳᠤᠷᠠᠯ ᠠᠴᠠ ᠬᠦᠨᠳᠡᠶᠢᠷᠡᠭᠰᠡᠨ ᠬᠦᠮᠦᠨ ᠪᠤᠯ ᠤᠯᠠᠨ ᠠᠴᠠ ᠬᠦᠨᠳᠡᠶᠢᠷᠡᠭᠰᠡᠨ ᠬᠦᠮᠦᠨ | ᠠᠮᠢᠳᠤᠷᠠᠯ ᠤᠨ ᠤᠯᠠᠨ ᠡᠯ᠎ᠡ ᠬᠠᠯᠠ | ᠠᠮᠢᠳᠤᠷᠠᠯ ᠤᠨ ᠰᠦᠰᠤ ᠶᠢ ᠲᠠᠪᠳᠠᠭᠤᠯᠵᠤ ᠪᠠᠶᠢᠳᠠᠭ | ᠠᠮᠢᠳᠤᠷᠠᠯ ᠤᠨ ᠤᠯᠠᠨ ᠨᠤᠭᠤᠴᠠᠭᠠᠨ ᠠᠳᠠᠷᠠᠭᠠᠨ | ᠠᠮᠢᠳᠤᠷᠠᠯ ᠤᠨ ᠰᠤᠳᠤᠴᠤᠤᠯ ᠢ ᠴᠤᠯᠭᠤᠷᠠᠭᠤᠯᠵᠤ ᠪᠠᠶᠢᠳᠠᠭ | ᠠᠮᠢᠳᠤᠷᠠᠯ ᠤᠨ ᠤᠳᠬ᠎ᠠ ᠴᠢᠨᠠᠷ ᠡᠷᠳᠡᠮ ᠨᠤᠮ ᠳᠤ ᠰᠢᠮᠳᠠᠬᠤ ᠳᠤ ᠪᠤᠢ | ᠠᠮᠢᠳᠤᠷᠠᠯ ᠤᠨ ᠤᠳᠬ᠎ᠠ ᠴᠢᠨᠡᠷ ᠡᠳ᠋ ᠪᠠᠶᠠᠯᠢᠭ ᠢ ᠪᠦᠳᠦᠭᠡᠬᠦ ᠳᠤ ᠪᠤᠢ | ᠠᠮᠢᠳᠤᠷᠠᠯ ᠤᠨ ᠤᠳᠬ᠎ᠠ ᠴᠢᠨᠠᠷ ᠦᠭᠯᠢᠭᠡ ᠲᠤᠰᠠ ᠬᠦᠷᠳᠡᠭᠡᠬᠦ ᠳᠤ ᠪᠤᠢ | ᠠᠮᠢᠳᠤᠷᠠᠯ ᠤᠨ ᠤᠳᠬ᠎ᠠ ᠴᠢᠨᠡᠷ ᠵᠤᠯ ᠵᠢᠷᠭᠠᠯ ᠢ ᠡᠳ᠋ᠯᠡᠬᠦ ᠳᠤ ᠪᠤᠢ | ᠠᠮᠢᠳᠤᠷᠠᠯ ᠳᠤ ᠰᠠᠬᠢᠯᠭ᠎ᠠ ᠵᠢᠷᠤᠮ ᠢ ᠡᠷᠬᠢᠮᠯᠡᠬᠦ ᠭᠡᠷᠡᠭᠳᠠᠢ | ᠠᠮᠢᠳᠤᠷᠠᠯ ᠳᠤ ᠠᠭᠤᠴᠢᠯᠠᠯ ᠬᠦᠯᠢᠴᠡᠯ ᠢ ᠡᠷᠬᠢᠮᠯᠡᠬᠦ ᠭᠡᠷᠡᠭᠳᠠᠢ | ᠠᠮᠢᠳᠤᠷᠠᠯ ᠳᠤ ᠢᠴᠢᠬᠦᠷᠢ ᠰᠤᠨᠵᠢᠭᠤᠷᠢ ᠶᠢ ᠮᠡᠳᠡᠬᠦ ᠭᠡᠷᠡᠭᠳᠠᠢ | ᠠᠮᠢᠳᠤᠷᠠᠯ ᠳᠤ ᠦᠪᠡᠷ ᠤᠨ ᠪᠡᠶ᠎ᠠ ᠪᠠᠨ ᠮᠡᠳᠡᠬᠦ ᠭᠡᠷᠡᠭᠳᠠᠢ | ᠠᠮᠢᠳᠤᠷᠠᠯ ᠳᠤ ᠪᠤᠭᠤᠯ ᠪᠤᠯᠵᠤ ᠠᠮᠢᠳᠤᠷᠠᠵᠤ ᠪᠤᠯᠬᠤ ᠦᠭᠡᠢ | ᠠᠮᠢᠳᠤᠷᠠᠯ ᠳᠤ ᠡᠵᠡᠨ ᠪᠤᠯᠵᠤ ᠠᠮᠢᠳᠤᠷᠠᠵᠤ ᠪᠤᠯᠬᠤ ᠦᠭᠡᠢ | ᠠᠮᠢᠳᠤᠷᠠᠯ ᠳᠤ ᠪᠦᠷᠢᠯᠭᠡᠭᠴᠢ ᠪᠤᠯᠵᠤ ᠠᠮᠢᠳᠤᠷᠠᠵᠤ ᠪᠤᠯᠬᠤ ᠦᠭᠡᠢ | ᠠᠮᠢᠳᠤᠷᠠᠯ ᠳᠤ ᠪᠦᠳᠤᠭᠡᠯᠴᠢ ᠪᠤᠯᠵᠤ ᠠᠮᠢᠳᠤᠷᠠᠬᠤ ᠭᠡᠷᠡᠭᠳᠠᠢ | ᠠᠮᠢᠳᠤᠷᠠᠯ ᠪᠤᠯ ᠬᠠᠰᠢ ᠯᠠ ᠠᠮᠢᠳᠤᠷᠠᠯ | ᠠᠮᠢᠳᠤᠷᠠᠯ ᠶᠠᠭᠠᠬᠢᠭᠰᠠᠨ ᠴᠤ ᠲᠤᠭᠯᠠᠭᠠᠮ ᠪᠢᠰᠢ | ᠠᠮᠢᠳᠤᠷᠠᠯ ᠪᠤᠯ ᠬᠠᠰᠢ ᠯᠠ ᠠᠮᠢᠳᠤᠷᠠᠯ | ᠠᠮᠢᠳᠤᠷᠠᠯ ᠶᠠᠭᠠᠬᠢᠭᠰᠠᠨ ᠴᠤ ᠵᠦᠴᠦᠭᠡ ᠪᠢᠰᠢ | ᠠᠮᠢᠳᠤᠷᠠᠯ ᠳᠤ ᠡᠷᠡᠬᠦᠯ ᠡᠩᠭᠡ ᠪᠠᠶᠢᠪᠠᠯ ᠬᠠᠮᠤᠭ ᠰᠠᠶᠢᠬᠠᠨ | ᠠᠮᠢᠳᠤᠷᠠᠯ ᠳᠤ ᠡᠷᠭᠡ ᠴᠢᠯᠤᠭᠡ ᠲᠠᠢ ᠪᠠᠶᠢᠪᠠᠯ ᠬᠠᠮᠤᠭ ᠰᠠᠶᠢᠬᠠᠨ | ᠠᠮᠢᠳᠤᠷᠠᠯ ᠳᠤ ᠪᠤᠬᠢᠷᠳᠤᠯ ᠦᠭᠡᠢ ᠪᠠᠶᠢᠪᠠᠯ ᠬᠠᠮᠤᠭ ᠰᠠᠶᠢᠬᠠᠨ | ᠠᠮᠥᠳᠤᠷᠠᠯ ᠳᠤ ᠪᠤᠯᠪᠠᠰᠤᠨ ᠰᠤᠷᠳᠠᠯ ᠲᠠᠢ ᠪᠠᠶᠢᠪᠠᠯ ᠬᠠᠮᠤᠭ ᠰᠠᠶᠢᠬᠠᠨ | ᠠᠮᠢᠳᠤᠷᠠᠯ ᠳᠤ ᠬᠦᠮᠦᠨ ᠪᠠᠶᠢᠭᠠᠯᠢ ᠬᠠᠷᠰᠢᠬᠤ ᠦᠭᠡᠢ ᠪᠠᠶᠢᠪᠠᠯ ᠬᠠᠮᠤᠭ ᠰᠠᠶᠢᠬᠠᠨ | ᠠᠮᠢᠳᠤᠷᠠᠯ ᠳᠤ ᠬᠦᠮᠦᠨ ᠬᠦᠮᠦᠨ ᠢᠶᠠᠨ ᠢᠳᠡᠬᠦ ᠦᠭᠡᠢ ᠪᠠᠶᠢᠪᠠᠯ ᠬᠠᠮᠤᠭ ᠰᠠᠶᠢᠬᠠᠨ | ᠠᠮᠢᠳᠤᠷᠠᠯ ᠳᠤ ᠬᠦᠮᠦᠨ ᠬᠦᠮᠦᠨ ᠳᠡᠭᠡᠨ ᠲᠤᠰᠠᠷᠬᠠᠭ ᠪᠠᠶᠢᠪᠠᠯ ᠬᠠᠮᠤᠭ ᠰᠠᠶᠢᠬᠠᠨ | ᠠᠮᠢᠳᠤᠷᠠᠯ ᠳᠤ ᠬᠦᠮᠦᠨ ᠬᠦᠮᠦᠨ ᠳᠡᠭᠡᠨ ᠲᠤᠷᠠᠰᠤᠯ ᠲᠠᠢ ᠪᠠᠶᠢᠪᠠᠯ ᠬᠠᠮᠤᠭ ᠰᠠᠶᠢᠬᠠᠨ︕ | ᠵᠤᠬᠢᠶᠠᠬᠴᠢ ᠶᠢᠨ ᠬᠠᠶ᠋ᠢᠬ᠄ ᠬᠦᠭᠡᠬᠤᠳᠠ ᠶᠢᠨ ᠰᠠᠶᠢᠬᠠᠨ ᠲᠤᠭᠤᠷᠢᠬ ᠤᠨ ᠤᠯᠠᠭᠠᠨᠴᠠᠪ ᠵᠡᠬᠦᠨ ᠵᠡᠬᠡᠯᠢ ᠶᠢᠨ 120 | ᠨᠤᠮᠧᠷᠳᠤ |