— ᠬᠤᠷᠸ᠎ᠠ ᠶᠢᠨ ᠵᠠᠢ ᠳᠤ ᠬᠤᠴᠤᠷᠤᠭᠰᠠᠨ ᠬᠤᠶᠠᠷᠬᠠᠨ ᠨᠠᠭᠠᠴᠤ ᠡᠬᠡ ᠳᠡᠭᠡᠨ ᠵᠤᠷᠢᠭᠤᠯᠵᠤ ᠪᠢᠴᠢᠪᠡ | ᠡᠵᠢ ᠮᠢᠨᠢ ᠠᠮᠢᠳᠤ ᠰᠡᠷᠡᠬᠦᠨ ᠪᠠᠶᠢᠬᠤ ᠳᠠᠭᠠᠨ ᠦᠷ᠎ᠡ ᠪᠢᠳᠡᠨ ᠳᠡᠭᠡᠨ ᠠᠯᠢ ᠤᠯᠠᠨ ᠰᠤᠷᠭᠠᠯ ᠵᠠᠬᠢᠶ᠎ᠠ᠂ ᠬᠦᠰᠡᠯ | ᠨᠠᠶᠢᠳᠠᠯ ᠢᠶᠠᠨ ᠲᠠᠯᠪᠢᠭᠰᠠᠨ ᠶᠤᠮᠰᠠᠨ᠃ ᠪᠢᠳᠡ ᠡᠵᠢ ᠶᠢᠨ ᠢᠶᠠᠨ ᠬᠦᠰᠡᠯ ᠨᠠᠶᠢᠳᠠᠯ ᠢ ᠬᠢᠷᠢ ᠵᠡᠷᠭᠡ | ᠪᠡᠶᠡᠯᠡᠬᠦᠯᠤᠭ᠍ᠰᠡᠨ ᠢᠶᠠᠨ ᠤᠳᠤ ᠨᠢᠭᠡᠨᠳᠡ ᠲᠤᠳᠤᠷᠬᠠᠢ ᠪᠦᠷᠢᠤᠡᠭᠡᠵᠤ ᠲᠡᠶᠢᠯᠬᠦ ᠪᠠᠨ ᠪᠤᠯᠢᠵᠠᠢ᠃ ᠭᠡᠳᠡᠯ᠎ᠡ ᠬᠤᠷᠢ | ᠶᠢᠰᠤᠨ ᠵᠢᠯ ᠤᠨ ᠡᠮᠤᠨ᠎ᠡ ᠡᠵᠢ ᠮᠢᠨᠢ ᠠᠮᠢᠰᠬᠤᠯ ᠬᠤᠷᠢᠶᠠᠬᠤ ᠠᠴᠠ ᠪᠠᠨ ᠡᠮᠤᠨ᠎ᠡ᠄ ︽ᠡᠷᠳᠡᠨᠢᠴᠡᠴᠡᠭ᠂ | ᠮᠦᠡᠭᠭᠦᠨᠴᠡᠴᠡᠭ ᠭᠡᠬᠦ ᠬᠤᠷᠸ᠎ᠠ ᠶᠢᠨ ᠵᠠᠢ ᠳᠤ ᠬᠤᠴᠤᠷᠤᠭᠰᠠᠨ ᠬᠤᠶᠠᠷᠬᠠᠨ ᠨᠠᠭᠠᠴᠤ ᠡᠭᠡ ᠪᠠᠨ ᠡᠷᠢᠵᠤ ᠠᠪᠤᠭᠠᠷᠠᠢ︕ | ︾ ᠭᠡᠰᠡᠨ ᠬᠡᠷᠢᠶᠡᠰ ᠢ ᠵᠢᠷᠤᠭᠡᠨ ᠬᠦᠨ ᠳᠡᠭᠡᠨ ᠰᠠᠶᠢᠯᠤᠭ᠍ᠰᠡᠨ ᠪᠦᠭᠡᠤᠨ ᠵᠡᠪᠡᠯ ᠪᠡᠶᠡᠯᠡᠬᠦᠯᠬᠦ ᠶᠤᠰᠤᠳᠠᠢ ᠡᠬᠦᠷᠭᠡ | ᠪᠤᠯᠤᠭᠰᠠᠨ ᠪᠢᠯᠡ᠃ | ᠬᠠᠨᠭ᠍ᠰᠢ ᠨᠡᠭᠡᠭᠡᠵᠤ ᠬᠠᠭᠳᠠ ᠡᠬᠢᠯᠡᠨ ᠨᠤᠭᠤᠭᠠᠷᠠᠭᠰᠠᠨ ᠪᠢᠯᠢᠭ ᠤᠨ ᠤᠯᠠᠷᠢᠯ ᠤᠨ ᠭᠤᠷᠪᠡᠨ ᠰᠠᠷ᠎ᠡ ᠶᠢᠨ ᠠᠷᠪᠡᠨ | ᠭᠤᠷᠪᠡᠨ ᠤ ᠤᠶᠠᠷᠠᠯ ᠲᠦᠷᠤᠮᠡ ᠤᠶᠠᠬᠠᠨ ᠲᠤᠩᠭᠠᠯᠠᠭ ᠡᠳᠤᠷ᠂ ᠪᠢ ᠡᠭᠡᠴᠢ ᠪᠡ ᠬᠤᠶᠠᠷ ᠦᠬᠢᠨ ᠲᠡᠭᠦᠦ ᠲᠠᠢ ᠪᠠᠨ | ᠰᠡᠤᠭᠡ ᠲᠡᠷᠭᠡ ᠪᠠᠷ ᠵᠠᠯᠠᠶᠢᠤᠨ ᠬᠤᠰᠢᠭᠤᠨ ᠤ ᠪᠠᠷᠠᠭᠤᠨ ᠬᠤᠶᠢᠳᠤ ᠵᠠᠬ᠎ᠠ ᠳᠤ ᠪᠠᠶᠢᠭ᠎ᠠ ᠬᠦᠭᠵᠢᠯᠳᠤ ᠦᠷ᠎ᠡ | ᠮᠠᠯᠵᠢᠯ ᠤᠨ ᠲᠠᠯᠠᠪᠠᠢ ᠶᠢ ᠴᠢᠭᠯᠡᠯ᠎ᠡ᠃ ᠡᠵᠢ ᠶᠢᠨ ᠵᠠᠬᠢᠶ᠎ᠠ ᠪᠠᠷ ᠤᠯᠠᠨ ᠵᠢᠯ ᠢᠶᠠᠷ ᠬᠤᠶᠠᠷ ᠠᠨᠢᠶ᠎ᠠ ᠶᠢᠨ ᠲᠤᠬᠠᠢ ᠤᠯᠠᠨ | ᠰᠤᠷᠠᠭ ᠴᠢᠮᠡᠭᠡ ᠴᠤᠭᠯᠠᠭᠤᠯᠤᠭᠰᠠᠨ ᠡᠭᠡᠴᠢ ᠶᠢᠨ ᠮᠢᠨᠢ ᠶᠠᠷᠢᠶ᠎ᠠ ᠪᠢᠳᠡᠨ ᠢ ᠵᠠᠮ ᠲᠤᠷᠰᠢ ᠤᠶᠠᠷᠠᠭᠤᠯᠤᠨ | ᠲᠤᠭᠳᠤᠯᠤᠭᠤᠯᠵᠤ ᠶᠠᠪᠤᠯ᠎ᠠ᠃ | ᠡᠵᠢ ᠮᠢᠨᠢ ᠲᠡᠭᠡᠷ᠎ᠡ ᠵᠠᠭᠤᠨ ᠤ ᠭᠤᠴᠢᠨ ᠨᠠᠶ᠋ᠮᠠᠨ ᠤᠨ ᠳᠤ ᠵᠠᠯᠠᠶᠢᠤᠨ ᠤᠨ ᠰᠠᠭᠤᠭᠠᠯᠢ ᠨᠤᠳᠤᠭ ᠤᠨ ᠬᠦᠮᠤᠨ | ᠲᠤᠨᠳᠤᠭ ᠤᠨ ᠤᠤᠨᠬᠤᠨ ᠦᠬᠢᠨ ᠪᠤᠯᠤᠨ ᠵᠠᠶᠠᠭᠠᠵᠠᠢ᠃ ᠮᠢᠨᠤ ᠨᠠᠭᠠᠴᠤ ᠡᠪᠦᠭᠡ ᠪᠤᠯ ᠡᠷᠳᠡᠨ ᠤ ᠵᠠᠯᠠᠶᠢᠷ | ᠠᠶᠢᠮᠠᠭ ᠤᠨ ᠠᠷᠪᠡᠨ ᠰᠠᠯᠪᠤᠷᠢ ᠤᠪᠤᠭ ᠤᠨ ᠲᠡᠷᠢᠬᠦᠨ ᠵᠠᠤᠨ ᠪᠠᠰᠠ ᠵᠡᠤᠨᠨᠤᠭᠦᠤᠨ ᠤᠪᠤᠭ ᠭᠡᠨ᠎ᠡ᠃ ᠤᠳᠤ ᠡᠳᠡᠭᠡᠷ | ᠤᠪᠤᠭᠳᠠᠤᠨ ᠦᠪᠡᠷ ᠢ ᠪᠠᠨ ᠪᠠᠢ ᠤᠪᠤᠭᠳᠠᠢ ᠪᠦᠭᠡᠤᠨ ᠴᠢᠩᠭᠢᠰ ᠤᠨ ᠲᠦᠷᠪᠡᠨ ᠬᠦᠯᠤᠭ᠌ ᠤᠨ ᠨᠢᠭᠡ ᠪᠤᠯᠬᠤ ᠵᠢᠨᠤᠩ | ᠮᠤᠬᠤᠯᠠᠢ ᠶᠢᠨ ᠬᠤᠶᠢᠴᠢᠰ ᠭᠡᠵᠤ ᠪᠠᠳᠤᠳᠠᠢ ᠬᠡᠯᠡᠵᠡᠭᠡᠵᠤ ᠪᠠᠶᠢᠨ᠎ᠠ᠃ ᠡᠵᠢ ᠶᠢᠨ ᠮᠢᠨᠢ ᠲᠦᠷᠤᠭ᠍ᠰᠡᠨ ᠴᠠᠭ ᠦᠶ᠎ᠡ ᠪᠤᠯ | ᠶᠠᠭ ᠰᠠᠶ᠋ᠢᠬᠠᠨ ᠶᠠᠫᠤᠨ ᠰᠠᠮᠤᠷᠠᠢ ᠶᠢᠨ ᠮᠠᠨᠤᠤᠯ ᠵᠠᠰᠠᠭ — ᠬᠠᠭᠤᠷᠮᠠᠭ ᠮᠠᠨᠵᠤ ᠶᠢᠨ ᠬᠠᠷᠬᠢᠰ ᠬᠠᠷᠠᠩᠭᠤᠢ ᠲᠦᠷᠤ | ᠵᠠᠰᠠᠭ ᠲᠤᠭᠳᠠᠭᠰᠠᠨ ᠴᠠᠭ ᠦᠶ᠎ᠡ ᠪᠤᠯᠤᠨ᠎ᠠ᠃ ᠮᠢᠨᠤ ᠨᠠᠭᠠᠴᠤ ᠡᠪᠦᠭᠡ ᠶᠢᠨ ᠲᠦᠷᠤᠭ᠍ᠰᠡᠨ ᠦᠶᠡᠯᠢᠤᠨ ᠲᠡᠬᠦᠦ ᠨᠢ | ᠶᠠᠫᠤᠨ ᠮᠠᠨᠵᠤ ᠶᠢᠨ ᠬᠠᠷ᠎ᠠ ᠠᠵᠢᠯ ᠳᠤ ᠪᠠᠷᠢᠭᠳᠠᠨ ᠠᠮᠢ ᠪᠠᠨ ᠠᠯᠳᠠᠭᠰᠠᠨ ᠲᠤᠯᠠ ᠭᠡᠷᠭᠡᠢ ᠴᠢᠪᠠᠭ ᠨᠢ ᠭᠡᠳᠤᠨ | ᠦᠨᠤᠴᠢᠨ ᠬᠡᠤᠬᠡᠤᠨ ᠲᠠᠢ ᠠᠷᠤ ᠭᠡᠷ ᠲᠡᠭᠡᠨ ᠪᠡᠯᠪᠡᠰᠤᠷᠡᠨ ᠬᠤᠴᠤᠷᠵᠠᠢ᠃ ᠨᠠᠭᠠᠴᠤ ᠡᠯᠤᠨᠴᠡ ᠡᠮᠡᠭᠡ᠂ ᠮᠢᠨᠤ | ᠨᠠᠭᠠᠴᠤ ᠡᠪᠦᠭᠡ ᠶᠢ ᠲᠠᠭᠤᠳᠠᠨ ︽ᠡᠷᠳᠡᠨ ᠠᠴᠠ ᠢᠨᠠᠭᠰᠢ ᠮᠠᠨ ᠤ ᠵᠡᠤᠨᠨᠤᠭᠦᠤᠨ ᠤᠪᠤᠭᠳᠠᠨ ᠤ ᠡᠭᠡᠨᠡᠷ ᠤᠳ | ᠪᠡᠯᠪᠡᠰᠤᠷᠡᠪᠡᠯ ᠪᠤᠰᠤᠤᠨ ᠤᠪᠤᠭᠳᠠᠨ ᠳᠤ ᠲᠠᠬᠢᠨ ᠤᠴᠢᠵᠤ ᠦᠯᠤ ᠪᠤᠯᠤᠨ᠎ᠠ᠂ ᠴᠢ᠂ ᠡᠨᠡ ᠭᠡᠷ ᠤᠨ ᠭᠠᠯ ᠢ ᠦᠯᠤ | ᠤᠨᠳᠠᠷᠠᠭᠠᠨ ᠡᠪᠡᠰᠤ ᠲᠦᠯᠡᠭᠡ ᠶᠢ ᠨᠢ ᠤᠶᠢᠷᠠᠳᠤᠭᠤᠯᠵᠤ᠂ ᠦᠭᠡᠷ ᠮᠠᠯ ᠢ ᠨᠢ ᠬᠤᠮᠢᠵᠤ ᠦᠭᠭᠦᠭᠡᠷᠡᠢ︕︾ ᠭᠡᠪᠡ᠃ | ᠡᠬᠦᠨ ᠢ ᠮᠤᠩᠭᠤᠯ ᠬᠦᠮᠤᠨ ᠤ ᠵᠠᠯᠭᠠᠮᠠᠯ ᠤᠷᠤᠭ ᠤᠨ ᠶᠤᠰᠤᠨ ᠭᠡᠨ᠎ᠡ᠃ ᠪᠡᠷᠭᠡᠨ ᠪᠤᠶᠤ ᠲᠡᠭᠦᠦ ᠪᠡᠷᠢ ᠨᠢ ᠪᠡᠯᠪᠡᠰᠤᠷᠡᠯ | ᠬᠠᠳᠠᠮ ᠠᠬ᠎ᠠ ᠪᠤᠶᠤ ᠬᠦᠷᠢ ᠲᠡᠭᠦᠦ ᠲᠠᠢ ᠪᠠᠨ ᠵᠠᠯᠭᠠᠵᠤ ᠰᠠᠭᠤᠵᠤ ᠪᠤᠯᠤᠨ᠎ᠠ᠃ ᠡᠬᠦᠨ ᠤ ᠲᠡᠭᠡᠷ᠎ᠡ ᠵᠠᠯᠠᠶᠢᠤᠨ | ᠨᠤᠳᠤᠭ ᠤᠨ ᠮᠤᠩᠭᠤᠯ ᠬᠦᠮᠤᠨ ᠳᠤ ᠪᠠᠰᠠ ᠪᠡᠷᠭᠡᠨ ᠪᠤᠶᠤ ᠲᠡᠭᠦᠦ ᠪᠡᠷᠢ ᠨᠢ ᠪᠡᠯᠪᠡᠰᠤᠷᠡᠪᠡᠯ ᠬᠠᠳᠠᠮ ᠠᠬ᠎ᠠ ᠪᠤᠶᠤ | ᠬᠦᠷᠢ ᠲᠡᠭᠦᠦ ᠨᠢ ᠡᠭᠡᠨᠡᠷ ᠬᠡᠤᠬᠡᠤᠨ ᠲᠠᠢ ᠪᠠᠶᠢᠭᠰᠠᠨ ᠴᠤ ᠬᠤᠶᠠᠷ ᠭᠡᠷ ᠪᠦᠯᠢ ᠶᠢ ᠡᠭᠡᠯᠵᠢᠯᠡᠨ ᠲᠤᠳᠤᠮᠳᠡᠨ | ᠠᠮᠢᠳᠤᠷᠠᠵᠤ ᠪᠤᠯᠤᠨ᠎ᠠ᠃ ᠮᠢᠨᠤ ᠨᠠᠭᠠᠴᠤ ᠡᠪᠦᠭᠡ ᠶᠢᠨ ᠵᠠᠯᠭᠠᠵᠤ ᠰᠭᠠᠤᠭᠰᠠᠨ ᠴᠢᠪᠠᠭ ᠡᠮᠡᠭᠡ ᠪᠤᠯ ᠮᠤᠩᠭᠤᠯ | ᠠᠷᠠᠤᠨ ᠤᠨ ᠲᠠᠭᠤᠤ ᠶᠢ ᠰᠤᠨᠤᠰᠤᠭᠰᠠᠨ ᠪᠦᠬᠦᠨ ᠢ ᠤᠶᠠᠷᠠᠳᠠᠯ᠎ᠠ ᠰᠠᠶᠢᠬᠠᠨ ᠲᠠᠭᠤᠯᠠᠳᠠᠭ ᠠᠵᠢᠯᠴᠢ ᠭᠤᠶᠤᠬᠠᠨ | ᠮᠠᠯᠴᠢᠨ ᠪᠦᠰᠡᠬᠦᠢ ᠶᠤᠮ᠃ ᠵᠠᠯᠠᠭᠤ ᠼᠡᠡᠳᠠᠨ ᠨᠠᠰᠤᠨ ᠳᠠᠭᠠᠨ ᠡᠷ᠎ᠡ ᠨᠦᠬᠦᠷ ᠢᠶᠠᠨ ᠠᠯᠳᠠᠭᠰᠠᠨ ᠴᠢᠪᠠᠭ ᠡᠮᠡᠭᠡ ᠶᠢᠨ | ᠤᠨᠳᠠᠷᠠᠬᠤ ᠰᠢᠬᠠᠭᠰᠠᠨ ᠠᠮᠢᠳᠤᠷᠠᠯ ᠤᠨ ᠲᠤᠯᠭ᠎ᠠ ᠶᠢᠨ ᠭᠠᠯ ᠮᠢᠨᠤ ᠨᠠᠭᠠᠴᠤ ᠡᠪᠦᠭᠡ ᠶᠢᠨ ᠨᠦᠮᠤᠷᠢ ᠳᠤ ᠲᠠᠬᠢᠨ | ᠲᠦᠷᠡᠯᠵᠡᠨ ᠡᠷᠳᠡᠨᠢᠴᠡᠴᠡᠭ᠂ ᠮᠦᠡᠭᠭᠦᠨᠴᠡᠴᠡᠭ ᠭᠡᠬᠦ ᠬᠤᠶᠠᠷ ᠬᠡᠤᠬᠡᠨ ᠬᠤᠶᠢᠨ᠎ᠠ ᠬᠤᠶᠢᠨ᠎ᠠ ᠠᠴᠠ ᠪᠠᠨ ᠵᠠᠶᠠᠭᠠᠵᠠᠢ᠃ | ᠦᠶ᠎ᠡ ᠲᠦᠯ ᠤᠨ ᠢᠶᠠᠨ ᠬᠠᠶᠢᠷ᠎ᠠ ᠳᠤ ᠡᠯᠢᠭᠡ ᠪᠦᠳᠤᠨ ᠠᠮᠢᠳᠤᠷᠠᠬᠤ ᠪᠤᠯᠤᠭᠰᠠᠨ ᠴᠢᠪᠠᠭ ᠡᠮᠡᠭᠡ ᠮᠢᠨᠢ ᠦᠷᠬᠦᠯᠵᠢ ︽ | ᠦᠶ᠎ᠡ ᠳᠡᠭᠡᠨ ᠰᠠᠶᠢᠬᠠᠨ︾ ᠭᠡᠳᠡᠭ ᠲᠠᠭᠤᠤ ᠶᠢ ᠰᠤᠨᠤᠰᠤᠭᠰᠠᠨ ᠪᠦᠬᠦᠨ ᠤ ᠵᠢᠷᠤᠭᠡ ᠰᠡᠤᠨᠬᠢᠯ ᠢ ᠤᠶᠠᠷᠠᠳᠠᠯ᠎ᠠ | ᠰᠠᠶᠢᠬᠠᠨ ᠲᠠᠭᠤᠯᠠᠳᠠᠭ ᠭᠡᠨ᠎ᠡ᠃ ᠲᠠᠭᠦᠨ ᠤ ᠤᠮᠪᠤᠯᠤ ᠤᠳ ᠤᠨ ᠬᠢᠨᠢ ᠬᠡᠯᠡᠬᠦ ᠪᠠᠷ ᠡᠨᠡ ᠲᠠᠭᠤᠤ ᠶᠢᠨ ᠵᠤᠬᠢᠶᠠᠭᠴᠢ ᠨᠢ | ᠲᠠᠷᠤᠢ ᠴᠢᠪᠠᠭ ᠡᠮᠡᠭᠡ ᠭᠡᠨ᠎ᠡ᠃ ᠤᠳᠤ ᠡᠨᠡ ᠲᠠᠭᠤᠤ ︽ᠲᠡᠭᠷᠢ ᠶᠢᠨ ᠰᠠᠯᠬᠢ︾ ᠭᠡᠬᠦ ᠨᠡᠷ᠎ᠡ ᠪᠠᠷ ᠵᠠᠯᠠᠶᠢᠤᠨ | ᠮᠤᠩᠭᠤᠤᠯᠴᠤᠤᠨ ᠴᠢᠨᠠᠭᠰᠢᠯᠡᠪᠡᠯ ᠪᠦᠬᠦ ᠦᠪᠤᠷ ᠮᠤᠩᠭᠤᠯᠴᠤᠤᠨ ᠤᠨ ᠲᠤᠮᠳᠠ ᠦᠷᠭᠡᠨ ᠢᠶᠠᠷ ᠤᠯᠠᠮᠵᠢᠯᠠᠭᠳᠠᠨ | ᠲᠠᠭᠤᠯᠠᠭᠳᠠᠵᠤ ᠪᠠᠶᠢᠨ᠎ᠠ᠃ ᠲᠡᠮᠡᠢ ᠤᠳᠠᠯ ᠦᠭᠡᠢ ᠨᠠᠭᠠᠴᠤ ᠡᠪᠦᠭᠡ ᠮᠢᠨᠢ ᠴᠤ ᠬᠢᠵᠢᠭ ᠡᠪᠡᠤᠡᠴᠢᠨ ᠢᠶᠠᠷ ᠡᠨᠡ | ᠶᠢᠷᠳᠢᠨᠴᠤ ᠠᠴᠠ ᠠᠩᠭᠢᠵᠢᠷᠡᠯᠡ᠃ ᠴᠢᠪᠠᠭ ᠡᠮᠡᠭᠡ ᠶᠢᠨ ᠮᠢᠨᠢ ᠪᠦᠰᠡᠬᠦᠢ ᠵᠢᠷᠤᠭᠡ ᠲᠠᠬᠢᠨᠳᠡ ᠰᠢᠷᠬᠠᠳᠤᠨ | ᠠᠮᠢᠳᠤᠷᠠᠯ ᠤᠨ ᠭᠡᠭᠡᠨ ᠲᠡᠭᠷᠢ ᠳᠤ ᠨᠢ ᠡᠬᠦᠯᠡ ᠮᠠᠨᠠᠨ ᠲᠠᠬᠢᠨ ᠪᠦᠷᠬᠦᠵᠡᠢ᠃ ᠲᠡᠭᠡᠭᠡᠤᠨ ᠯᠡ ᠴᠢᠪᠠᠭ ᠡᠮᠡᠭᠡ ᠮᠢᠨᠢ᠂ | ᠬᠡᠳᠤᠨ ᠦᠨᠤᠴᠢᠨ ᠬᠡᠤᠬᠡᠤᠨ ᠪᠡ ︽ᠦᠶ᠎ᠡ ᠳᠡᠭᠡᠨ ᠰᠠᠶᠢᠬᠠᠨ︾ ᠭᠡᠬᠦ ᠲᠠᠭᠤᠤ ᠲᠠᠢ ᠪᠠᠨ ᠬᠠᠮᠳᠤ ᠲᠡᠪᠴᠢᠶᠡᠷᠢ ᠶᠢᠨ | ᠬᠠᠳᠠᠭᠤ ᠠᠮᠢᠳᠤᠷᠠᠯ ᠤᠨ ᠪᠡᠷᠭᠡ ᠲᠠᠪᠠᠭ᠎ᠠ ᠨᠤᠭᠤᠳ ᠢ ᠪᠦᠰᠡᠬᠦᠢ ᠵᠤᠷᠢᠭ ᠢᠶᠠᠷ ᠲᠤᠭᠤᠯᠤᠨ᠂ ᠬᠦᠪᠡᠭᠦᠤᠨ | ᠦᠬᠢᠤᠨ ᠢᠶᠠᠨ ᠬᠦᠮᠤᠨ ᠤ ᠵᠡᠷᠭᠡ ᠳᠤ ᠬᠦᠷᠭᠡᠭᠡᠤᠨ ᠲᠡᠯᠡᠨ ᠬᠡᠳᠤᠳᠡᠢ ᠨᠠᠰᠤ ᠪᠠᠷᠠᠵᠠᠢ᠃ | ︽ᠲᠠᠭᠤᠯᠠᠵᠤ ᠰᠠᠭᠤᠭ᠎ᠠ ᠡᠵᠢ ᠶᠢᠨ ᠢᠶᠠᠨ ᠤᠬᠢᠯᠠᠬᠤ ᠶᠢ ᠦᠵᠡᠬᠦ ᠭᠡᠵᠤ | ᠲᠠᠭᠤᠤ ᠳᠤ ᠲᠡᠶᠢᠮᠤ ᠬᠦᠴᠤᠨ ᠰᠢᠩᠭᠡᠵᠤ ᠪᠠᠶᠢᠬᠤ ᠶᠢ ᠮᠡᠳᠡᠭᠡᠤᠨ | ᠲᠠᠭᠤᠤ ᠦᠪᠡᠷ ᠢᠶᠠᠨ ᠵᠤᠬᠢᠶᠠᠵᠤ ᠲᠠᠭᠤᠤ ᠲᠠᠢ ᠠᠮᠢᠳᠤᠷᠠᠬᠤ ᠶᠤᠮᠰᠠᠨ ᠶᠤᠮ ᠪᠢ | ᠲᠤᠤᠯᠢᠮ᠎ᠠ ᠬᠤᠷᠸ᠎ᠠ ᠳᠤ ᠲᠦᠷᠤᠭ᠍ᠰᠡᠨ ᠮᠢᠨᠢ ᠤᠴᠢᠷᠳᠠᠢ ᠁︾ ᠭᠡᠰᠡᠨ ᠮᠤᠩᠭᠤᠯ ᠤᠯᠤᠰ ᠤᠨ ᠰᠢᠯᠤᠭ᠍ᠴᠢ ᠪ᠊᠂ | ᠶᠠᠪᠤᠬᠤᠯᠬᠠᠭ᠌ ᠤᠨ ᠰᠢᠯᠤᠭ᠌ ᠤᠨ ᠡᠨᠡ ᠬᠡᠰᠡᠭ ᠢ ᠪᠢ ᠭᠡᠨᠡᠤᠡᠳᠡ ᠰᠠᠨᠠᠵᠤ ᠤᠯᠳᠠᠯ᠎ᠠ ᠡᠭᠡᠴᠢ ᠮᠢᠨᠢ ᠡᠬᠢᠯᠡᠭᠦᠯᠤᠭ᠍ᠰᠡᠨ | ᠪᠤᠯᠤᠯᠳᠠᠢ ᠮᠠᠨ ᠤ ᠬᠡᠳᠤᠭᠦᠯᠡ ᠬᠠᠮᠳᠤᠪᠡᠷ᠄ | ᠲᠡᠭᠷᠢ ᠶᠢᠨ ᠰᠠᠯᠬᠢ ᠨᠢ ᠲᠡᠭᠰᠢ ᠦᠭᠡᠢ | ᠲᠦᠷᠤᠭ᠍ᠰᠡᠨ ᠪᠡᠶ᠎ᠡ ᠮᠢᠨᠢ ᠮᠦᠡᠭᠭᠡᠷᠡᠰᠢ ᠦᠭᠡᠢ | ᠮᠦᠡᠭᠭᠡ ᠶᠢᠨ ᠷᠠᠰᠢᠶᠠᠨ ᠢ ᠬᠡᠨ ᠴᠢᠨᠢ ᠤᠤᠭᠤᠭᠰᠠᠨ | ᠮᠦᠨᠤᠭᠡᠨ ᠴᠢᠯᠤᠭᠡᠨ ᠳᠡᠭᠡᠨ ᠵᠢᠷᠭᠠᠶ᠎ᠠ ᠪᠢᠳᠡ | ᠤᠷᠴᠢᠯᠡᠩ ᠤᠨ ᠰᠠᠯᠬᠢ ᠨᠢ ᠤᠷᠮᠠᠰ ᠦᠭᠡᠢ | ᠤᠷᠴᠢᠯᠡᠩ ᠤᠨ ᠬᠦᠮᠤᠨ ᠴᠢᠨᠢ ᠮᠦᠡᠭᠭᠡᠷᠡᠰᠢ ᠦᠭᠡᠢ | ᠨᠡᠷᠡᠨ ᠳᠠᠭᠠᠨ ᠦᠵᠡᠬᠦᠯᠡᠢ ᠨᠠᠷᠬᠢᠮ᠎ᠠ ᠰᠠᠶᠢᠠᠬᠨ | ᠨᠠᠭᠠᠤᠡᠴᠤ ᠲᠤᠭᠯᠠᠬᠤ ᠳᠤ ᠦᠶ᠎ᠡ ᠳᠡᠭᠡᠨ ᠰᠠᠶᠢᠠᠬᠨ | ᠦᠶ᠎ᠡ ᠯᠡ ᠬᠡᠳᠡᠭ ᠴᠢᠨᠢ ᠡᠶᠢᠮᠤ ᠯᠡ ᠰᠠᠶᠢᠠᠬᠨ | ᠦᠷᠬᠦᠯᠵᠢᠳᠡ ᠬᠠᠮᠳᠤ ᠪᠠᠷ ᠵᠢᠷᠭᠠᠶ᠎ᠠ ᠪᠢᠳᠡ | ᠲᠤᠯᠢᠨ ᠳᠠᠭᠠᠨ ᠦᠵᠡᠬᠦ ᠳᠤ ᠲᠤᠳᠤᠷᠡᠮᠡ ᠰᠠᠶᠢᠬᠠᠨ | ᠲᠤᠭᠯᠠᠵᠤ ᠨᠠᠭᠠᠤᠡᠬᠤ ᠳᠤ ᠦᠶ᠎ᠡ ᠳᠡᠭᠡᠨ ᠰᠠᠶᠢᠠᠬᠨ ᠁ | ᠡᠭᠡᠴᠢ ᠪᠢᠳᠡ ᠬᠡᠳᠤᠭᠦᠯᠡ ᠡᠨᠡ ᠲᠠᠭᠤᠤ ᠶᠢ ᠬᠠᠷᠠᠬᠠᠨ ᠪᠠᠭ᠎ᠠ ᠠᠴᠠ ᠪᠠᠨ ᠡᠵᠢ ᠠᠴᠠ ᠪᠠᠨ ᠰᠤᠷᠴᠤ᠂ | ᠬᠠᠨᠭ᠍ᠭᠢᠨᠠᠮ᠎ᠠ ᠰᠠᠶᠢᠬᠠᠨ ᠲᠠᠭᠤᠯᠠᠳᠠᠭ ᠪᠤᠯᠪᠠᠴᠤ᠂ ᠡᠨᠡ ᠲᠠᠭᠤᠤ ᠳᠤ ᠡᠶᠢᠮᠤ ᠶᠡᠭᠡ ᠵᠢᠷᠤᠭᠡ ᠰᠡᠤᠨᠬᠢᠯ ᠢ | ᠡᠮᠵᠡᠭᠯᠡᠬᠦᠯᠤᠮᠡ ᠦᠯᠢᠭᠡᠷ ᠲᠠᠢ ᠪᠦᠭᠡᠤᠨ ᠬᠦᠮᠤᠨ᠂ ᠬᠡᠷᠡᠭ ᠤᠴᠢᠷ ᠪᠦᠬᠦᠨ ᠨᠢ ᠪᠢᠳᠡᠨ ᠤ ᠵᠢᠷᠤᠭᠡ ᠭᠤᠤᠯ ᠲᠠᠢ | ᠬᠤᠯᠪᠤᠵᠤ ᠪᠠᠶᠢᠭ᠎ᠠ ᠶᠢ ᠶᠠᠭ ᠮᠡᠳᠡᠭᠰᠡᠨ ᠦᠭᠡᠢ᠃ ᠲᠠᠭᠤᠤ ᠳᠤ ᠦᠨᠡᠭᠡᠷ ᠶᠠᠮᠠᠷ ᠨᠢᠭᠡᠨ ᠬᠦᠴᠤᠨ ᠴᠢᠳᠠᠯ ᠰᠢᠩᠭᠡᠵᠤ | ᠪᠠᠶᠢᠬᠤ ᠶᠢ ᠪᠢ ᠦᠨᠡᠭᠡᠷ ᠢᠳᠡᠭᠡᠯ᠎ᠡ᠃ | ᠲᠡᠷᠭᠡᠨ ᠲᠤᠳᠤᠷ᠎ᠡ ᠬᠡᠨᠡᠤᠡᠳ᠋ᠨ ᠨᠠᠮ ᠵᠢᠮ ᠪᠤᠯᠵᠤ᠂ ᠵᠦᠪᠬᠡᠨ ᠮᠡᠭᠰᠢᠨ ᠤᠬᠢᠯᠠᠬᠤ ᠲᠠᠭᠤᠨ ᠴᠢᠮᠡᠭᠡ ᠯᠡ | ᠰᠤᠨᠤᠰᠳᠠᠯ᠎ᠠ᠃ ᠪᠢ ᠰᠡᠮᠡᠭᠡᠷ ᠨᠢᠯᠪᠤᠰᠤ ᠪᠠᠨ ᠠᠷᠴᠢᠨ ᠠᠷᠤᠨᠰᠢ ᠡᠷᠬᠢᠨ ᠬᠠᠷᠠᠪᠡᠯ ᠡᠭᠡᠴᠢ ᠦᠬᠢᠨ ᠲᠡᠭᠦᠦ | ᠭᠤᠷᠪᠠᠭᠤᠯᠠ ᠬᠡᠳᠦ᠋ᠢᠨᠠᠢ ᠨᠢᠯᠪᠤᠰᠤᠨ ᠬᠦᠮᠤᠨ ᠪᠤᠯᠴᠢᠬᠠᠭᠠᠤᠨ ᠪᠠᠶᠢᠯ᠎ᠠ᠃ | ᠤᠭᠳᠠᠷᠭᠤᠢ ᠬᠦᠭᠡᠷᠡᠨ ᠴᠡᠩᠭᠡᠷᠯᠡᠭᠡᠤᠨ᠂ ᠰᠠᠯᠬᠢ ᠲᠤᠭᠳᠠᠰᠬᠢᠭᠰᠠᠨ ᠦᠨᠤᠳᠤᠷ ᠴᠤ ᠭᠡᠵᠤ ᠶᠤᠰᠤᠳᠠᠢ ᠰᠡᠤᠨᠬᠢᠯ | ᠤᠶᠠᠷᠠᠭᠠᠮᠠ ᠤᠷᠢᠬᠠᠨ ᠡᠳᠤᠷ ᠶᠤᠮᠰᠠᠨ᠃ ᠬᠦᠭᠵᠢᠯᠳᠤ ᠦᠷ᠎ᠡ ᠮᠠᠯᠵᠢᠯ ᠤᠨ ᠲᠠᠯᠠᠪᠠᠢ ᠶᠢᠨ ᠰᠠᠭᠤᠷᠢᠰᠢᠭ᠎ᠠ | ᠲᠠᠰᠢ ᠶᠢᠨ ᠠᠶᠢᠯ ᠤᠨ ᠡᠮᠤᠨ᠎ᠡ ᠬᠦᠷᠬᠦ ᠪᠠᠷ ᠡᠷᠳᠡᠨᠢᠴᠡᠴᠡᠭ᠂ ᠮᠦᠡᠭᠭᠦᠨᠴᠡᠴᠡᠭ ᠬᠤᠶᠠᠷ ᠠᠨᠢᠶ᠎ᠠ ᠶᠢᠨ ᠬᠡᠳᠤᠨ | ᠦᠬᠢᠤᠨ ᠮᠠᠨ ᠢ ᠤᠭᠳᠤᠨ ᠵᠤᠭᠰᠤᠵᠤ ᠪᠠᠶᠢᠯ᠎ᠠ᠃ ᠦᠨᠳᠡᠭᠡᠨ ᠬᠠᠴᠠᠷ ᠨᠢ ᠢᠯᠡᠤᠡᠳᠡ ᠡᠯᠪᠡᠭ᠂ ᠴᠢᠷᠠᠶᠢᠯᠢᠭ | ᠭᠤᠶᠤᠬᠠᠨ ᠡᠨᠡ ᠬᠡᠳᠤᠨ ᠪᠦᠰᠡᠬᠦᠢ ᠶᠢ ᠬᠠᠷᠠᠮᠠᠭᠴᠠ ᠮᠢᠨᠤ ᠲᠠᠷᠢᠬᠢᠨ ᠳᠤ ᠡᠵᠢ ᠶᠢᠨ ᠮᠢᠨᠢ ᠵᠠᠯᠠᠭᠤ ᠼᠡᠡᠳᠠᠨ | ᠦᠶ᠎ᠡ ᠶᠢᠨ ᠬᠢᠨᠢ ᠰᠠᠶᠢᠬᠠᠨ ᠲᠦᠷᠢ ᠲᠤᠳᠤᠷᠡᠯᠡ᠃ ᠠᠩᠬ᠎ᠠ ᠲᠠᠨᠢᠯᠴᠠᠮᠠᠭᠴᠠ ᠬᠠᠯᠠᠭᠤᠨ ᠲᠤᠯᠠᠭᠠᠨ ᠰᠠᠨᠠᠭᠳᠠᠳᠠᠭ | ᠤᠳᠤᠮ ᠴᠢᠰᠤᠨ ᠤ ᠬᠤᠯᠪᠤᠭ᠎ᠠ ᠬᠡᠮᠡᠭᠴᠢ ᠶᠠᠭᠠᠭᠢᠭᠰᠠᠨ ᠲᠤᠳᠤᠨᠤᠰᠤᠭ ᠪᠠᠶᠢᠳᠠᠭ ᠠᠵᠢ︕ | ᠪᠢᠳᠡ ᠤᠤᠯ ᠤᠨ ᠲᠦᠯᠤᠪᠯᠡᠭᠡ ᠪᠠᠷ ᠢᠶᠠᠨ ᠤᠷᠢᠳᠡᠪᠡᠷ ᠬᠦᠭᠵᠢᠯᠳᠤ ᠦᠷ᠎ᠡ ᠮᠠᠯᠵᠢᠯ ᠤᠨ ᠲᠠᠯᠠᠪᠠᠢ ᠶᠢᠨ ᠪᠠᠷᠠᠭᠤᠨ | ᠡᠮᠤᠨ᠎ᠡ ᠪᠠᠶᠢᠭ᠎ᠠ ᠰᠢᠬᠦᠷᠳᠠᠢ ᠠᠶᠢᠯ ᠳᠤ ᠬᠦᠷᠴᠤ ᠡᠷᠳᠡᠨᠢᠴᠡᠴᠡᠭ ᠠᠨᠢᠶ᠎ᠠ ᠳᠠᠭᠠᠨ ᠰᠦᠬᠦᠷᠡᠨ ᠵᠤᠯᠭᠠᠵᠤ ᠲᠠᠨᠢᠯᠴᠠᠯ᠎ᠠ᠃ | ᠡᠷᠳᠡᠨᠢᠴᠡᠴᠡᠭ ᠠᠨᠢᠶ᠎ᠠ ᠮᠢᠨᠢ ᠨᠢᠭᠡᠨᠳᠡ ᠲᠠᠯᠠᠨ ᠵᠢᠷᠭᠤᠭᠠᠨ ᠨᠠᠰᠤᠯᠠᠵᠤ᠂ ᠨᠠᠰᠤᠳᠠᠶᠢᠴᠤᠤᠯ ᠤᠨ ᠲᠦᠢᠷᠠᠩᠭᠢ | ᠡᠪᠡᠤᠡᠴᠢᠨ ᠳᠤ ᠨᠡᠷᠪᠡᠭᠳᠡᠨ᠂ ᠪᠢᠳᠡᠨ ᠲᠠᠢ ᠶᠠᠷᠢᠯᠴᠠᠵᠤ ᠴᠢᠳᠠᠬᠤ ᠪᠠᠨ ᠪᠤᠯᠴᠢᠬᠠᠯ᠎ᠠ᠃ ᠴᠤᠩᠭᠢᠭᠠᠷ ᠡᠯᠪᠡᠭ | ᠴᠢᠷᠠᠢ ᠲᠠᠢ ᠡᠨᠡ ᠨᠠᠰᠤᠳᠠᠨ ᠡᠭᠡ ᠲᠠᠢ ᠮᠢᠨᠢ ᠶᠠᠭᠠᠬᠢᠭᠰᠠᠨ ᠠᠳᠠᠯᠢ ᠪᠢᠯᠡ⁈ ᠪᠢᠳᠡ ᠰᠠᠶ᠋ᠢ ᠲᠠᠨᠢᠯᠴᠠᠭᠰᠠᠨ | ᠠᠨᠢᠶ᠎ᠠ ᠶᠢᠨ ᠢᠶᠠᠨ ᠭᠠᠷ ᠢ ᠪᠠᠷᠢᠨ ᠤᠬᠢᠯᠠᠬᠤ ᠳᠤ ᠴᠢᠷᠠᠢ ᠳᠤ ᠨᠢ ᠶᠠᠮᠠᠷ ᠴᠤ ᠬᠦᠳᠡᠯᠭᠡᠨ ᠦᠭᠡᠢ ᠪᠠᠶᠢᠭᠰᠠᠨ | ᠠᠨᠢᠶ᠎ᠠ ᠶᠢᠨ ᠬᠤᠶᠠᠷ ᠨᠢᠳᠤᠨ ᠠᠴᠠ ᠨᠢᠯᠪᠤᠰᠤ ᠪᠦᠮᠪᠦᠷᠢᠵᠤ ᠪᠠᠶᠢᠯ᠎ᠠ᠃ ᠬᠦᠮᠤᠨ ᠤ ᠲᠦᠷᠤᠯᠬᠢ ᠶᠢᠨ ᠴᠢᠳᠠᠪᠤᠷᠢ ᠶᠤᠮ | ᠤᠤ︖ ᠡᠰᠡᠬᠦᠯ᠎ᠡ ᠲᠡᠭᠦᠨ ᠤ ᠮᠡᠳᠡᠷᠡᠯ ᠳᠤ ᠶᠠᠮᠠᠷ ᠨᠢᠭᠡᠨ ᠰᠡᠳᠡᠯᠳᠡ ᠡᠬᠦᠰᠤᠭ᠍ᠰᠡᠨ ᠪᠤᠯᠤᠯᠳᠠᠢ᠃ ᠲᠠᠩᠴᠤ | ᠤᠷᠦ᠋ᠢᠳᠠᠵᠤ ᠢᠷᠡᠭᠰᠡᠨ ᠪᠦᠯᠤ ᠬᠡᠤᠬᠡᠤᠨ ᠢᠶᠠᠨ ᠠᠭᠤᠴᠢᠯᠠᠨ ᠪᠠᠭᠳᠠᠭᠠᠭᠰᠠᠨ ᠰᠡᠤᠨᠬᠢᠯ ᠤᠨ ᠢᠯᠡᠷᠡᠯ ᠴᠤ ᠪᠠᠶᠢᠵᠤ | ᠮᠡᠳᠡᠨ᠎ᠡ᠃ ᠠᠨᠢᠶ᠎ᠠ ᠮᠢᠨᠢ︕ ᠪᠢᠳᠡ ᠲᠤᠩ ᠬᠤᠵᠢᠭᠤ ᠤᠴᠠᠷᠠᠬᠤ ᠪᠠᠷ ᠢᠷᠡᠯ᠎ᠡ ᠭᠡᠵᠤ ᠪᠢ ᠲᠤᠳᠤᠷ᠎ᠡ ᠪᠠᠨ ᠰᠡᠮᠡᠭᠡᠷ | ᠬᠠᠷᠠᠮᠰᠡᠪᠡ᠃ | ᠪᠢᠳᠡ ᠲᠠᠬᠢᠨ ᠬᠦᠭᠵᠢᠯᠳᠤ ᠦᠷ᠎ᠡ ᠮᠠᠯᠵᠢᠯ ᠤᠨ ᠲᠠᠯᠠᠪᠠᠢ ᠳᠤ ᠪᠤᠴᠠᠨ ᠢᠷᠡᠵᠤ᠂ ᠲᠠᠰᠢ ᠶᠢᠨ ᠠᠶᠢᠯ ᠤᠨ | ᠬᠤᠶᠢᠳᠤ ᠵᠠᠬ᠎ᠠ ᠳᠤ ᠰᠠᠭᠤᠭ᠎ᠠ ᠮᠦᠩᠬᠦᠡᠴᠡᠴᠡᠭ ᠠᠨᠢᠶ᠎ᠠ ᠶᠢᠨ ᠬᠤᠶᠠᠳᠤᠭᠠᠷ ᠦᠬᠢᠨ ᠤ ᠳᠤ ᠨᠢ ᠢᠷᠡᠯ᠎ᠡ᠃ ᠲᠤᠰ | ᠠᠶᠢᠯ ᠳᠠᠭᠠᠨ ᠪᠦᠷ ᠬᠢᠯᠪᠠᠶᠢᠭᠰᠠᠨ ᠰᠠᠶᠢᠬᠠᠨ ᠸᠠᠭᠠᠷ ᠲᠤᠭᠤᠰᠬᠠᠨ ᠪᠠᠶᠢᠰᠢᠩ ᠲᠠᠢ ᠮᠦᠡᠭᠭᠦᠡᠴᠡᠴᠡᠭ ᠠᠨᠢᠶ᠎ᠠ ᠶᠢᠨ | ᠬᠡᠳᠤᠨ ᠬᠦᠤ ᠪᠡ ᠦᠭᠢᠤᠨ ᠨᠢ ᠪᠦᠷ ᠯᠡ ᠬᠤᠪᠢ ᠬᠤᠪᠢ ᠢᠶᠠᠷ ᠢᠶᠠᠨ ᠦᠡᠭ ᠰᠢᠮᠡᠯᠢᠭ ᠡᠪᠡᠰᠤ ᠪᠡᠯᠴᠢᠭᠡᠷ ᠲᠡᠭᠡᠨ | ᠨᠡᠭᠦᠳᠡᠯ ᠮᠠᠯᠵᠢᠯ ᠢᠶᠠᠨ ᠡᠷᠬᠢᠯᠡᠭᠰᠡᠭᠡᠷ ᠪᠠᠶᠢᠭ᠎ᠠ ᠪᠠᠶᠠᠨ ᠲᠠᠩᠰᠤᠭ ᠮᠠᠯᠴᠢᠤᠨ ᠪᠠᠶᠢᠭ᠎ᠠ ᠶᠤᠮ᠃ ᠮᠦᠡᠭᠭᠦᠡᠴᠡᠴᠡᠭ | ᠠᠨᠢᠶ᠎ᠠ ᠮᠢᠨᠢ ᠤᠤᠭᠠᠨ ᠬᠦᠤ ᠶᠢᠨ ᠢᠶᠠᠨ ᠤᠰᠤ ᠲᠠᠢ ᠪᠡᠯᠴᠢᠭᠡᠷ ᠬᠡᠬᠦ ᠮᠠᠯᠵᠢᠯ ᠤᠨ ᠲᠤᠪᠤ ︵ᠪᠠᠭᠤᠴᠠ︶ ᠠᠴᠠ | ᠲᠤᠰᠠᠬᠠᠶᠢᠯᠠᠨ ᠡ᠊ᠨᠳᠡ ᠢᠷᠡᠵᠤ ᠮᠠᠨ ᠢ ᠬᠦᠯᠢᠶᠡᠵᠤ ᠪᠠᠶᠢᠯ᠎ᠠ᠃ ᠰᠠᠷᠠᠭᠤᠯ ᠠᠭᠤᠵᠢᠮ ᠭᠤᠷᠪᠡᠨ ᠲᠠᠰᠤᠯᠭ᠎ᠠ ᠸᠠᠭᠠᠷ | ᠲᠤᠭᠤᠰᠬᠠᠨ ᠪᠠᠶᠢᠰᠢᠩ ᠲᠠᠢ ᠡᠨᠡ ᠠᠶᠢᠯ ᠳᠤ ᠶᠠᠮᠠᠷ ᠨᠢᠭᠡᠨ ᠪᠡᠶᠡᠷ ᠬᠤᠷᠢᠮ ᠪᠤᠯᠬᠤ ᠭᠡᠵᠤ ᠪᠠᠶᠢᠭ᠎ᠠ ᠰᠢᠭ᠋ ᠬᠦᠯ | ᠤᠶᠢᠮᠡᠭᠡᠨ ᠪᠤᠯᠵᠤ ᠪᠠᠶᠢᠯ᠎ᠠ᠃ | ᠭᠡᠷ ᠤᠨ ᠵᠡᠬᠦᠨ ᠲᠠᠰᠤᠯᠭ᠎ᠠ ᠳᠤ ᠤᠷᠤᠮᠠᠭᠴᠠ ᠪᠢᠳᠡ ᠲᠤᠯᠤᠭᠠᠢ ᠳᠠᠭᠠᠨ ᠶᠠᠭᠠᠨ ᠲᠤᠷᠭᠠᠨ ᠠᠯᠴᠢᠭᠤᠷ ᠤᠷᠢᠶᠠᠨ᠂ | ᠰᠠᠨᠴᠢᠭ ᠤᠨ ᠦᠰᠤ ᠨᠢ ᠴᠠᠶᠢᠭᠰᠠᠨ᠂ ᠡᠯᠪᠠᠩᠭᠡᠨ ᠡᠨᠡᠷᠢᠩᠭᠦᠢ ᠴᠢᠷᠠᠢ ᠲᠠᠢ᠂ ᠤᠯᠠᠪᠢᠷ ᠰᠢᠷ᠎ᠠ ᠡᠮᠵᠢᠶᠡᠷᠢ ᠲᠠᠢ | ᠨᠤᠭᠤᠭᠠᠨ ᠲᠤᠷᠭᠠᠨ ᠬᠠᠨᠵᠢᠶᠠᠷᠢ ᠡᠮᠤᠰᠤᠭ᠍ᠰᠡᠨ ᠲᠠᠯ᠎ᠠ ᠰᠢᠬᠠᠭᠤ ᠨᠠᠰᠤᠨ ᠤ ᠪᠦᠰᠡᠬᠦᠢ ᠪᠤᠯ ᠭᠠᠷᠴᠠᠭ᠎ᠠ ᠦᠭᠡᠢ | ᠮᠦᠩᠬᠦᠨᠴᠡᠴᠡᠭ ᠠᠨᠢᠶ᠎ᠠ ᠭᠡᠭᠴᠢ ᠶᠢ ᠲᠠᠨᠢᠯ᠎ᠠ᠃ ᠡᠭᠡᠴᠢ ᠪᠢᠳᠡ ᠲᠦᠷᠪᠡᠭᠦᠯᠡ᠂ ᠨᠢᠳᠤᠨ ᠳᠡᠭᠡᠨ ᠨᠢᠯᠪᠤᠰᠤ ᠲᠠᠢ᠂ | ᠰᠡᠤᠨᠬᠢᠯ ᠡᠪᠬᠡᠷᠤᠨ ᠮᠦᠩᠬᠦᠨᠴᠡᠴᠡᠭ ᠠᠨᠢᠶ᠎ᠠ ᠳᠠᠭᠠᠨ ᠮᠦᠷᠬᠦᠨ ᠵᠤᠯᠭᠠᠯ᠎ᠠ᠃ ᠠᠨᠢᠶ᠎ᠠ ᠮᠢᠨᠢ ᠪᠢᠳᠡᠨ ᠤ ᠮᠠᠩᠨᠠᠢ ᠲᠡᠭᠡᠷ᠎ᠡ | ᠨᠢᠭᠡ ᠨᠢᠭᠡ ᠪᠠᠷ ᠦᠨᠤᠰᠤᠨ ᠡᠭᠡᠷ ᠲᠡᠳᠡᠨ ᠤᠬᠢᠯᠠᠯ᠎ᠠ᠃ ᠲᠠᠯ᠎ᠠ ᠰᠢᠬᠠᠭᠠᠤᠨ ᠦᠪᠡᠷ ᠤᠨ ᠲᠦᠷᠤᠭ᠍ᠰᠡᠨ ᠪᠦᠯᠤ | ᠬᠡᠤᠬᠡᠤᠨ ᠲᠡᠭᠡᠨ ᠠᠩᠬ᠎ᠠ ᠲᠠᠨᠢᠭᠳᠠᠭᠰᠠᠨ ᠠᠨᠢᠶ᠎ᠠ ᠶᠢᠨ ᠨᠢᠯᠪᠤᠰᠤᠨ ᠳᠤ ᠬᠡᠴᠢᠨᠡᠨ ᠤᠯᠠᠨ ᠬᠢᠯᠢᠰᠳᠡᠯ ᠭᠤᠮᠤᠳᠠᠯ᠂ | ᠬᠦᠰᠡᠯ ᠮᠦᠷᠤᠭᠡᠳᠤᠯ᠂ ᠪᠠᠶᠠᠷ ᠲᠤᠭᠳᠤᠯᠤᠯ ᠰᠢᠩᠭᠡᠵᠤ ᠪᠠᠶᠢᠭ᠎ᠠ ᠶᠢ ᠪᠤᠤ ᠮᠡᠳᠡ᠃ | ᠮᠦᠩᠬᠦᠨᠴᠡᠴᠡᠭ ᠠᠨᠢᠶ᠎ᠠ ᠮᠢᠨᠢ ᠬᠡᠳᠤᠨ ᠡᠳᠤᠷ ᠤᠨ ᠡᠮᠤᠨ᠎ᠡ ᠦᠭᠡᠯᠠᠢ ᠬᠦᠦ ᠶᠢᠨ ᠢᠶᠠᠨ ᠤᠰᠤ ᠲᠠᠢ ᠪᠡᠯᠴᠢᠭᠡᠷ | ᠭᠡᠬᠦ ᠬᠤᠨᠢᠨ ᠲᠤᠪᠤ ᠠᠴᠠ ᠪᠦᠳᠦᠬᠦᠨ ᠢᠷᠭᠡ ᠲᠡᠭᠡᠭᠡᠵᠤ ᠢᠷᠡᠭᠡᠤᠨ ᠮᠠᠨ ᠢ ᠪᠠᠨ ᠲᠡᠰᠴᠤ ᠶᠠᠳᠠᠨ ᠬᠦᠯᠢᠶᠡᠵᠤ | ᠪᠠᠶᠢᠭᠰᠠᠨ ᠠᠵᠢ᠃ ᠨᠢᠭᠡᠯᠡ ᠴᠤᠤᠯ ᠭᠤᠤᠯ ᠠᠯᠤᠰᠯᠠᠭᠰᠠᠨ ᠤᠷᠤᠨ ᠵᠠᠢ ᠳᠤ ᠬᠡᠳᠤᠨ ᠠᠷᠪᠡᠨ ᠵᠢᠯ | ᠠᠮᠢᠳᠤᠷᠠᠬᠤ ᠳᠠᠭᠠᠨ ᠮᠢᠨᠤ ᠡᠵᠢ ᠠᠨᠢᠶ᠎ᠠ ᠨᠠᠷ ᠶᠠᠭᠤᠨ ᠳᠤ ᠠᠭᠤᠯᠵᠠᠨ ᠲᠠᠨᠢᠯᠴᠠᠵᠤ ᠶᠠᠪᠤᠯᠴᠠᠭᠰᠠᠨ ᠦᠭᠡᠢ ᠶᠠᠪᠤᠯ᠎ᠠ | ᠳ᠋ᠡ⁈ ᠴᠠᠭ ᠲᠦᠷᠤ ᠶᠢᠨ ᠬᠤᠪᠢᠰᠤᠯᠳᠠ ᠠᠴᠠ ᠪᠤᠯᠵᠤ᠂ ᠦᠪᠡᠷ ᠤᠨ ᠠᠶᠢᠮᠠᠭ ᠤᠭᠰᠠᠭ᠎ᠠ ᠶᠢᠨ ᠢᠶᠠᠨ ᠰᠤᠶᠤᠯ | ᠢᠷᠭᠡᠨᠰᠢᠯ ᠤᠨ ᠤᠬᠠᠮᠰᠠᠷ ᠰᠤᠯᠠᠷᠠᠵᠤ᠂ ᠦᠪᠡᠷ ᠢ ᠪᠠᠨ ᠨᠡᠭᠡᠯᠢ ᠬᠡᠤᠬᠡᠤᠨ ᠬᠡᠮᠡᠨ ᠢᠴᠢᠨ ᠭᠤᠳᠤᠷᠠᠵᠤ ᠠᠮᠢᠳᠤᠷᠠᠵᠤ | ᠢᠷᠡᠭᠰᠡᠨ ᠬᠤᠶᠠᠷ ᠠᠨᠢᠶ᠎ᠠ ᠮᠢᠨᠢ ᠦᠨᠡᠭᠡᠷ ᠬᠦᠭᠡᠷᠤᠬᠦ᠋ᠢᠯᠡᠯᠳᠡᠢ᠃ ᠨᠤᠳᠤᠭ ᠤᠨ ᠮᠤᠩᠭᠤᠯ ᠬᠦᠮᠤᠨ ᠤ ᠡᠷᠳᠡ | ᠲᠡᠭᠡᠳᠤ ᠠᠴᠠ ᠪᠠᠨ ᠤᠯᠠᠮᠵᠢᠯᠠᠵᠤ ᠢᠷᠡᠭᠰᠡᠨ ᠵᠠᠯᠭᠠᠮᠠᠯ ᠤᠷᠤᠭ ᠤᠨ ᠶᠤᠰᠤᠨ ᠢᠶᠠᠷ ᠡᠴᠢᠭᠡ ᠡᠭᠡ ᠪᠦᠷᠢᠨ ᠡᠨᠡ | ᠬᠤᠷᠸ᠎ᠠ ᠳᠤ ᠵᠠᠶᠠᠭᠠᠭᠰᠠᠨ ᠶᠤᠮ ᠳ᠋ᠡ᠃ | ᠢᠷᠭᠡ ᠶᠢᠨ ᠰᠢᠭᠦᠰᠤ ᠶᠢᠨ ᠲᠠᠶᠢᠯᠠᠯᠭ᠎ᠠ ᠡᠬᠢᠯᠡᠯ᠎ᠡ᠃ ᠨᠤᠳᠤᠭ ᠤᠨ ᠬᠦᠮᠤᠨ ᠤ ᠲᠠᠶᠢᠯᠠᠯᠭ᠎ᠠ ᠬᠡᠮᠡᠭᠴᠢ ᠶᠤᠰᠤᠳᠠᠢ | ᠲᠠᠭᠤᠤ ᠰᠢᠯᠤᠭ᠌ ᠤᠨ ᠨᠠᠶᠢᠷ ᠭᠡᠵᠤ ᠮᠡᠳᠡ᠃ ᠮᠤᠩᠭᠤᠯ ᠬᠦᠮᠤᠨ ᠤ ᠤᠶᠠᠷᠠᠭᠤᠨ ᠵᠢᠪᠬᠤᠭᠠᠯᠢᠭ᠂ ᠲᠡᠪᠴᠢᠶᠡᠷᠢ ᠶᠢᠨ | ᠬᠠᠳᠠᠭᠤ ᠠᠮᠢᠳᠤᠷᠠᠯ ᠲᠡᠮᠡᠴᠡᠯ ᠢ ᠤᠳᠤᠮ ᠲᠡᠮᠵᠢᠨ ᠤᠶᠠᠩᠭᠠᠯᠠᠵᠤ ᠢᠷᠡᠭᠰᠡᠨ ᠤᠷᠳᠤ ᠶᠢᠨ ᠲᠠᠭᠤᠤ ᠮᠢᠨᠢ︕ | ᠰᠠᠶ᠋ᠢᠬᠠᠨ ᠲᠠᠨᠢᠯᠴᠠᠭᠰᠠᠨ ᠪᠢᠳᠡ ᠪᠦᠬᠦᠨ ᠢ ᠲᠤᠤᠷ᠎ᠠ ᠪᠠᠨ ᠡᠷᠢᠭᠡ ᠴᠡᠭᠡᠷ ᠦᠭᠡᠢ ᠪᠤᠯᠭᠠᠴᠢᠬᠠᠯᠠ᠃ ᠡᠭᠡᠴᠢ ᠪᠢᠳᠡ | ᠲᠦᠷᠪᠡᠭᠦᠯᠡ ᠴᠤ ᠬᠠᠷᠠᠬᠠᠨ ᠪᠠᠭ᠎ᠠ ᠠᠴᠠ ᠡᠵᠢ ᠶᠢᠨ ᠨᠦᠯᠤᠭᠡ ᠪᠠᠷ ᠮᠤᠩᠭᠤᠯ ᠠᠷᠠᠤᠨ ᠤᠨ ᠲᠠᠭᠤᠤ ᠪᠠᠨ ᠨᠡᠯᠢᠶᠡᠤᠨ | ᠰᠠᠶᠢᠬᠠᠨ ᠲᠠᠭᠤᠯᠠᠴᠢᠬᠠᠳᠠᠭ ᠶᠤᠮ᠃ ᠪᠢᠳᠡ ᠮᠦᠩᠬᠦᠨᠴᠡᠴᠡᠭ ᠠᠨᠢᠶ᠎ᠠ ᠪᠠᠨ ᠲᠤᠭᠤᠷᠢᠨ ᠰᠡᠤᠨᠬᠢᠯ ᠢᠶᠠᠨ ᠠᠭᠤᠳᠠᠯᠯᠠᠨ | ᠰᠠᠷᠬᠤᠤᠨ ᠢᠶᠠᠨ ᠬᠦᠨᠳᠤᠷᠴᠤ᠂ ᠲᠠᠭᠤᠤ ᠪᠠᠨ ᠲᠠᠭᠤᠯᠠᠯ᠎ᠠ᠃ ᠲᠡᠭᠡᠵᠤ ᠪᠠᠶᠢᠳᠠᠯ᠎ᠠ ᠴᠢᠪᠠᠭ ᠡᠮᠡᠭᠡ ᠶᠢᠨ ᠲᠠᠭᠤᠯᠠᠭᠰᠠᠨ | ︽ᠦᠶ᠎ᠡ ᠳᠡᠭᠡᠨ ᠰᠠᠶᠢᠬᠠᠨ︾ ᠭᠡᠳᠡᠭ ᠲᠠᠭᠤᠤ ᠶᠢ ᠮᠦᠩᠬᠦᠨᠴᠡᠴᠡᠭ ᠠᠨᠢᠶ᠎ᠠ ᠮᠢᠨᠢ ᠨᠤᠳᠤᠭ ᠤᠨ ᠮᠤᠩᠭᠤᠯ ᠬᠡᠯᠡ ᠪᠠᠷ | ᠲᠠᠭᠤᠯᠠᠵᠤ ᠭᠠᠷᠤᠯ᠎ᠠ᠃ | ᠲᠡᠭᠷᠢ ᠶᠢᠨ ᠲᠠᠯᠬᠢ ︵ᠰᠠᠯᠬᠢ︶ ᠲᠡᠭᠰᠢ ᠦᠭᠡᠢ | ᠲᠦᠷᠤᠭ᠍ᠰᠡᠨ ᠪᠡᠶ᠎ᠡ ᠮᠢᠨᠢ ᠮᠦᠡᠭᠭᠡᠷᠡᠰᠢ ᠦᠭᠡᠢ | ᠮᠦᠡᠭᠭᠡ ᠶᠢᠨ ᠷᠠᠰᠢᠶᠠᠨ ᠢ ᠭᠡᠨ ᠱᠢᠨᠢ ︵ᠴᠢᠨᠢ︶ ᠤᠤᠭᠤᠭᠰᠠᠨ | ᠮᠦᠨᠤᠭᠡᠨ ᠱᠢᠯᠤᠭᠡᠨ ︵ᠴᠢᠯᠤᠭᠡᠨ︶ ᠳᠡᠭᠡᠨ ᠵᠢᠷᠭᠠᠶ᠎ᠠ ᠪᠢᠳᠡ | ᠤᠷᠱᠢᠯᠠᠩ ︵ᠤᠷᠴᠢᠯᠠᠩ︶ ᠤᠨ ᠲᠠᠯᠬᠢ ︵ᠰᠠᠯᠬᠢ︶ ᠱᠢᠨᠢ ︵ᠴᠢᠨᠢ︶ ᠤᠷᠮᠠᠰ ᠦᠭᠡᠢ | ᠤᠷᠱᠢᠯᠡᠩ ︵ᠤᠷᠴᠢᠯᠠᠩ︶ ᠤᠨ ᠬᠦᠮᠤᠨ ᠱᠢᠨᠢ ︵ᠴᠢᠨᠢ︶ ᠮᠦᠡᠭᠭᠡᠷᠡᠰᠢ ᠦᠭᠡᠢ | ᠨᠡᠷᠡᠨ ᠳᠠᠭᠠᠨ ᠦᠵᠡᠬᠦᠯᠡᠢ ᠨᠠᠷᠬᠢᠮ᠎ᠠ ᠲᠠᠶᠢᠬᠠᠨ ︵ᠰᠠᠶᠢᠠᠬᠨ︶ | ᠨᠠᠭᠠᠤᠡᠴᠤ ᠲᠤᠭᠯᠠᠬᠤ ᠳᠤ ᠦᠶ᠎ᠡ ᠳᠡᠭᠡᠨ ᠲᠠᠶᠢᠬᠠᠨ ︵ᠰᠠᠶᠢᠠᠬᠨ︶ | ᠦᠶ᠎ᠡ ᠯᠡ ᠬᠡᠳᠡᠭ ᠱᠢᠨᠢ ︵ᠴᠢᠨᠢ︶ ᠡᠶᠢᠮᠤ ᠯᠡ ᠲᠠᠶᠢᠬᠠᠨ ︵ᠰᠠᠶᠢᠠᠬᠨ︶ | ᠦᠷᠬᠦᠯᠵᠢᠳᠡ ᠬᠠᠮᠳᠤ ᠪᠠᠷ ᠵᠢᠷᠭᠠᠶ᠎ᠠ ᠪᠢᠳᠡ | ᠲᠤᠯᠢᠨ ᠳᠠᠭᠠᠨ ᠦᠵᠡᠬᠦᠯᠡᠢ ᠲᠤᠳᠤᠷᠡᠮᠡ ᠲᠠᠶᠢᠬᠠᠨ ︵ᠰᠠᠶᠢᠬᠠᠨ︶ | ᠲᠤᠭᠯᠠᠵᠤ ᠨᠠᠭᠠᠤᠡᠬᠤ ᠳᠤ ᠦᠶ᠎ᠡ ᠳᠡᠭᠡᠨ ᠲᠠᠶᠢᠬᠠᠨ ︵ᠰᠠᠶᠢᠠᠬᠨ︶ ᠁ | ᠮᠦᠩᠬᠦᠨᠴᠡᠴᠡᠭ ᠠᠨᠢᠶ᠎ᠠ ᠶᠢᠨ ᠨᠤᠳᠤᠭ ᠤᠨ ᠮᠤᠩᠭᠤᠯ ᠬᠦᠮᠤᠨ ᠤ ᠬᠡᠪ ᠨᠠᠮᠪᠡ ᠲᠠᠢ ᠲᠠᠭᠤᠯᠠᠭᠰᠠᠨ ᠡᠨᠡ | ᠰᠠᠶᠢᠬᠠᠨ ᠲᠠᠭᠤᠤ᠂ ᠨᠠᠮ᠎ᠠ ᠶᠢ ᠦᠪᠡᠷ ᠤᠨ ᠡᠷᠭᠡ ᠦᠭᠡᠢ ᠬᠡᠤᠬᠡᠤᠨ ᠦᠶ᠎ᠡ ᠳᠤ ᠲᠠᠳᠠᠨ ᠤᠷᠤᠭᠤᠯᠵᠤ᠂ ᠡᠵᠢ ᠮᠢᠨᠢ | ᠭᠡᠷ ᠲᠤ ᠰᠠᠭᠠᠳᠠᠭᠰᠠᠨ ᠠᠬᠠᠮᠠᠤᠨ ᠲᠤᠮᠤᠭᠠᠳᠠᠨ ᠳᠠᠭᠠᠨ ᠠᠷᠢᠬᠢ ᠪᠠᠷᠢᠵᠤ ︽ᠲᠡᠭᠷᠢ ᠶᠢᠨ ᠰᠠᠯᠬᠢ︾ ᠪᠠᠨ ᠵᠢᠷᠤᠭᠡ | ᠰᠡᠤᠨᠬᠢᠯ ᠢ ᠤᠶᠠᠷᠠᠳᠠᠯ᠎ᠠ ᠲᠠᠭᠤᠯᠠᠵᠤ ᠪᠠᠶᠢᠬᠤ ᠲᠦᠷᠢ᠂ ᠨᠢᠯᠪᠤᠰᠤ ᠵᠠᠶᠢᠷᠯᠠᠭᠰᠠᠨ ᠨᠢᠳᠤᠨ ᠳᠤ ᠪᠦᠷᠳᠤᠯᠵᠡᠬᠦ ᠰᠢᠭ | ᠪᠤᠯᠤᠯ᠎ᠠ᠃ | ᠮᠤᠩᠭᠤᠯ ᠬᠦᠮᠤᠨ ᠪᠤᠶᠤ ᠨᠡᠬᠦᠳᠡᠯᠴᠢᠨ ᠦᠨᠳᠤᠰᠤᠳᠡᠨ ᠤ ᠲᠡᠤᠭᠡ ᠶᠢ ᠴᠢᠰᠤᠨ ᠦᠨᠤᠷ ᠬᠠᠨᠭ᠍ᠬᠤᠯᠤᠭᠰᠠᠨ | ᠲᠡᠤᠭᠡ ᠭᠡᠵᠤ ᠬᠡᠯᠡᠬᠦ ᠶᠢᠨ ᠤᠷᠤᠨ ᠳᠤ᠂ ᠤᠷᠳᠤ ᠶᠢᠨ ᠲᠠᠭᠤᠤ ᠶᠢᠨ ᠤᠶᠠᠷᠠᠭᠤᠨ ᠵᠢᠪᠬᠤᠭᠠᠯᠢᠭ ᠠᠶ᠎ᠠ | ᠤᠶᠠᠩᠭᠠᠷᠠᠭᠰᠠᠨ ᠲᠡᠪᠴᠢᠶᠡᠷᠢ ᠶᠢᠨ ᠬᠠᠳᠠᠭᠤ ᠤᠷᠳᠤ ᠠᠶᠠᠨ ᠭᠡᠵᠤ ᠭᠡᠯᠡᠪᠡᠯ ᠨᠡᠩ ᠵᠤᠬᠢᠰᠳᠠᠢ ᠰᠢᠭ᠋᠃ ᠬᠤᠨᠢᠴᠢᠨ | ᠬᠡᠤᠬᠡᠨ ᠤ ᠭᠤᠨᠢᠭ ᠤᠶᠢᠤᠡᠬᠠᠷ᠂ ᠬᠤᠯᠠ ᠶᠢᠨ ᠨᠡᠬᠦᠳᠡᠯ ᠳᠤ ᠰᠠᠵᠢᠯᠠᠭᠰᠠᠨ ᠮᠠᠯᠴᠢᠨ ᠡᠷ᠎ᠡ ᠶᠢᠨ ᠵᠤᠪᠡᠯ ᠵᠢᠷᠭᠠᠯ᠂ | ᠭᠠᠯ ᠢᠶᠠᠨ ᠲᠤᠭᠤᠷᠢᠭᠰᠠᠨ ᠴᠡᠷᠢᠭ ᠡᠷ᠎ᠡ ᠶᠢᠨ ᠬᠦᠰᠡᠯ ᠮᠦᠷᠤᠭᠡᠳᠤᠯ ᠡᠨᠡ ᠪᠦᠬᠦᠨ᠂ ᠤᠷᠳᠤ ᠶᠢᠨ ᠲᠠᠭᠤᠤ ᠶᠢᠨ | ᠤᠶᠠᠷᠠᠮ᠎ᠠ ᠬᠦᠭ ᠠᠶᠠᠰ ᠲᠤ ᠪᠦᠪᠠᠶᠢᠯᠡᠭᠳᠡᠨ ᠲᠠᠶᠢᠯᠠᠭᠳᠠᠵᠤ ᠪᠠᠶᠢᠭᠰᠠᠨ ᠪᠢᠯᠢᠤ︕ ᠦᠶ᠎ᠡ ᠲᠦᠯ ᠤᠨ ᠢᠶᠠᠨ | ᠬᠠᠶᠢᠷ᠎ᠠ ᠪᠠᠷ ᠡᠷᠤᠭᠡ ᠭᠡᠷ ᠤᠨ ᠢᠶᠠᠨ ᠲᠤᠯᠭ᠎ᠠ ᠶᠢᠨ ᠭᠠᠯ ᠢ ᠦᠷᠬᠦᠯᠵᠢᠯᠡᠨ ᠲᠦᠷᠡᠯᠵᠡᠬᠦᠯᠤᠨ᠂ ᠦᠷ᠎ᠡ ᠠᠴᠢᠨᠡᠷ ᠢᠶᠠᠨ | ᠦᠶ᠎ᠡ ᠵᠠᠯᠭᠠᠭᠤᠯᠤᠨ᠂ ᠬᠦᠮᠤᠨ ᠤ ᠵᠡᠷᠭᠡ ᠳᠤ ᠬᠦᠷᠭᠡᠭᠰᠡᠨ ᠴᠢᠪᠠᠭ ᠡᠮᠡᠭᠡ ᠮᠢᠨᠢ︕ ︽ᠦᠶ᠎ᠡ ᠳᠡᠭᠡᠨ ᠰᠠᠶᠢᠬᠠᠨ︾ | ᠭᠡᠬᠦ ᠲᠠᠭᠤᠤ ᠶᠢᠨ ᠢᠶᠠᠨ ᠴᠢᠳᠠᠯ ᠬᠦᠴᠤᠨ ᠢᠶᠠᠷ ᠠᠮᠢᠳᠤᠷᠠᠨ ᠲᠡᠮᠡᠴᠡᠵᠤ ᠢᠷᠡᠭᠰᠡᠨ ᠭᠡᠵᠤ ᠬᠡᠯᠡᠬᠦ ᠳᠤ ᠠᠷᠠᠢ ᠬᠡᠳᠤᠷᠡᠮᠡᠷ | ᠦᠭᠡᠢ᠃ | ︽ᠦᠶ᠎ᠡ ᠳᠡᠭᠡᠨ ᠰᠠᠶᠢᠬᠠᠨ︾ ᠭᠡᠳᠡᠭ ᠡᠨᠡ ᠲᠠᠭᠤᠤ ᠴᠢᠪᠠᠭ ᠡᠮᠡᠭᠡ ᠠᠴᠠ ᠮᠢᠨᠤ ᠡᠵᠢ᠂ ᠮᠦᠩᠬᠦᠨᠴᠡᠴᠡᠭ | ᠠᠨᠢᠶ᠎ᠠ ᠶᠢ ᠲᠡᠮᠵᠢᠨ ᠮᠢᠨᠤ ᠡᠭᠡᠴᠢ ᠦᠬᠢᠨ ᠲᠡᠭᠦᠦ ᠨᠠᠷ ᠦᠶ᠎ᠡ ᠲᠡᠮᠵᠢᠨ ᠲᠠᠭᠤᠯᠠᠭᠰᠠᠭᠠᠷ ᠪᠠᠶᠢᠨ᠎ᠠ᠃ ᠮᠦᠨᠴᠤ ᠪᠦᠬᠦ | ᠦᠪᠤᠷ ᠮᠤᠩᠭᠤᠯᠴᠤᠤᠨ ᠲᠠᠭᠤᠯᠠᠭᠰᠠᠠᠭᠷ ᠯᠡ ᠪᠤᠢ᠃ ᠮᠢᠨᠤ ᠬᠤᠶᠠᠷ ᠬᠦᠤ ᠴᠤ ᠡᠨᠡ ᠲᠠᠭᠤᠤ ᠶᠢ ︽ᠲᠡᠭᠷᠢ ᠶᠢᠨ | ᠰᠠᠯᠬᠢ︾ ᠬᠡᠮᠡᠨ ᠬᠠᠨᠭ᠍ᠭᠢᠨᠠᠳᠠᠯ᠎ᠠ ᠲᠠᠭᠤᠯᠠᠵᠤ ᠴᠢᠳᠠᠨ᠎ᠠ᠃ ︽ᠦᠶ᠎ᠡ ᠳᠡᠭᠡᠨ ᠰᠠᠶᠢᠬᠠᠨ︾ ᠪᠤᠶᠤ ︽ᠲᠡᠭᠷᠢ ᠶᠢᠨ | ᠰᠠᠯᠬᠢ︾ ᠪᠠᠨ ᠦᠶ᠎ᠡ ᠶᠢᠨ ᠦᠶ᠎ᠡ ᠳᠡᠭᠡᠨ ᠲᠠᠭᠤᠯᠠᠵᠤ᠂ ᠦᠶ᠎ᠡ ᠶᠢᠨ ᠦᠶ᠎ᠡ ᠳᠡᠭᠡᠨ ᠰᠠᠶᠢᠬᠠᠨ ᠶᠠᠪᠤᠵᠠᠭᠠᠶ᠎ᠠ ᠪᠢᠳᠡ︕ | | ᠵᠤᠬᠢᠶᠠᠭᠴᠢ ᠶᠢᠨ ᠬᠠᠶ᠋ᠢᠭ᠄ ᠵᠠᠯᠠᠶᠢᠤᠨ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠡ |