ᠠᠪᠤ ᠶᠢᠨ ᠮᠢᠨᠢ ᠬᠠᠶᠢᠷᠠᠳᠠᠢ ᠱᠠᠷ
ᠨᠡᠶᠢᠲᠡᠯᠡᠭᠰᠡᠨ ᠴᠠᠭ᠄
2018-10-25
    ᠠᠪᠤ ᠶᠢᠨ ᠬᠠᠶᠢᠷᠠᠳᠠᠢ ᠬᠤᠶᠠᠷ ᠱᠠᠷ ᠢ ᠲᠤᠷᠠᠰᠬᠤ ᠪᠦᠭᠡᠳ ᠲᠡᠭᠦᠨ ᠤ ᠲᠤᠬᠠᠢ ᠶᠠᠭᠤᠮ᠎ᠠ ᠪᠢᠴᠢᠵᠤ ᠦᠯᠡᠳᠡᠭᠡᠬᠦ ᠭᠡᠳ ᠤᠨ ᠤᠳᠠᠴᠢᠬᠠᠯ᠎ᠠ᠃ ᠨᠠᠳᠠ ᠶᠢ ᠲᠤᠯᠤᠭᠠᠳᠠᠢ ᠵᠢᠯᠦᠨ ᠬᠠᠪᠤᠷ ᠰᠠᠨ᠃ ᠡᠵᠢ ᠶᠢᠨ ᠭᠠᠭ᠋ᠠᠢ ᠪᠤᠷᠳᠤᠨ ᠪᠠᠶᠢᠵᠤ ᠰᠤᠯᠢᠭᠰᠠᠨ ᠲᠠᠭ᠎ᠠ ᠲᠠᠢ ᠡᠯᠵᠢᠭᠡ ᠪᠠᠷ ᠠᠪᠦ ᠮᠢᠨᠢ ᠵᠡᠭᠦᠨ ᠭᠡᠷ ᠤᠨ ︽ᠬᠠᠷ᠎ᠠ ᠨᠠᠶᠢᠨᠠᠢ︾᠎ ᠶᠢᠨ ᠮᠤᠬᠤᠷ ᠤᠯᠠᠭᠠᠨ ᠦᠨᠢᠶ᠎ᠡ ᠶᠢ ᠠᠶᠢᠯ ᠰᠠᠭᠠᠬᠠᠯᠳᠠ ᠶᠢᠨ ᠨᠢᠭᠤᠷ ᠵᠢᠭᠠᠨ ᠪᠠᠶᠢᠵᠤ ᠭᠤᠶᠤᠭᠰᠠᠭᠠᠷ ᠲᠦᠩᠭᠡᠵᠢ ᠰᠤᠯᠢᠵᠤ ᠠᠪᠴᠢᠷᠠᠵᠠᠢ᠃ ᠲᠤᠬᠠᠢ ᠶᠢᠨ ᠦᠶ᠎ᠡ ᠳᠤ ᠮᠠᠨ ᠤ ᠠᠮᠠ ᠪᠦᠯᠢ ᠤᠯᠠᠨᠳᠠᠢ᠃ ᠵᠠᠮ ᠵᠠᠰᠠᠬᠤ ᠠᠩᠭᠢ ᠳᠤ ᠠᠵᠢᠯ ᠲᠠᠢ ᠪᠠᠶᠢᠭᠰᠠᠨ ᠠᠪᠤ ᠮᠠᠨᠢ ᠲᠦᠷᠪᠡᠨ ᠬᠡᠤᠬᠡᠨ ᠨᠢᠭᠡ ᠬᠦᠦ ᠲᠠᠢ ᠲᠤᠯᠤᠭᠠᠨ ᠠᠮᠠ ᠪᠦᠯᠢ ᠶᠢᠨ ᠠᠮᠢᠳᠤᠷᠠᠯ ᠤᠨ ᠭᠠᠴᠢᠭ ᠤᠨ ᠡᠷᠬᠡ ᠪᠠᠷ ᠠᠵᠢᠯ ᠠᠴᠠ ᠪᠠᠨ ᠠᠮᠠᠷᠠᠵᠤ ᠲᠠᠷᠢᠶᠠᠴᠢᠨ ᠪᠤᠯᠵᠠᠢ᠃ ᠲᠡᠷᠡ ᠦᠶ᠎ᠡ ᠶᠢᠨ ︽ᠲᠠᠷᠢᠶᠠᠴᠢᠨ ᠡᠷᠦᠬᠡ ᠪᠤᠰᠤ︾ ᠬᠡᠮᠡᠭᠰᠡᠨ ᠠᠶᠢᠯ ᠤᠨ ᠤᠳᠤᠷᠢᠳᠤᠯᠭ᠎ᠠ ᠶᠢᠨ ᠪᠤᠷᠤᠭᠤ ᠨᠢᠳᠤᠨ ᠲᠤᠤᠷ᠎ᠠ ᠡᠪᠦᠭᠡ᠂ ᠡᠮᠡᠭᠡ ᠭᠡᠬᠦ ᠠᠴᠠ ᠲᠤᠤᠷ᠎ᠠ ᠦᠭᠡᠢ ᠭᠤᠶᠤᠨ ᠲᠤᠰᠤᠨ ᠪᠠᠶᠢᠵᠤ ᠰᠠᠶ᠋ᠢ ᠨᠢᠭᠡ ᠬᠦᠭᠰᠢᠨ ᠬᠠᠯᠢᠭᠤᠨ ᠱᠠᠷ ᠤᠯᠤᠭᠠᠳ ᠠᠮᠢᠳᠤᠷᠠᠯ ᠢᠶᠠᠨ ᠠᠷᠭᠠᠴᠠᠵᠤ ᠪᠠᠶᠢᠭᠰᠠᠨ ᠶᠤᠮ ᠃ ᠬᠠᠯᠢᠭᠤᠨ ᠱᠠᠷ ᠭᠡᠵᠤ ᠤᠬᠠᠭᠠᠨ ᠲᠠᠢ ᠴᠦ ᠬᠦᠯᠭᠡ ᠪᠠᠶᠢᠯ᠎ᠠ᠃ ᠠᠪᠤ ᠶᠢᠨ ᠡᠵᠡᠬᠦᠢ ᠳᠤ ᠡᠵᠢ ᠮᠢᠨᠢ ᠬᠦᠳᠦᠯᠵᠤ ᠠᠪᠴᠢᠷᠠᠭᠠᠳ ᠪᠤᠭᠤᠯᠭ᠎ᠠ ᠶᠢ ᠨᠢ ᠡᠷᠭᠦᠭᠰᠡᠭᠡᠷ ᠲᠤᠭᠤᠯᠪᠤᠷᠢᠳᠠᠢ ᠨᠢ ᠠᠷᠭ᠎ᠠ ᠦᠭᠡᠢ ᠦᠪᠡᠷ ᠢᠶᠠᠨ ᠠᠷᠠᠯ ᠳᠤ ᠰᠢᠷᠭᠤᠴᠢᠬᠠᠳᠠᠭ ᠬᠠᠰᠢᠷ ᠤᠨᠤᠭ᠎ᠠ ᠰᠢᠤ᠃ ᠲᠡᠭᠡᠭᠡᠳ ᠯᠡ ᠡᠨᠡ ᠭᠡᠷ ᠤᠨ ᠬᠤᠶᠠᠳᠤᠭᠠᠷ ᠡᠷ᠎ᠡ ᠪᠦᠰᠡᠳᠡᠢ ᠬᠦᠮᠦᠨ ᠤ ᠪᠠᠶᠢᠷᠢ ᠪᠠᠷ ᠪᠢ ᠡᠵᠢ ᠲᠠᠢ ᠪᠠᠨ ᠬᠤᠶᠠᠭᠤᠯᠠ ᠬᠠᠯᠢᠭᠤᠨ ᠱᠠᠷ ᠢᠶᠠᠨ ᠬᠦᠯᠵᠤ ᠠᠪᠤ ᠶᠢᠨ ᠬᠠᠳᠤᠭᠰᠠᠨ ᠮᠠᠩᠬᠠᠨ ᠲᠠᠷᠢᠶ᠎ᠠ ᠶᠢ ᠨᠤᠳᠤᠭ ᠤᠨ ᠢᠶᠠᠨ ᠰᠢᠷ᠎ᠠ ᠵᠠᠮ ᠢᠶᠠᠷ ᠶᠠᠪᠤᠨ ᠪᠤᠴᠠᠨ ᠲᠡᠭᠡᠭᠡᠳᠡᠭ ᠮᠢᠨᠢ ᠲᠤᠷᠠᠰᠤᠯ ᠳᠤ ᠲᠤᠳᠤᠬᠠᠨ᠃ ᠬᠦᠮᠦᠨ ᠤᠨᠤᠭ᠎ᠠ ᠬᠤᠶᠠᠭᠤᠯᠠ ᠪᠠᠨ ᠲᠠᠰᠴᠢᠬᠠᠭᠰᠠᠭᠠᠷ ᠮᠦᠨ ᠰᠠᠶᠢᠬᠠᠨ ᠪᠠᠶᠢᠨ᠎ᠠ ᠳ᠋ᠠ᠃ ᠨᠠᠮᠤᠷ ᠤᠨ ᠶᠠᠭᠠᠷᠠᠯᠳᠠᠢ ᠡᠳᠦᠷ ᠤᠳ ᠲᠤ ᠬᠠᠷ᠎ᠠ ᠡᠷᠳᠡᠯᠡᠨ ᠲᠠᠷᠢᠶᠠᠨ ᠳᠤ ᠪᠠᠨ ᠭᠠᠷᠤᠭᠰᠠᠨ ᠡᠵᠢ ᠪᠢᠳᠡ ᠬᠤᠶᠠᠭᠤᠯᠠ ᠪᠠᠨ ᠲᠡᠭᠡᠭᠡᠰᠢ ᠪᠠᠨ ᠲᠦᠭᠦᠷᠭᠡᠭᠡᠳ ᠪᠤᠴᠠᠬᠤ ᠳᠤ ᠪᠠᠨ ᠴᠤᠬᠢᠯᠭ᠎ᠠ ᠵᠢᠭᠳᠡᠬᠡᠨ ᠠᠯᠬᠤᠯᠠᠬᠤ ᠬᠠᠯᠢᠭᠤᠨ ᠱᠠᠷ ᠤᠨ ᠲᠡᠷᠭᠡᠨ ᠤ ᠨᠠᠮᠬᠠᠨ ᠰᠠᠵᠢᠯᠠᠭᠠᠨ ᠳᠤ ᠲᠤᠭᠵᠢᠷᠠᠴᠢᠬᠠᠭᠰᠠᠨ ᠪᠠᠶᠢᠬᠤ ᠳᠤ ᠬᠠᠯᠢᠭᠤᠨ ᠱᠠᠷ ᠤᠨ ᠬᠦᠩᠭᠡᠭᠡᠨ ᠮᠦᠭᠡᠷᠡᠬᠦ ᠪᠠᠷ ᠨᠢ ᠰᠡᠷᠡᠬᠦ ᠳᠤ ᠦᠳᠦᠷᠮ᠎ᠡ ᠶᠢᠨ ᠡᠭᠦᠳᠡᠨ ᠳᠤ ᠬᠦᠷᠭᠡᠴᠢᠭᠡᠭᠰᠡᠨ ᠪᠠᠶᠢᠳᠠᠭ ᠰᠠᠨ᠃ ᠲᠡᠭᠡᠵᠤ ᠯᠡ ᠬᠠᠯᠢᠭᠤᠨ ᠱᠠᠷ ᠪᠢᠳᠡ ᠬᠤᠶᠠᠷ ᠵᠠᠪᠰᠠᠷ ᠦᠭᠡᠢ ᠰᠠᠶᠢᠬᠠᠨ ᠲᠠᠰᠤᠯᠴᠠᠵᠤ ᠲᠤᠳᠤᠨᠤ ᠬᠠᠨᠢ ᠪᠤᠯᠵᠠᠢ᠃ ᠨᠠᠮᠤᠷ ᠤᠨ ᠬᠤᠷᠢᠶᠠᠯᠳᠠ ᠪᠠᠭᠤᠵᠤ ᠠᠪᠤ ᠮᠢᠨᠢ ᠦᠯᠡᠭᠦᠦ ᠠᠮᠤ ᠪᠠᠨ ᠠᠮᠤ ᠪᠤᠳᠠᠭᠠᠨ ᠤ ᠦᠷᠳᠡᠭᠡᠨ ᠳᠤ ᠬᠦᠷᠭᠡᠵᠤ ᠮᠠᠨᠤᠰ ᠲᠤ ᠠᠪᠴᠢᠷᠠᠭᠰᠠᠨ ᠮᠠᠬᠤᠸᠠᠷ ᠢ ᠬᠦᠷᠳᠡᠯ᠎ᠡ ᠪᠢ ᠬᠠᠯᠢᠭᠤᠨ ᠱᠠᠷ ᠲᠠᠢ ᠪᠠᠨ ᠬᠤᠪᠢᠶᠠᠯᠴᠠᠳᠠᠭ ᠪᠠᠶᠢᠭᠰᠠᠨ᠃ ᠲᠡᠭᠡᠬᠦ ᠳᠤ ᠬᠦᠭᠡᠷᠦᠬᠦᠢ ᠬᠠᠯᠢᠭᠤᠨ ᠱᠠᠷ ᠮᠢᠨᠢ ︽ᠡᠭᠦᠨ ᠳᠤ ᠴᠢᠨᠢ ᠪᠢ ᠲᠤᠷ᠎ᠠ ᠦᠭᠡᠢ ᠰᠢᠤ︾ ᠭᠡᠬᠦ ᠰᠢᠤᠬᠠᠨ ᠨᠢᠳᠤ ᠭᠦᠯᠢᠭᠡᠨᠡᠭᠦᠯᠦᠨ ᠨᠠᠮ᠎ᠠ ᠶᠢ ᠰᠢᠷᠳᠡᠵᠤ ᠰᠢᠷᠦᠭᠦᠨ ᠬᠡᠯᠡ ᠪᠠᠷ ᠢᠶᠠᠨ ᠭᠠᠷ ᠢ ᠲᠤᠯᠢᠶᠠᠵᠤ ᠪᠠᠶᠢᠭᠰᠠᠨ ᠨᠢ ᠪᠠᠶᠠᠷᠯᠠᠭᠰᠠᠨ ᠰᠡᠳᠬᠢᠯ ᠢᠶᠠᠨ ᠢᠯᠡᠳᠬᠡᠵᠤ ᠪᠠᠶᠢᠭᠰᠠᠨ ᠴᠦ ᠪᠢᠯᠢᠦ ᠳ᠋ᠡ︕     ᠠᠮᠢᠳᠤᠷᠠᠯ ᠤᠨ ᠲᠡᠷᠡᠬᠦ ᠭᠠᠴᠢᠭ ᠵᠢᠯ ᠤᠳ ᠲᠤ ᠠᠪᠤ ᠱᠠᠷ ᠬᠤᠶᠠᠷ ᠠᠳᠠᠯᠢᠬᠠᠨ ᠵᠦᠳᠡᠷᠡᠭᠰᠡᠨ ᠪᠠᠶᠢᠯ᠎ᠠ᠃ ᠬᠠᠯᠢᠭᠤᠨ ᠱᠠᠷ ᠤᠨ ᠨᠠᠰᠤ ᠶᠠᠪᠤᠬᠤ ᠪᠠᠷ ᠵᠠᠯᠭᠠᠮᠵᠢ ᠬᠦᠯᠦᠰᠢᠨ ᠦᠬᠡᠷ ᠤᠯᠬᠤ ᠨᠢ ᠠᠪᠤ ᠶᠢᠨ ᠮᠢᠨᠢ ᠨᠦᠭᠦᠭᠡ ᠮᠤᠬᠤᠷ ᠤᠯᠠᠭᠠᠨ ᠢ ᠰᠤᠯᠢᠵᠤ ᠠᠪᠤᠭᠰᠠᠨ ᠤᠭ ᠰᠠᠨᠠᠭ᠎ᠠ ᠪᠠᠶᠢᠵᠤ ᠲᠠᠭᠠᠷᠠᠨ᠎ᠠ᠃ ᠮᠤᠬᠤᠷ ᠤᠯᠠᠭᠠᠨ ᠮᠠᠨ ᠤ ᠳᠤ ᠢᠷᠡᠭᠡᠳ ᠬᠤᠶᠢᠨ᠎ᠠ ᠬᠤᠶᠢᠨ᠎ᠠ ᠠᠴᠠ ᠨᠢ ᠢᠵᠢᠯᠬᠡᠨ ᠲᠠᠰ ᠬᠠᠷ᠎ᠠ ᠵᠢᠰᠤᠮ ᠤᠨ ᠬᠤᠶᠠᠷ ᠲᠤᠭᠤᠯ ᠲᠦᠷᠦᠵᠤ ᠦᠭᠭᠦᠭᠰᠡᠨ ᠪᠦᠭᠡᠳ ᠠᠪᠤ ᠴᠦ ᠬᠦᠦ ᠪᠠᠨ ᠳ᠋ᠦᠢᠯᠡᠨ᠎ᠡ ᠬᠡᠮᠡᠨ ᠨᠠᠳᠠ ᠲᠡᠭᠦᠦ ᠤᠯᠵᠤ ᠦᠭᠭᠦᠭᠰᠡᠨ ᠨᠢ ᠲᠤᠬᠠᠢ ᠶᠢᠨ ᠦᠶ᠎ᠡ ᠶᠢᠨ ᠮᠠᠨ ᠤ ᠨᠢᠭᠡ ᠭᠡᠷ ᠤᠨ ᠬᠢᠨ ᠤ ᠪᠦᠭᠡᠮ ᠪᠠᠶᠠᠷ ᠪᠤᠯᠵᠤ ᠪᠠᠶᠢᠵᠤ ᠳ᠋ᠠ᠃ ᠡᠨᠡ ᠨᠢ ᠬᠦᠦ ᠶᠢ ᠡᠷᠬᠢᠮᠯᠡᠵᠤ ᠬᠡᠤᠬᠡᠨ ᠢ ᠬᠦᠩᠭᠡᠪᠴᠢᠯᠡᠳᠡᠭ ᠨᠡᠶᠢᠭᠡᠮ ᠤᠨ ᠠᠬᠤᠢ ᠪᠠᠶᠢᠳᠠᠯ ᠲᠤᠤᠷ᠎ᠠ ᠠᠪᠤ ᠳᠤ ᠠᠪᠴᠤ ᠬᠡᠯᠡᠪᠡᠯ ᠬᠦᠯᠦᠰᠢᠨ ᠤ ᠬᠤᠶᠠᠷ ᠦᠬᠡᠷ ᠲᠠᠢ᠂ ᠬᠦᠰᠡᠯ ᠤᠨ ᠵᠦᠢᠷᠡᠢ ᠬᠦᠦ ᠲᠠᠢ ᠬᠦᠮᠦᠨ ᠠᠴᠠ ᠲᠡᠭᠡᠭᠦᠷ ᠨᠢᠷᠤᠭᠤ ᠭᠡᠳᠡᠭᠡᠷ ᠰᠠᠨᠠᠭᠳᠠᠵᠤ ᠬᠢᠵᠠᠭᠠᠯᠠᠰᠢ ᠦᠭᠡᠢ ᠰᠡᠳᠬᠢᠯ ᠤᠨ ᠦᠨᠳᠦᠷ ᠬᠠᠨᠤᠮᠵᠢ ᠤᠯᠵᠤ ᠪᠠᠶᠢᠭᠰᠠᠨ ᠨᠢ ᠲᠠᠭᠠᠮᠠᠭ ᠦᠭᠡᠢ ᠳ᠋ᠠ᠃     ᠬᠤᠶᠠᠷ ᠬᠠᠷ᠎ᠠ ᠱᠠᠷ ᠤᠨ ᠶᠡᠭᠡ ᠨᠢ ᠲᠡᠭᠦᠦ ᠠᠴᠠ ᠪᠠᠨ ᠶᠠᠯᠢᠮ ᠦᠭᠡᠢ ᠨᠠᠶᠢᠯᠵᠠᠭᠤᠷ ᠲᠤᠮᠤ ᠡᠷᠯᠢᠰᠡ ᠤᠨᠴᠠᠯᠢᠭ ᠲᠠᠢ ᠬᠦᠯᠡᠯᠭᠡ ᠳᠤ ᠨᠤᠮᠤᠬᠠᠨ ᠪᠠᠶᠢᠬᠤ ᠳᠤ ᠪᠠᠭ᠎ᠠ ᠨᠢ ᠬᠠᠷᠢᠨ ᠪᠡᠶ᠎ᠡ ᠪᠢᠯᠳᠠᠷ ᠬᠦᠳᠡᠷ ᠪᠤᠵᠠᠭᠠᠢ᠂ ᠬᠦᠵᠦᠭᠦᠦ ᠪᠦᠳᠦᠭᠦᠨ ᠰᠦᠷ ᠤᠮᠤᠭ ᠨᠢ ᠶᠡᠭᠡ ᠪᠠᠶᠢᠳᠠᠭ ᠠᠴᠠ ᠠᠪᠤ ᠮᠢᠨᠢ ᠶᠡᠭᠡ ᠪᠠᠷ ᠨᠢ ᠭᠠᠷ ᠤᠨ ᠦᠬᠡᠷ ᠪᠤᠯᠭᠠᠭᠰᠠᠨ ᠶᠤᠮ᠃ ᠲᠡᠪᠵᠢᠶᠡᠨ ᠶᠡᠬᠡᠳᠡᠢ ᠲᠡᠭᠡᠷ᠎ᠡ ᠵᠠᠭᠤᠨ ᠤ ᠨᠠᠶᠠᠭᠠᠳ ᠤᠨ ᠤ ᠨᠠᠷᠠ ᠶᠢ ᠠᠪᠤ ᠮᠢᠨᠢ ᠬᠠᠶᠢᠷᠠᠳᠠᠢ ᠬᠤᠶᠠᠷ ᠱᠠᠷ ᠤᠨ ᠢᠶᠠᠨ ᠬᠦᠵᠦᠭᠦᠦ ᠲᠡᠭᠡᠷ᠎ᠡ ᠠᠴᠠ ᠮᠠᠨᠳᠤᠭᠤᠯᠵᠤ ᠵᠢᠷᠭᠠᠭᠠᠵᠤ ᠬᠦᠰᠡᠯ ᠤᠨ ᠬᠤᠶᠠᠷ ᠬᠦᠦ ᠶᠢᠨ ᠢᠶᠠᠨ ᠵᠤᠯᠠᠢ ᠲᠡᠭᠡᠷ᠎ᠡ ᠲᠤᠭᠤᠰᠤ ᠲᠤᠷᠳᠤᠭ ᠦᠭᠡᠢ ᠲᠤᠯᠠᠯᠵᠠᠭᠤᠯᠵᠤ ᠶᠠᠪᠤᠭᠰᠠᠨ ᠪᠢᠯᠡ᠃ ᠪᠠᠷᠢᠭᠠᠳᠠ ᠨᠢᠭᠡᠳᠦᠯ ᠰᠠᠶᠢᠬᠠᠨ ᠵᠠᠳᠠᠷᠠᠭᠰᠠᠨ ᠤ ᠤᠴᠢᠷ ᠰᠡᠳᠬᠢᠯ ᠳᠤ ᠪᠠᠨ ᠲᠠᠭᠠᠷᠠᠭᠰᠠᠨ ᠨᠤᠮᠤᠬᠠᠨ ᠱᠠᠷ ᠤᠯᠬᠤ ᠭᠡᠵᠤ ᠨᠢᠭᠡ ᠳᠤ ᠪᠤᠶᠠᠨ ᠲᠦᠰᠢᠬᠦ ᠠᠳᠠᠯ᠎ᠠ ᠪᠠᠨ ᠡᠳ᠋ᠯᠡᠭᠡᠨ ᠤ ᠬᠦᠮᠦᠨ ᠤ ᠤᠷ᠎ᠠ ᠲᠡᠮ ᠤᠬᠠᠭᠠᠨ ᠲᠤᠷᠰᠢᠯᠭ᠎ᠠ ᠶᠢ ᠰᠤᠷᠢᠳᠠᠭ ᠬᠦᠴᠢᠷ ᠠᠵᠤ ᠪᠢᠯᠡ᠃ ᠠᠪᠤ ᠮᠢᠨᠢ ᠨᠤᠮᠤᠬᠤᠳᠬᠠᠭᠰᠠᠨ ᠬᠦᠯᠭᠡ ᠶᠢᠨ ᠬᠤᠶᠠᠷ ᠱᠠᠷ ᠲᠠᠢ ᠪᠠᠨ ᠨᠢᠭᠡ ᠦᠶ᠎ᠡ ᠠᠶᠢᠯ ᠤᠰᠤᠨ ᠳᠤ ᠪᠠᠨ ᠠᠯᠳᠠᠷ ᠮᠠᠨᠳᠤᠵᠤ ᠠᠮᠤ ᠬᠤᠷᠢᠶᠠᠯᠳᠠ ᠪᠠᠷ ᠦᠵᠦᠭᠦᠷᠯᠡᠵᠤ ᠶᠠᠪᠤᠭᠰᠠᠨ ᠰᠠᠨ᠃     ᠬᠤᠶᠠᠳᠤᠭᠠᠷ ᠲᠠᠩᠨᠠᠭᠤᠷ ᠤᠨ ᠦᠶ᠎ᠡ ᠪᠠ ᠤᠷᠤᠢ ᠲᠠᠷᠢᠶ᠎ᠠ ᠲᠠᠷᠢᠬᠤ ᠦᠶ᠎ᠡ ᠪᠤᠯ ᠬᠦᠯᠭᠡᠨ ᠤ ᠬᠦᠮᠦᠨ ᠤ ᠬᠠᠮᠤᠭ ᠬᠠᠳᠠᠭᠤᠵᠢᠯᠳᠠᠢ ᠴᠠᠭ ᠮᠦᠨ᠃ ᠲᠡᠷᠡ ᠦᠶ᠎ᠡ ᠳᠤ ᠮᠠᠨ ᠤ ᠨᠤᠳᠤᠭ ᠲᠤ ᠮᠤᠷᠢ ᠶᠢ ᠠᠨᠵᠢᠰᠤᠨ ᠳᠤ ᠬᠡᠷᠡᠭᠯᠡᠳᠡᠭ ᠦᠭᠡᠢ ᠪᠠᠶᠢᠭᠰᠠᠨ ᠶᠤᠮ᠃ ᠱᠠᠷ ᠭᠡᠳᠡᠭ ᠴᠢᠨᠢ ᠵᠤᠨ ᠤ ᠦᠳᠡ ᠶᠢᠨ ᠬᠠᠯᠠᠭᠤᠨ ᠳᠤ ᠢᠯᠠᠭᠠᠳᠠᠭᠠᠳ ᠪᠤᠯᠳᠠᠭ ᠦᠭᠡᠢ ᠲᠤᠭᠰᠢᠷᠠᠳᠠᠭ ᠤᠴᠢᠷ ᠲᠠᠩᠨᠠᠭᠤᠷ ᠤᠨ ᠬᠦᠮᠦᠨ ᠬᠦᠯᠭᠡ ᠲᠠᠢ ᠪᠠᠨ ᠡᠷᠳᠡ ᠶᠢᠨ ᠰᠢᠭᠦᠳᠡᠷᠢ ᠪᠠᠭᠤᠬᠤ ᠦᠶ᠎ᠡ ᠪᠠᠷ ᠰᠡᠷᠢᠭᠦᠨ ᠴᠠᠭ ᠢ ᠠᠮᠵᠢᠵᠤ ᠠᠵᠢᠯ ᠳᠤ ᠪᠠᠨ ᠭᠠᠷᠳᠠᠭ ᠶᠤᠮ᠃ ᠡᠪᠡᠰᠦᠨ ᠨᠠᠮᠠᠭ᠎ᠠ ᠤᠶᠠᠷᠠᠳᠠᠯ᠎ᠠ ᠰᠢᠭᠦᠳᠡᠷᠢ ᠪᠠᠭᠤᠳᠠᠭ ᠵᠤᠨ ᠤ ᠴᠯᠮᠡᠭ ᠦᠷᠯᠦᠭᠡ ᠨᠠᠳᠠ ᠶᠢ ᠬᠠᠨᠳᠠᠯ᠎ᠠ ᠪᠠᠨ ᠤᠨᠳᠠᠵᠤ ᠰᠡᠷᠡᠭᠡᠳ ᠡᠵᠢ ᠲᠠᠢ ᠪᠠᠨ ᠬᠤᠶᠠᠭᠤᠯᠠ ᠡᠷᠳᠡᠯᠡᠨ ᠭᠠᠷᠤᠭᠰᠠᠨ ᠠᠪᠤ ᠳᠤ ᠪᠠᠨ ᠬᠦᠨᠡᠰᠤ ᠬᠦᠷᠭᠡᠵᠤ ᠤᠴᠢᠬᠤ ᠪᠠᠷ ᠨᠢ ᠠᠪᠤ ᠮᠢᠨᠢ ᠰᠠᠭᠠᠭ ᠤᠨ ᠵᠤᠷᠬ᠎ᠠ ᠪᠠᠨ ᠲᠠᠳᠠᠭᠠᠳ ᠪᠠᠷᠠᠴᠢᠬᠠᠭᠰᠠᠨ ᠱᠠᠷ ᠢᠶᠠᠨ ᠠᠮᠠᠷᠠᠭᠤᠯᠤᠨ ᠬᠦᠯᠢᠶᠡᠵᠤ ᠪᠠᠶᠢᠳᠠᠭ᠃ ᠤᠳᠤ ᠪᠢ ᠡᠷᠳᠡ ᠶᠢᠨ ᠰᠢᠭᠦᠳᠡᠷᠢ ᠳᠤ ᠤᠶᠠᠰᠤᠨ ᠴᠡᠯᠮᠡᠬᠦ ᠨᠤᠳᠤᠭ ᠤᠨ ᠮᠢᠨᠢ ᠠᠭᠠᠷ ᠰᠠᠯᠬᠢᠨ᠂ ᠡᠷᠬᠢᠨ ᠲᠤᠭᠤᠷᠢᠨ ᠳᠤ ᠨᠢᠳᠤ ᠰᠡᠷᠭᠦᠭᠡᠨ ᠢᠳᠡ ᠤᠷᠭᠤᠬᠤ ᠡᠷᠳᠡ ᠶᠢᠨ ᠲᠠᠷᠢᠶ᠎ᠠ᠂ ᠰᠢᠮᠡᠳᠤ ᠪᠡᠯᠴᠢᠭᠡᠷ᠂ ᠭᠠᠯ ᠤᠯᠠᠭᠠᠨ ᠰᠠᠷᠠᠯᠠᠩ᠂ ᠬᠦᠨ ᠬᠦᠬᠡ ᠪᠦᠷᠢᠴᠡᠴᠡᠭ ︵ᠬᠠᠳᠠᠮ ᠡᠵᠢ ᠪᠠᠨ ᠭᠦᠯᠦ᠋ᠢᠭᠰᠡᠨ ᠬᠤᠸᠠᠷ︶᠂ ᠮᠠᠩᠭᠢᠷ ᠲᠠᠭᠠᠨ᠎ᠠ ᠬᠢᠶᠠᠭ ᠬᠡᠷᠰᠡ ᠶᠢᠨ ᠲᠤᠮᠳᠠ ᠲᠠᠶᠢᠪᠤᠩ ᠢᠳᠡᠰᠢᠯᠡᠬᠦ ᠬᠠᠷ᠎ᠠ ᠱᠠᠷ᠂ ᠦᠷᠦᠮ᠎ᠡ ᠲᠠᠢ ᠬᠤᠭᠤᠯᠠ ᠪᠠᠨ ᠠᠮᠳᠠᠳᠠᠶᠢᠬᠠᠨ ᠵᠠᠵᠢᠯᠠᠬᠤ ᠠᠪᠤ ᠶᠢᠨ ᠮᠢᠨᠢ ᠮᠦᠰᠢᠶᠡᠳᠤ ᠲᠠᠢ ᠴᠢᠷᠠᠢ᠂ ᠡᠵᠢ ᠶᠢᠨ ᠮᠢᠨᠢ ᠬᠦᠷ ᠲᠠᠢ ᠶᠠᠷᠢᠶ᠎ᠠ ᠲᠡᠷᠡ ᠪᠦᠬᠦᠨ ᠢᠶᠠᠷ ᠢᠶᠠᠨ ᠪᠠᠯᠴᠢᠷ ᠪᠠᠭ᠎ᠠ ᠨᠠᠰᠤᠨ ᠤ ᠮᠢᠨᠢ ᠬᠠᠮᠤᠭ ᠤᠨ ᠪᠠᠶᠠᠷ ᠵᠢᠷᠭᠠᠯ ᠲᠠᠢ ᠪᠦᠭᠡᠳ ᠡᠨᠡ ᠨᠠᠰᠤᠨ ᠳᠤ ᠠᠬᠢᠭᠠᠳ ᠤᠯᠳᠠᠰᠢ ᠦᠭᠡᠢ ᠰᠠᠶᠢᠬᠠᠨ ᠴᠠᠭ ᠮᠦᠴᠡ ᠪᠠᠶᠢᠯ᠎ᠠ ᠬᠡᠮᠡᠨ ᠦᠪᠡᠷ ᠤᠨ ᠡᠷᠬᠡ ᠦᠭᠡᠢ ᠰᠡᠳᠬᠢᠯ ᠵᠢᠷᠦᠬᠡ ᠪᠠᠷ ᠢᠶᠠᠨ ᠲᠤᠷᠠᠰᠤᠨ ᠰᠠᠭᠤᠨᠠᠮ︕     ᠨᠠᠰᠤ ᠵᠢᠯ ᠤᠨ ᠨᠡᠮᠡᠭᠳᠡᠬᠦ ᠶᠢ ᠲᠠᠭᠠᠯᠳᠤᠨ ᠪᠢ ᠠᠪᠤ ᠪᠠᠨ ᠤᠷᠤᠯᠠᠨ ᠬᠠᠶᠠ ᠠᠨᠵᠢᠰᠤ ᠪᠠᠷᠢᠨ ᠬᠠᠷ᠎ᠠ ᠱᠠᠷ ᠢᠶᠠᠨ ᠮᠠᠨᠠᠳᠠᠭ ᠪᠤᠯᠤᠭᠰᠠᠨ ᠶᠤᠮ᠃ ᠮᠠᠨᠠᠨ᠎ᠠ ᠴᠦ ᠭᠡᠵᠤ ᠳ᠋ᠠ᠂ ᠲᠡᠷᠡ ᠦᠶ᠎ᠡ ᠳᠤ ᠮᠢᠨᠤ ᠨᠤᠳᠤᠭ ᠲᠤ ᠬᠤᠯᠠᠭᠠᠶᠢᠴᠢ ᠲᠡᠭᠡᠷᠡᠮ ᠭᠡᠵᠤ ᠪᠠᠶᠢᠳᠠᠭ ᠦᠬᠡᠢ ᠲᠤᠭᠤᠢ ᠯᠡ ᠪᠤᠰᠤᠳ ᠤᠨ ᠲᠠᠷᠢᠶ᠎ᠠ ᠶᠢ ᠰᠦᠢᠳᠬᠡᠬᠦ ᠠᠴᠠ ᠬᠢᠴᠢᠶᠡᠭᠰᠡᠨ ᠲᠡᠳᠦᠢ᠃ ᠲᠡᠭᠡᠭᠡᠳ ᠯᠡ ᠪᠢ ᠴᠢᠨᠢ ᠬᠠᠷ᠎ᠠ ᠱᠠᠷ ᠢᠶᠠᠨ ᠮᠠᠨᠠᠵᠤ ︽ᠬᠠᠢ ᠪᠤᠤ ᠬᠤᠭᠤᠷᠴᠢ︾᠎ ᠪᠠᠨ ᠲᠠᠭᠤᠷᠢᠶᠠᠵᠤ ᠪᠠᠶᠢᠭᠠᠯᠢ ᠶᠢᠨ ᠮᠢᠩᠭᠠᠨ ᠰᠢᠪᠠᠭᠤᠳ ᠲᠠᠢ ᠪᠠᠨ ᠬᠤᠭᠤᠯᠠᠢ ᠲᠡᠩᠨᠡᠭᠦᠯᠦᠨ ᠵᠢᠷᠬᠢᠵᠤ ᠬᠡᠤᠬᠡᠳ ᠨᠠᠰᠤ ᠪᠠᠨ ᠰᠠᠭᠠᠳᠠᠭᠤᠯᠤᠨ ᠦᠩᠭᠡᠷᠡᠭᠡᠭᠰᠡᠨ ᠰᠠᠨ᠃ ᠤᠳᠠᠭᠠᠨ ᠳᠤ ᠪᠠᠨ ᠪᠢ ᠬᠦᠯᠭᠡᠨ ᠤ ᠱᠠᠷ ᠬᠦᠨᠡᠢ ᠲᠠᠷᠢᠶ᠎ᠠ ᠶᠢ ᠰᠦᠢᠳᠭᠡᠳᠡᠭ ᠦᠭᠡᠢ ᠶᠢ ᠮᠡᠳᠡᠭᠰᠡᠨ᠃ ᠦᠷᠯᠦᠭᠡ ᠡᠷᠳᠡ ᠱᠠᠷ ᠢᠶᠠᠨ ᠪᠠᠷᠢᠶᠠᠯᠠᠬᠤ ᠪᠠᠷ ᠭᠠᠷᠬᠤ ᠳᠤ ᠪᠠᠨ ︽ᠦᠬᠡᠷ ᠭᠡᠭᠴᠢ ᠠᠮᠢᠳᠠᠨ ᠪᠡᠯᠴᠢᠭᠡᠷ ᠤᠰᠤᠨ ᠤ ᠦᠨᠦᠷ ᠠᠪᠴᠤ ᠰᠠᠯᠬᠢ ᠦᠭᠰᠦᠵᠤ ᠪᠡᠯᠴᠢᠳᠡᠭ︾ ᠭᠡᠰᠡᠨ ᠠᠪᠤ ᠶᠢᠨ ᠵᠠᠬᠢᠶ᠎ᠠ ᠶᠤᠰᠤᠭᠠᠷ ᠰᠠᠯᠬᠢᠨ ᠴᠢᠭᠯᠡᠯ ᠰᠢᠨᠵᠢᠵᠤ ᠲᠠᠭᠠᠮᠠᠭᠯᠠᠭᠰᠠᠭᠠᠷ ᠤᠴᠢᠬᠤ ᠳᠤ ᠪᠤᠳᠤᠭᠰᠠᠨ ᠠᠴᠠ ᠭᠠᠷᠳᠠᠭ ᠦᠭᠡᠢ ︽ᠭᠠᠩᠷᠠᠶᠢᠮ᠎ᠠ ᠶᠢᠨ ᠦᠨᠳᠦᠷ︾ ᠪᠢᠰᠢ ᠪᠤᠯ ︽ᠬᠤᠶᠠᠷ ᠤᠩᠭᠤᠨ ᠤ ᠲᠠᠯ᠎ᠠ︾ ᠮᠡᠳᠤᠴᠢᠯᠠᠨ ᠭᠠᠵᠠᠷ ᠲᠤ ᠪᠠᠨ ᠨᠠᠮᠬᠠᠨ ᠬᠢᠪᠢᠵᠤ ᠬᠡᠪᠳᠡᠵᠤ ᠪᠠᠶᠢᠳᠠᠭ ᠪᠦᠭᠡᠳ ᠪᠢᠴᠢᠬᠠᠨ ᠡᠵᠡᠨ ᠨᠠᠳᠠ ᠪᠠᠨ ᠦᠵᠡᠪᠡᠯ ᠬᠦᠩᠭᠡᠬᠡᠨ ᠮᠦᠭᠡᠷᠦᠭᠰᠡᠭᠡᠷ ᠪᠡᠶ᠎ᠡ ᠪᠠᠨ ᠰᠢᠯᠭᠡᠭᠡᠨ ᠪᠤᠰᠴᠤ ᠨᠠᠯᠠᠨ ᠢᠷᠡᠵᠤ ᠪᠠᠷᠢᠶ᠎ᠠ ᠪᠠᠨ ᠬᠦᠯᠢᠶᠡᠵᠤ ᠪᠠᠶᠢᠭᠰᠠᠨ ᠨᠢ ᠤᠳᠤ ᠮᠦᠨ ᠲᠤᠳᠤᠬᠠᠨ ᠳ᠋ᠠ᠃     ᠲᠤᠮᠳᠠᠳᠤ ᠰᠤᠷᠭᠠᠭᠤᠯᠢ ᠳᠤ ᠲᠠᠪᠰᠢᠭᠰᠠᠨ ᠵᠢᠯ ᠠᠴᠠ ᠡᠬᠢᠯᠡᠨ ᠠᠪᠤ ᠮᠢᠨᠢ ᠨᠠᠳᠠ ᠶᠢ ᠬᠦᠯᠭᠡ ᠶᠢᠨ ᠬᠤᠶᠠᠷ ᠱᠠᠷ ᠲᠠᠢ ᠪᠠᠨ ᠬᠠᠪᠢᠳᠠᠭᠤᠯᠬᠤ ᠪᠠᠨ ᠪᠠᠶᠢᠭᠰᠠᠨ ᠨᠢ ᠴᠦ ᠤᠴᠢᠷᠳᠠᠢ ᠪᠠᠶᠢᠵᠠᠢ᠃ ︽ᠵᠠ᠂ ᠴᠢ ᠴᠦ ᠡᠨᠡ ᠲᠠᠷᠢᠶᠠᠨ ᠠᠵᠢᠯ ᠢ ᠬᠢᠵᠤ ᠲᠡᠶᠢᠯᠬᠦ ᠬᠦᠮᠦᠨ ᠪᠢᠰᠢ︾ ᠭᠡᠵᠤ ᠲᠦᠩᠭᠡᠵᠢ ᠠᠷᠪᠠᠳᠠᠢ ᠲᠡᠭᠦᠦ ᠳᠤ ᠮᠢᠨᠢ ᠱᠠᠷ ᠮᠠᠨᠠᠬᠤ ᠠᠨᠵᠢᠰᠤ ᠪᠠᠷᠢᠬᠤ ᠡᠭᠦᠷᠭᠡ ᠶᠢ ᠲᠤᠰᠢᠶᠠᠭᠠᠳ ᠨᠠᠳᠠ ᠶᠢ ᠰᠤᠷᠭᠠᠭᠤᠯᠢ ᠶᠢᠨ ᠬᠦᠷᠢᠶ᠎ᠡ ᠵᠦᠭ ᠬᠦᠭᠡᠭᠡᠳᠡᠭ ᠪᠤᠯᠤᠭᠰᠠᠨ ᠨᠢ ᠬᠤᠵᠢᠮ ᠤᠨ ᠭᠡᠷ ᠪᠦᠯᠢ ᠶᠢᠨ ︽ᠶᠡᠭᠡ ᠵᠠᠰᠠᠭ︾᠎ ᠢᠶᠠᠨ ᠴᠡᠭᠴᠡᠯᠡᠵᠤ ᠡᠬᠢᠯᠡᠭᠰᠡᠨ ᠪᠠᠶᠢᠵᠤ ᠰᠢᠦ᠃ ᠲᠡᠭᠡᠵᠤ ᠯᠡ ᠲᠡᠭᠦᠦ ᠮᠢᠨᠢ ᠰᠤᠷᠤᠯᠭ᠎ᠠ ᠪᠠᠨ ᠵᠤᠭᠰᠤᠵᠤ ᠪᠢ ᠴᠢᠨᠢ ᠰᠤᠷᠤᠯᠭ᠎ᠠ ᠰᠤᠶᠤᠯ ᠤᠨ ᠮᠦᠷ ᠭᠡᠵᠤ ᠶᠠᠪᠤᠬᠰᠠᠨ ᠪᠢᠯᠡ᠃     ᠨᠢᠭᠡ ᠮᠡᠳᠡᠬᠦ ᠳᠤ ᠠᠪᠤ ᠱᠠᠷ ᠬᠤᠶᠠᠷ ᠨᠠᠰᠤᠨ ᠤ ᠨᠠᠮᠤᠷ ᠲᠤ ᠪᠠᠨ ᠰᠠᠵᠢᠯᠠᠵᠤ ᠪᠠᠶᠢᠯ᠎ᠠ᠃ ᠡᠪᠦᠯ ᠤᠨ ᠴᠢᠯᠦᠭᠡᠨ ᠤ ᠠᠮᠠᠷᠠᠯᠳᠠ ᠲᠠᠯᠪᠢᠭᠠᠳ ᠭᠡᠷ ᠲᠡᠭᠡᠨ ᠬᠠᠷᠢᠬᠤ ᠳᠤ ᠦᠪᠡᠷ ᠢ ᠪᠠᠨ ᠲᠤᠩᠯᠢᠶᠤᠤ ᠬᠤᠳᠠ ᠶᠢᠨ ᠮᠢᠬ᠎ᠠ ᠪᠤᠯᠪᠠᠰᠤᠷᠠᠭᠤᠯᠬᠤ ᠦᠢᠯᠡᠳᠪᠦᠷᠢ ᠶᠢᠨ ᠲᠠᠷᠤᠭ᠎ᠠ ᠭᠡᠬᠦ ᠪᠦᠭᠡᠳ ᠡᠵᠢ ᠲᠠᠢ ᠮᠢᠨᠢ ᠤᠪᠤᠭ ᠨᠢᠭᠡᠳᠡᠨ ᠬᠡᠮᠡᠭᠰᠡᠨ ᠵᠤᠤ ᠤᠪᠤᠭᠳᠤ ᠬᠢᠳᠠᠳ ᠡᠵᠢ ᠶᠢ ᠮᠢᠨᠢ ᠬᠠᠭᠤᠷᠠᠢ ᠡᠭᠡᠴᠢ ᠲᠠᠭᠤᠳᠠᠵᠤ ᠤᠷᠠᠨ ᠦᠭᠡ ᠶᠠᠷᠢᠨ ᠤᠰᠤᠨ ᠪᠠᠯᠢᠩ ᠪᠠᠷᠢᠵᠤ ᠰᠠᠭᠤᠵᠤ ᠪᠠᠶᠢᠪᠠ᠃ ᠶᠠᠷᠢᠶᠠᠨ ᠤ ᠬᠢᠨᠢ ᠲᠤᠮᠳᠠ ᠠᠴᠠ ᠶᠠᠭᠠᠬᠢᠬᠤ ᠶᠢᠨ ᠠᠷᠭ᠎ᠠ ᠦᠭᠡᠢ ᠬᠤᠶᠠᠷ ᠱᠠᠷ ᠢ ᠮᠢᠨᠢ ᠬᠢᠮᠳᠠ ᠦᠨ᠎ᠡ ᠪᠠᠷ ᠬᠤᠳᠠᠯᠳᠤᠨ ᠠᠪᠬᠤ ᠭᠡᠵᠤ ᠪᠠᠶᠢᠬᠤ ᠶᠢ ᠮᠡᠳᠡᠭᠡᠳ ᠪᠢ ᠦᠨᠦᠬᠢ ᠬᠢᠳᠠᠳ ᠯᠦᠭᠡ ᠶᠤᠰᠤᠳᠠᠢ ᠤᠯᠠᠭᠠᠨ ᠬᠡᠷᠡᠭᠦᠯ ᠪᠤᠯᠵᠤ ᠪᠢᠯᠡ᠃ ᠭᠡᠪᠡᠴᠤ ᠶᠠᠭᠠᠬᠢᠯᠳᠠᠢ ᠪᠢᠯᠡ᠂ ᠦᠬᠢᠨ ᠲᠡᠭᠦᠦ ᠪᠢᠳᠡ ᠬᠤᠶᠠᠭᠤᠯᠠ ᠶᠢ ᠪᠢᠴᠢᠭ ᠦᠵᠡᠭᠦᠯᠬᠦ ᠪᠠ ᠦᠭᠡᠷ ᠬᠠᠷᠢᠭᠤᠯᠬᠤ ᠪᠡᠯᠴᠢᠭᠡᠷ ᠤᠰᠠᠳᠤᠭᠰᠠᠨ ᠰᠢᠯᠳᠠᠭᠠᠨ ᠢᠶᠠᠷ ᠠᠪᠤ ᠮᠢᠨᠢ ᠬᠠᠳᠠᠭᠤ ᠰᠢᠢᠳᠪᠤᠷᠢ ᠲᠤᠭᠳᠠᠭᠠᠵᠤ ᠬᠦᠭᠡᠷᠦᠬᠦᠢ ᠬᠠᠶᠢᠷᠠᠳᠠᠢ ᠬᠤᠶᠠᠷ ᠱᠠᠷ ᠮᠢᠨᠢ ᠠᠷᠠᠰᠤ ᠪᠠᠨ ᠦᠪᠴᠢᠬᠦᠯᠵᠤ ᠮᠢᠬᠠᠨ ᠵᠢᠶᠠᠩ ᠪᠤᠯᠬᠤ ᠠᠳᠤᠭᠤᠰᠤᠨ ᠤ ᠲᠠᠪᠢᠯᠠᠩ ᠠᠴᠠ ᠪᠠᠨ ᠬᠡᠯᠳᠦᠷᠢᠵᠤ ᠴᠢᠳᠠᠭᠰᠠᠨ ᠦᠭᠡᠢ᠃ ᠬᠠᠷ᠎ᠠ ᠱᠠᠷ ᠢ ᠮᠢᠨᠢ ᠲᠡᠷᠭᠡᠨ ᠳᠤ ᠲᠡᠭᠡᠭᠡᠬᠦ ᠦᠶ᠎ᠡ ᠳᠤ ᠠᠶᠢᠯ ᠤᠨ ᠠᠷᠪᠠᠭᠠᠳ ᠡᠷᠡᠴᠤᠳ ᠬᠦᠳᠦᠯᠦᠨ ᠴᠢᠷᠴᠤ ᠮᠤᠩᠭᠠᠨᠢᠭᠠᠳ ᠰᠡᠭᠦᠯ ᠢ ᠨᠢ ᠰᠦᠭᠡ ᠶᠢᠨ ᠲᠤᠬᠤ ᠪᠠᠷ ᠵᠠᠨᠴᠢᠭᠰᠠᠨ ᠴᠦ ᠲᠡᠷᠭᠡᠨ ᠳᠤ ᠭᠠᠷᠭᠠᠵᠤ ᠲᠡᠶᠢᠯᠦᠭᠰᠡᠨ ᠦᠭᠡᠢ᠃ ᠠᠷᠭ᠎ᠠ ᠠᠯᠳᠠᠷᠠᠭᠰᠠᠨ ᠵᠤᠤ ᠤᠪᠤᠭᠳᠤ ᠰᠠᠶ᠋ᠢᠬᠠᠨ ᠠᠪᠤᠷᠢᠯᠠᠵᠤ ᠠᠷᠢᠬᠢ ᠠᠪᠴᠤ ᠤᠤᠭᠤ ᠬᠡᠮᠡᠨ ᠬᠠᠷᠠᠮᠵᠢ ᠦᠭᠬᠦᠨ ᠭᠤᠶᠤᠬᠤᠯᠠᠷ ᠠᠪᠤ ᠮᠢᠨᠢ ᠨᠢᠳᠤᠨ ᠳᠤ ᠪᠠᠨ ᠨᠢᠯᠪᠤᠰᠤ ᠲᠠᠢ ᠵᠤᠭᠤᠰ ᠢ ᠨᠢ ᠲᠦᠯᠬᠢᠨ ᠵᠠᠶᠢᠯᠠᠭᠤᠯᠤᠭᠠᠳ ᠨᠠᠳᠠ ᠲᠠᠢ ᠬᠠᠮᠳᠤ ᠬᠤᠶᠠᠷ ᠱᠠᠷ ᠤᠨ ᠢᠶᠠᠨ ᠬᠦᠵᠦᠬᠦᠦ ᠰᠡᠭᠡᠷ ᠢ ᠨᠢ ᠮᠠᠭᠠᠵᠢᠨ ᠪᠠᠶᠢᠵᠤ ᠬᠦᠳᠦᠯᠦᠨ ᠭᠠᠷᠭᠠᠵᠤ ᠦᠭᠭᠦᠭᠰᠡᠨ ᠪᠢᠯᠡ᠃ ᠲᠦᠭᠦᠷᠡᠩ ᠠᠴᠢᠶ᠎ᠠ ᠲᠠᠢ ᠲᠡᠷᠭᠡ ᠨᠤᠳᠤᠭ ᠵᠦᠭ ᠢᠶᠠᠨ ᠡᠷᠬᠢᠨ ᠡᠷᠬᠢᠨ ᠮᠦᠭᠡᠷᠬᠦ ᠬᠤᠶᠠᠷ ᠱᠠᠷ ᠢ ᠮᠢᠨᠢ ᠲᠡᠭᠡᠭᠡᠳ ᠨᠢᠷᠤᠭᠤ ᠬᠠᠳᠠᠭᠤ ᠠᠪᠤ ᠶᠢᠨ ᠮᠢᠨᠢ ᠡᠨᠡᠬᠡᠨ ᠨᠠᠰᠤᠨ ᠳᠤ ᠪᠠᠨ ᠤᠨᠠᠭᠠᠭᠰᠠᠨ ᠲᠤᠭ᠎ᠠ ᠲᠠᠢ ᠬᠡᠳᠦᠬᠡᠨ ᠨᠢᠯᠪᠤᠰᠤ ᠶᠢ ᠰᠤᠪᠤᠭᠤᠯᠤᠭᠠᠳ ᠲᠡᠭᠡᠵᠤ ᠯᠡ ᠰᠠᠯᠬᠢ ᠤᠷᠤᠭᠤᠳᠠᠨ᠂ ᠨᠤᠳᠤᠭ ᠤᠷᠤᠭᠤᠳᠠᠨ ᠪᠠᠷ᠎ᠠ ᠲᠠᠰᠤᠷᠠᠨ ᠠᠷᠢᠯᠵᠤ ᠤᠳᠤᠭᠰᠠᠨ ᠪᠢᠯᠡ᠃ ᠠᠪᠤ ᠮᠢᠨᠢ ᠬᠤᠶᠠᠷ ᠱᠠᠷ ᠤᠨ ᠢᠶᠠᠨ ᠬᠡᠰᠢᠭ ᠢ ᠤᠳᠤ ᠬᠦᠷᠳᠡᠯ᠎ᠡ ᠶᠡᠭᠡ ᠭᠡᠷ ᠤᠨ ᠬᠠᠨᠠᠨ ᠲᠤᠯᠤᠭᠠᠢ ᠳᠤ ᠬᠠᠪᠴᠢᠭᠤᠯᠤᠨ ᠬᠠᠳᠠᠭᠠᠯᠠᠭᠰᠠᠭᠠᠷ ᠨᠢᠳᠤᠨ ᠵᠤᠪᠬᠢ ᠴᠢᠬᠢᠭᠷᠠᠴᠢᠭᠡᠯ᠎ᠡ᠃ ᠠᠮᠢᠳᠤᠷᠠᠯ ᠠᠬᠤᠢ ᠶᠢ ᠮᠢᠨᠢ ᠦᠭᠡᠳᠡ ᠲᠠᠳᠠᠵᠤ ᠤᠨᠠᠭᠠᠨ ᠪᠠᠭ᠎ᠠ ᠨᠠᠰᠤᠨ ᠳᠤ ᠮᠢᠨᠢ ᠬᠠᠨᠢ ᠪᠤᠯᠤᠨ ᠢᠵᠢᠯᠢᠰᠢᠵᠤ ᠠᠯᠢ ᠤᠯᠠᠨ ᠲᠤᠷᠠᠰᠤᠯᠳᠤ ᠦᠯᠢᠭᠡᠷ ᠦᠯᠡᠳᠡᠭᠡᠵᠤ ᠦᠭᠭᠦᠭᠰᠡᠨ ᠠᠷᠠᠯ ᠤᠨ ᠱᠠᠷ ᠮᠢᠨᠢ ᠠᠪᠤ ᠪᠠᠨ ᠰᠠᠨᠠᠬᠤ ᠬᠤᠷᠤᠮ ᠪᠦᠷᠢ ᠳᠤ ᠲᠠᠭᠠᠯᠳᠤᠨ ᠪᠤᠳᠤᠭᠳᠠᠵᠤ ᠠᠯᠠᠭ ᠲᠠᠢ ᠴᠤᠭᠤᠭ ᠲᠠᠢ ᠦᠩᠭᠡᠷᠡᠵᠤ ᠤᠳᠤᠭᠰᠠᠨ ᠤᠨ ᠰᠠᠷ᠎ᠠ ᠶᠢᠨ ᠴᠢᠯᠦᠭᠡᠨ ᠢᠶᠠᠷ ᠠᠪᠤ ᠨᠤᠳᠤᠭ ᠬᠤᠶᠠᠷ ᠤᠨ ᠲᠤᠬᠠᠢ᠂ ᠠᠮᠢᠳᠤᠷᠠᠯ᠂ ᠪᠢ ᠬᠤᠶᠠᠷ ᠤᠨ ᠲᠤᠬᠠᠢ ᠤᠴᠢᠷᠯᠠᠨ ᠵᠡᠭᠦᠳᠦᠯᠡᠭᠳᠡᠭᠡᠳ ᠪᠠᠶᠢᠨ᠎ᠠ᠃ ᠠᠪᠤ ᠶᠢᠨ ᠮᠢᠨᠢ ᠬᠠᠶᠢᠷᠠᠳᠠᠢ ᠬᠦᠯᠭᠡ ᠮᠢᠨᠤ ᠲᠤᠳᠤᠨᠤ ᠬᠠᠨᠢ ᠬᠤᠶᠠᠷ ᠱᠠᠷ ᠤᠨ ᠢᠶᠠᠨ ᠠᠬᠢᠬᠤ ᠲᠦᠷᠦᠯ ᠳᠤ ᠪᠠᠨ ᠠᠯᠢᠪᠠ ᠶᠢ ᠡᠵᠡᠷᠭᠡᠭᠴᠢ ᠬᠦᠮᠦᠨ ᠪᠤᠯᠵᠤ ᠲᠦᠷᠦᠭᠦ ᠪᠤᠯᠤᠭᠠᠰᠠᠢ ᠬᠡᠮᠡᠨ ᠲᠡᠷᠭᠡᠨ ᠳᠤ ᠲᠡᠭᠡᠭᠡᠬᠦ ᠲᠡᠷᠡᠭᠡᠨ ᠬᠤᠷᠤᠮ ᠤᠨ ᠰᠢᠪᠰᠢᠯᠭᠡ ᠪᠠᠨ ᠤᠳᠤ ᠮᠦᠨ ᠡᠷᠭᠦᠭᠰᠡᠭᠡᠷ ᠪᠠᠶᠢᠨᠠᠮ︕     ᠡᠵᠡᠨ᠂ ᠤᠨᠤᠭ᠎ᠠ ᠬᠤᠶᠠᠷ ᠤᠨ ᠬᠠᠶᠢᠷ᠎ᠠ ᠰᠡᠳᠬᠢᠯᠭᠡ ᠶᠢ ᠪᠢ ᠦᠯᠢᠭᠡᠷ ᠲᠤᠮᠤᠭ᠂ ᠨᠤᠮ ᠵᠤᠬᠢᠶᠠᠯ ᠠᠴᠠ ᠪᠤᠰᠤ ᠦᠪᠡᠷ ᠪᠡᠶ᠎ᠡ ᠶᠢᠨ ᠦᠩᠭᠡᠷᠡᠯᠳᠡ ᠪᠠᠷ ᠢᠶᠠᠨ᠂ ᠠᠯᠳᠠᠷᠠᠶᠢᠬᠠᠨ ᠨᠠᠰᠤᠨ ᠤ ᠴᠠᠶᠢᠯᠭᠠᠨ ᠬᠠᠶᠢᠷ᠎ᠠ ᠪᠠᠷ ᠢᠶᠠᠨ ᠢᠩᠭᠢᠵᠤ ᠮᠡᠳᠡᠷᠡᠵᠤ ᠤᠶᠠᠷᠠᠵᠤ ᠶᠠᠪᠤᠭᠰᠠᠨ ᠠᠵᠠ ᠲᠠᠢ ᠯᠡ ᠬᠦᠮᠦᠨ ᠰᠠᠨ᠃ᠠᠪᠤ ᠶᠢᠨ ᠮᠢᠨᠢ ᠬᠠᠶᠢᠷᠠᠳᠠᠢ ᠱᠠᠷ ᠭᠡᠵᠤ ᠡ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号