ᠢᠯᠡᠬᠦᠥ ᠠᠯᠬᠤᠪᠠᠯ ᠡᠷᠡᠭᠦᠯ ᠮᠡᠨᠳᠦ ᠳᠤ ᠳᠤᠰᠠᠳᠠᠢ
ᠨᠡᠶᠢᠲᠡᠯᠡᠭᠰᠡᠨ ᠴᠠᠭ᠄
2025/6/3
      ᠠᠮᠧᠷᠢᠺᠠ ᠶᠢᠨ ᠰᠲ᠋ᠠᠨᠹᠦᠷᠳ᠋ ᠶᠡᠭᠡ ᠰᠤᠷᠭᠠᠭᠤᠯᠢ ᠶᠢᠨ ᠰᠤᠳᠤᠯᠭᠠᠳᠠᠳ ᠬᠦᠮᠦᠨ ᠤ ᠡᠳᠦᠷ ᠪᠤᠯᠭᠠᠨ ᠤ ᠶᠠᠪᠠᠭᠠᠨ ᠶᠠᠪᠤᠭᠰᠠᠨ ᠠᠯᠬᠤᠮ ᠤᠨ ᠳᠤᠭ᠎ᠠ ᠪᠠᠷ ᠵᠢᠭᠠᠯᠳᠠ ᠳᠤᠭ᠎ᠠ ᠪᠤᠯᠭᠠᠵᠤ᠂ ᠪᠦᠬᠦ ᠪᠦᠮᠪᠦᠷᠴᠡᠭ ᠤᠨ 46 ᠤᠯᠤᠰ ᠤᠷᠤᠨ ᠤ ᠰᠠᠭᠤᠭᠠᠯᠢ ᠠᠷᠠᠳ ᠤᠨ ᠬᠦᠳᠡᠯᠭᠡᠭᠡᠨ ᠤ ᠳᠦᠪᠰᠢᠨ ᠳᠤ ᠵᠠᠳᠠᠯᠤᠯᠳᠠ ᠬᠢᠭᠰᠡᠨ ᠪᠠᠶᠢᠨ᠋᠎ᠠ᠃      ᠯᠦ ᠶᠤᠸᠠᠨ ᠵᠧᠨ ︵ᠬᠤᠸᠠᠨᠠᠨ ᠪᠠᠭᠰᠢ ᠶᠢᠨ ᠶᠡᠭᠡ ᠰᠤᠷᠭᠠᠭᠤᠯᠢ ᠶᠢᠨ ᠪᠡᠶ᠎ᠡ ᠶᠢᠨ ᠳᠠᠮᠢᠷ ᠨᠡᠶᠢᠭᠡᠮ ᠰᠤᠳᠤᠯᠤᠯ ᠤᠨ ᠫᠷᠦᠹᠧᠰᠰᠤᠷ︶᠎ ᠤ ᠵᠠᠳᠠᠯᠤᠯᠳᠠ᠄      ᠶᠠᠪᠠᠭᠠᠨ ᠠᠯᠬᠤᠬᠤ ᠡᠰᠡᠬᠦ᠂ ᠭᠡᠳᠦᠢ ᠬᠤᠯᠠ ᠠᠯᠬᠤᠬᠤ ᠪᠤᠢ ᠭᠡᠳᠡᠭ ᠨᠢ ᠤᠯᠠᠨ ᠡᠯᠧᠮᠧᠨ᠋ᠲ᠋ᠧ ᠠᠴᠠ ᠰᠢᠯᠳᠠᠭᠠᠯᠠᠨ᠋᠎ᠠ᠂ ᠵᠢᠱᠢᠶᠡᠯᠡᠪᠡᠯ ᠬᠦᠮᠦᠰ ᠤᠨ ᠭᠡᠷ ᠪᠠᠶᠢᠭᠤᠯᠭ᠎ᠠ ᠶᠢᠨ ᠬᠤᠭᠤᠷᠤᠨᠳᠤᠬᠢ ᠵᠠᠢ᠂ ᠵᠠᠮ ᠬᠠᠷᠢᠯᠴᠠᠭᠠᠨ ᠤ ᠳᠠᠳᠬᠠᠯ ᠵᠡᠷᠭᠡ ᠤᠯᠠᠨ ᠳᠠᠯ᠎ᠠ ᠪᠠᠶᠢᠳᠠᠭ᠃ ᠮᠠᠨ ᠤ ᠤᠯᠤᠰ ᠲᠤ᠂ ᠦᠪᠡᠷ ᠤᠨ ᠮᠠᠰᠢᠨ ᠲᠠᠢ ᠬᠦᠮᠦᠨ ᠤ ᠳᠤᠭ᠎ᠠ ᠦᠳᠳᠡᠷ ᠳᠦᠷᠭᠡᠨ ᠨᠡᠮᠡᠭᠳᠡᠵᠦ ᠪᠠᠶᠢᠭ᠎ᠠ ᠪᠤᠯᠪᠠᠴᠤ ᠤᠯᠠᠩᠭᠢ ᠳᠤᠭᠠᠨ ᠤ ᠬᠤᠳᠠ ᠶᠢᠨ ᠰᠠᠭᠤᠭᠠᠯᠢ ᠠᠷᠠᠳ ᠠᠵᠢᠯ ᠳᠠᠭᠠᠨ ᠶᠠᠪᠤᠬᠤ᠂ ᠵᠡᠭᠡᠯᠢ ᠳᠤ ᠭᠠᠷᠬᠤ ᠵᠡᠷᠭᠡ ᠳᠤ ᠮᠦᠨ ᠯᠡ ᠨᠡᠶᠢᠳᠡ ᠶᠢᠨ ᠮᠠᠰᠢᠨ ᠳᠡᠷᠭᠡ᠂ ᠭᠠᠵᠠᠷ ᠳᠤᠤᠷᠠᠬᠢ ᠳᠡᠮᠦᠷ ᠵᠠᠮ ᠵᠡᠷᠭᠡ ᠶᠢᠨ ᠨᠡᠶᠢᠳᠡ ᠶᠢᠨ ᠵᠠᠮ ᠬᠠᠷᠢᠯᠴᠠᠭᠠᠨ ᠤ ᠪᠠᠭᠠᠵᠢ ᠳᠤ ᠳᠦᠰᠢᠭᠯᠡᠭᠰᠡᠭᠡᠷ ᠪᠠᠶᠢᠵᠦ᠂ ᠡᠯ᠎ᠠ ᠵᠤᠬᠰᠤᠭᠠᠯ ᠦᠷᠳᠡᠭᠡᠨ ᠤ ᠬᠤᠭᠤᠷᠤᠨᠳᠤ ᠦᠨᠳᠦᠰᠦᠨ ᠳᠡᠭᠡᠨ ᠶᠠᠪᠠᠭᠠᠨ ᠠᠯᠬᠤᠵᠤ ᠪᠠᠶᠢᠳᠠᠭ᠃ ᠦᠷᠦᠨᠡᠳᠠᠬᠢᠨ ᠤ ᠠᠯᠢ ᠤᠯᠠᠨ ᠤᠯᠤᠰ ᠤᠷᠤᠨ ᠤ ᠰᠠᠭᠤᠭᠠᠯᠢ ᠠᠷᠠᠳ ᠬᠠᠮ ᠳᠡᠯᠭᠡᠭᠦᠷ ᠲᠤ ᠤᠴᠢᠬᠤ ᠳᠠᠭᠠᠨ ᠴᠤ ᠮᠠᠰᠢᠨ ᠳᠡᠷᠭᠡ ᠵᠢᠯᠤᠭᠤᠳᠴᠤ ᠶᠠᠪᠤᠳᠠᠭ ᠲᠠᠢ ᠠᠳᠠᠯᠢᠳᠬᠠᠪᠠᠯ᠂ ᠮᠠᠨ ᠤ ᠤᠯᠤᠰ ᠤᠨ ᠰᠠᠭᠤᠭᠠᠯᠢ ᠠᠷᠠᠳ ᠠᠷᠠᠢ ᠢᠯᠡᠭᠦᠦ ᠶᠠᠪᠠᠭᠠᠨ ᠠᠯᠬᠤᠵᠤ ᠪᠠᠶᠢᠬᠤ ᠨᠢ ᠰᠠᠨᠠᠭᠠᠨ᠎ᠠ ᠠᠴᠠ ᠭᠠᠳᠠᠭᠤᠷ ᠶᠠᠪᠤᠳᠠᠯ ᠪᠢᠰᠢ᠃ ᠳᠠᠬᠢᠪᠠᠯ᠂ ᠮᠠᠨ ᠤ ᠤᠯᠤᠰ ᠤᠨ ᠰᠠᠭᠤᠭᠠᠯᠢ ᠠᠷᠠᠳ ᠤᠨ ᠡᠷᠡᠭᠦᠯ ᠮᠡᠨᠳᠦ ᠶᠢᠨ ᠤᠬᠠᠮᠰᠠᠷ ᠶᠠᠪᠤᠬᠤ ᠳᠤᠳᠤᠮ ᠢᠶᠠᠨ ᠳᠡᠭᠡᠭᠰᠢᠯᠡᠵᠦ᠂ ︽ᠬᠤᠭᠤᠯᠠ ᠢᠳᠡᠵᠦ ᠬᠤᠳᠤᠭᠤᠳᠤ ᠪᠠᠨ ᠪᠤᠷᠳᠤᠬᠤ ᠠᠴᠠ ᠬᠦᠳᠡᠯᠭᠡᠭᠡᠨ ᠬᠢᠵᠦ ᠬᠦᠯᠦᠰᠦ ᠴᠢᠭᠢᠭᠯᠡᠭᠦᠯᠬᠦ︾᠎ ᠶᠢ ᠬᠦᠭᠡᠭᠡᠴᠡᠯᠳᠦᠬᠦ ᠨᠢ ᠢᠯᠡᠭᠦᠦ ᠪᠤᠯᠵᠤ᠂ ᠶᠠᠪᠠᠭᠠᠨ ᠠᠯᠬᠤᠬᠤ ᠨᠢ ᠡᠷᠡᠭᠦᠯ ᠰᠠᠷᠠᠭᠤᠯ ᠠᠮᠢᠳᠤᠷᠠᠯ ᠤᠨ ᠪᠡᠯᠭᠡᠳᠡᠯ᠂ ᠤᠯᠠᠨ ᠴᠤ ᠬᠦᠮᠦᠨ ᠤ ᠬᠦᠭᠡᠭᠡᠴᠡᠯᠳᠦᠯ ᠪᠤᠯᠵᠤ ᠤᠯᠠᠮ ᠢᠶᠠᠷ ᠵᠠᠢ ᠠᠪᠬᠤ ᠪᠤᠯᠵᠠᠢ᠃      ᠤᠳᠤ ᠶᠢᠨ ᠬᠦᠮᠦᠨ ᠤ ᠬᠦᠳᠡᠯᠭᠡᠭᠡᠨ ᠬᠢᠵᠦ ᠪᠠᠶᠢᠭ᠎ᠠ ᠪᠠᠶᠢᠳᠠᠯ ᠳᠤ ᠬᠤᠶᠠᠷ ᠳᠦᠢᠯᠵᠢᠬᠤ ᠠᠰᠠᠭᠤᠳᠠᠯ ᠤᠷᠤᠰᠢᠵᠤ ᠪᠠᠶᠢᠨ᠋᠎ᠠ᠃ ᠠᠯᠢ ᠤᠯᠠᠨ ᠠᠯᠪᠠᠨ ᠠᠵᠢᠯ ᠲᠠᠢ ᠵᠠᠯᠠᠭᠤ ᠢᠳᠡᠷᠴᠤᠳ᠂ ᠮᠠᠰᠢᠨ ᠳᠡᠷᠭᠡ ᠵᠢᠯᠤᠭᠤᠳᠴᠤ ᠶᠠᠪᠤᠬᠤ ᠳᠠᠳᠬᠠᠯ ᠲᠠᠢ ᠪᠤᠯᠵᠤ᠂ ᠬᠦᠳᠡᠯᠭᠡᠭᠡᠨ ᠬᠢᠬᠦ ᠨᠢ ᠴᠦᠭᠡᠷᠡᠵᠦ᠂ ᠳᠠᠮᠢᠷ ᠳᠡᠩᠬᠡᠬᠡ ᠨᠢ ᠮᠠᠭᠤᠳᠠᠨ᠂ ᠪᠡᠶ᠎ᠡ ᠶᠢᠨ ᠬᠦᠨᠳᠦ ᠨᠢ ᠨᠡᠮᠡᠭᠳᠡᠵᠦ ᠪᠠᠶᠢᠨ᠋᠎ᠠ︔ ᠨᠦᠭᠦᠭᠡ ᠨᠢᠭᠡ ᠪᠦᠯᠦᠭ ᠨᠢ ᠡᠳᠦᠷ ᠪᠤᠯᠭᠠᠨ ᠠᠯᠬᠤᠬᠰᠠᠨ ᠳᠤᠭ᠎ᠠ ᠪᠠᠨ ᠭᠠᠶᠢᠬᠠᠭᠤᠯᠤᠨ ᠤᠷᠤᠯᠳᠤᠵᠤ᠂ ᠬᠦᠳᠡᠯᠭᠡᠭᠡᠨ ᠨᠢ ᠭᠡᠳᠦᠷᠡᠵᠦ ᠪᠠᠶᠢᠨ᠋᠎ᠠ᠃ ᠡᠷᠡᠭᠦᠯ ᠮᠡᠨᠳᠦ ᠶᠢᠨ ᠢᠶᠠᠨ ᠳᠦᠯᠦᠬᠡ᠂ ᠡᠳᠦᠷ ᠪᠤᠯᠭᠠᠨ 1 ᠲᠦᠮᠡᠨ ᠠᠯᠬᠤᠮ ᠠᠯᠬᠤᠬᠤ ᠪᠠᠷ ᠪᠤᠳᠤᠭᠰᠠᠨ ᠴᠤ ᠪᠠᠰᠠ ᠪᠠᠶᠢᠳᠠᠯ ᠢᠶᠠᠨ ᠦᠵᠡᠬᠦ ᠭᠡᠷᠡᠭᠳᠡᠢ᠃ ᠭᠡᠷᠪᠡ ᠬᠡᠪ ᠤᠨ ᠪᠠᠶᠢᠳᠠᠯ ᠢᠶᠠᠷ 1 ᠲᠦᠮᠡ ᠠᠯᠬᠤᠭᠰᠠᠨ ᠪᠤᠯ᠂ ᠳᠡᠭᠡᠷ᠎ᠠ ᠨᠢ ᠡᠳᠦᠷ ᠳᠤᠳᠤᠮ ᠤᠨ ᠡᠩ ᠤᠨ ᠤᠶᠢᠷ᠎ᠠ ᠵᠠᠭᠤᠷ᠎ᠠ ᠶᠢᠨ ᠶᠠᠪᠤᠵᠤ ᠰᠠᠭᠤᠭᠰᠠᠨ ᠢᠶᠠᠨ ᠨᠡᠮᠡᠪᠡᠯ᠂ ᠨᠢᠭᠡ ᠡᠳᠦᠷ ᠤᠨ ᠬᠦᠳᠡᠯᠭᠡᠭᠡᠨ ᠤ ᠬᠡᠮᠵᠢᠶ᠎ᠠ ᠨᠢ ᠨᠡᠯᠢᠶᠡᠳ ᠳᠤᠬᠢᠷᠠᠮᠵᠢᠳᠠᠢ ᠪᠠᠶᠢᠬᠤ ᠳᠠᠭᠠᠨ ᠤᠷᠤᠨ᠋᠎ᠠ︔ ᠭᠡᠷᠪᠡ ᠬᠤᠷᠳᠤᠨ ᠠᠯᠬᠤᠬᠤ ᠪᠤᠯᠪᠠᠰᠤᠷᠠᠯ ᠤᠨ ᠠᠷᠭ᠎ᠠ ᠶᠢ ᠠᠪᠴᠤ ᠪᠠᠶᠢᠭ᠎ᠠ ᠶᠤᠮ ᠪᠤᠯ ᠡᠳᠦᠷ ᠲᠤ 6000 ᠠᠯᠬᠤᠪᠠᠯ ᠡᠷᠡᠭᠦᠯ ᠮᠡᠨᠳᠦ ᠶᠢᠨ ᠴᠢᠨᠢ ᠱᠠᠭᠠᠷᠳᠠᠯᠭ᠎ᠠ ᠳᠤ ᠰᠠᠨᠠᠭ᠎ᠠ ᠠᠮᠤᠷ ᠬᠦᠷᠦᠨ᠋᠎ᠠ᠃      ᠠᠯᠬᠤᠯᠳᠠ ᠶᠢᠨ ᠳᠤᠭ᠎ᠠ ᠶᠢ ᠬᠡᠮᠵᠢᠳᠡᠭ ᠵᠦᠭᠡᠯᠡᠨ ᠳᠤᠨᠤᠭ ᠬᠡᠷᠡᠭᠯᠡᠭᠰᠡᠳ ᠤᠨ ᠤᠯᠠᠩᠭᠢ ᠨᠢ ᠵᠤᠷᠢᠯᠭ᠎ᠠ ᠲᠠᠢ ᠪᠠᠷ ᠢᠯᠡᠭᠦᠦ ᠬᠦᠳᠡᠯᠭᠡᠭᠡᠨ ᠬᠢᠬᠦ ᠶᠢ ᠬᠦᠭᠡᠭᠡᠴᠡᠯᠳᠦᠵᠦ ᠪᠠᠶᠢᠭ᠎ᠠ ᠬᠦᠮᠦᠰ ᠪᠠᠶᠢᠵᠤ᠂ ᠵᠦᠪᠬᠡᠨ ᠡᠳᠡᠭᠡᠷ ᠬᠦᠮᠦᠰ ᠤᠨ ᠬᠦᠳᠡᠯᠭᠡᠭᠡᠨ ᠤ ᠬᠡᠮᠵᠢᠶ᠎ᠠ ᠪᠠᠷ ᠨᠢᠭᠡ ᠤᠯᠤᠰ ᠪᠤᠶᠤ ᠨᠢᠭᠡ ᠭᠠᠵᠠᠷ ᠤᠷᠤᠨ ᠤ ᠬᠦᠳᠡᠯᠭᠡᠭᠡᠨ ᠤ ᠳᠠᠳᠬᠠᠯ ᠢ ᠤᠴᠢᠵᠤ ᠳᠤᠳᠤᠷᠬᠠᠶᠢᠯᠬᠤ ᠨᠢ ᠪᠤᠰᠤᠳᠴᠢ ᠪᠦᠬᠦ ᠳᠠᠯ᠎ᠠ ᠶᠢᠨ ᠬᠢ ᠪᠠᠶᠢᠵᠤ ᠳᠡᠶᠢᠯᠬᠦ ᠦᠭᠡᠢ᠃ ᠤᠳᠤ ᠶᠢᠨ ᠪᠤᠳᠠᠳᠤ ᠪᠠᠶᠢᠳᠠᠯ᠎ᠠ ᠠᠴᠠ ᠠᠪᠴᠤ ᠦᠵᠡᠪᠡᠯ᠂ ᠮᠠᠨ ᠤ ᠳᠤᠮᠳᠠᠳᠤᠴᠤᠳ ᠳᠡᠭᠰᠢᠳᠭᠡᠭᠡᠳ ᠨᠢᠭᠡ ᠬᠦᠮᠦᠨ ᠤ ᠨᠢᠭᠡ ᠡᠳᠦᠷ ᠤᠨ ᠶᠠᠪᠠᠭᠠᠨ ᠠᠯᠬᠤᠭᠰᠠᠨ ᠳᠤᠭ᠎ᠠ ᠪᠠᠰᠠ 6000 ᠠᠯᠬᠤᠮ ᠳᠤ ᠬᠦᠷᠦᠭᠡᠳᠦᠢ ᠪᠠᠶᠢᠬᠰᠠᠭᠠᠷ᠃ ᠨᠡᠩ ᠤᠯᠠᠨ ᠬᠦᠮᠦᠨ ᠳᠤ ᠠᠪᠴᠤ ᠬᠡᠯᠡᠪᠡᠯ ᠬᠦᠳᠡᠯᠭᠡᠭᠡᠨ ᠤ ᠬᠡᠮᠵᠢᠶ᠎ᠠ ᠪᠠᠨ ᠨᠡᠮᠡᠭᠳᠡᠭᠦᠯᠬᠦ ᠤᠷᠤᠨ ᠵᠠᠢ ᠶᠡᠭᠡ ᠪᠠᠶᠢᠬᠰᠠᠭᠠᠷ᠃      ᠰᠲ᠋ᠠᠨᠹᠦᠷᠳ᠋ ᠤᠨ ᠰᠤᠳᠤᠯᠭᠠᠨ᠄      69 ᠬᠤᠳᠠ ᠶᠢᠨ ᠳᠤᠭ᠎ᠠ ᠪᠠᠷᠢᠮᠳᠠ ᠳᠤ ᠵᠠᠳᠠᠯᠤᠯᠳᠠ ᠬᠢᠭᠰᠡᠨ ᠰᠠᠭᠤᠷᠢᠨ ᠳᠡᠭᠡᠷ᠎ᠡ᠂ ᠰᠲ᠋ᠠᠨᠹᠦᠷᠲ ᠤᠨ ᠰᠤᠳᠤᠯᠭᠠᠳᠠᠳ᠂ ᠶᠠᠪᠠᠭᠠᠨ ᠠᠯᠬᠤᠬᠤ ᠳᠤ ᠵᠤᠬᠢᠷᠠᠮᠵᠢᠳᠠᠢ ᠪᠠᠶᠢᠬᠤ ᠪᠠ ᠶᠠᠪᠠᠭᠠᠨ ᠶᠠᠪᠤᠬᠤ ᠳᠤ ᠳᠦᠭᠦᠮ ᠪᠠᠶᠢᠬᠤ ᠪᠠᠶᠢᠳᠠᠯ ᠨᠢ ᠰᠠᠭᠤᠭᠠᠯᠢ ᠠᠷᠠᠳ ᠤᠨ ᠡᠷᠡᠭᠦᠯ ᠮᠡᠨᠳᠦ ᠲᠠᠢ ᠨᠢᠬᠳᠠ ᠬᠤᠯᠪᠤᠭ᠎ᠠ ᠲᠠᠢ ᠭᠡᠳᠡᠭ ᠦᠷ᠎ᠡ ᠳ᠋ᠦᠩ ᠤᠯᠤᠭᠰᠠᠨ ᠪᠠᠶᠢᠨ᠋᠎ᠠ᠃ ᠬᠡᠷᠪᠡ ᠨᠢᠭᠡ ᠬᠤᠳᠠ ᠶᠢᠨ ᠵᠢᠷᠤᠭ ᠳᠦᠯᠦᠪᠯᠡᠭᠡ ᠨᠢ ᠶᠠᠪᠠᠭᠠᠨ ᠶᠠᠪᠤᠭᠰᠠᠳ ᠲᠤ ᠨᠠᠶᠢᠷᠰᠠᠭ ᠪᠠᠶᠢᠪᠠᠯ᠂ ᠵᠢᠱᠢᠶᠡᠯᠡᠪᠡᠯ ᠬᠦᠮᠦᠰ ᠤᠨ ᠳᠡᠯᠭᠡᠭᠦᠷ᠂ ᠭᠤᠸᠠᠩᠵᠠ᠂ ᠴᠡᠴᠡᠷᠯᠢᠭ ᠪᠠ ᠪᠤᠰᠤᠳ ᠶᠠᠮᠠᠷ ᠨᠢᠭᠡ ᠭᠠᠵᠠᠷ ᠲᠤ ᠤᠴᠢᠬᠤ ᠶᠠᠪᠠᠭᠠᠨ ᠵᠠᠮ ᠢ ᠳᠤᠩ ᠰᠠᠶᠢᠬᠠᠨ ᠪᠠᠶᠢᠭᠤᠯᠤᠭᠰᠠᠨ ᠪᠠᠶᠢᠵᠤ᠂ ᠳᠤᠩ ᠳᠦᠭᠦᠮ᠂ ᠪᠡᠶ᠎ᠡ ᠳᠤ ᠳᠠᠭᠠᠳᠠᠢ ᠪᠠᠶᠢᠪᠠᠯ᠂ ᠡ᠊ᠨᠳᠡ ᠠᠮᠢᠳᠤᠷᠠᠵᠤ ᠪᠠᠶᠢᠭ᠎ᠠ ᠬᠦᠮᠦᠰ᠂ ᠡᠷᠡᠭᠳᠡᠢ ᠡᠮᠡᠭᠳᠡᠢ ᠬᠦᠭᠰᠢᠨ ᠵᠠᠯᠠᠭᠤ᠂ ᠳᠠᠷᠭᠤᠨ ᠡᠴᠡᠩᠭᠢ ᠴᠢᠬᠢᠷᠠᠭ ᠪᠠᠭᠤᠷᠠᠢ ᠭᠡᠰᠡᠨ ᠦᠭᠡᠢ ᠪᠦᠷ ᠯᠡ ᠶᠠᠪᠠᠭᠠᠨ ᠶᠠᠪᠤᠬᠤ ᠳᠤ ᠳᠤᠷ᠎ᠠ ᠲᠠᠢ ᠪᠠᠶᠢᠬᠤ ᠪᠤᠯᠤᠨ᠋᠎ᠠ ᠭᠡᠵᠦ ᠰᠲ᠋ᠠᠨᠹᠦᠷᠲ ᠶᠡᠭᠡ ᠰᠤᠷᠭᠠᠭᠤᠯᠢ ᠶᠢᠨ ᠳ᠋ᠠᠶᠢᠲ᠋ᠠ ᠶᠢᠨ ᠰᠢᠨᠵᠢᠯᠡᠬᠦ ᠤᠬᠠᠭᠠᠨ ᠤ ᠳᠦᠪ ᠤᠨ ᠡᠷᠭᠢᠯᠡᠭᠴᠢ ᠵᠧᠨᠢᠹ · ᠬᠠᠶᠢᠺᠰ ᠶᠠᠷᠢᠬᠰᠠᠨ ᠪᠠᠶᠢᠨ᠋᠎ᠠ᠃      ᠯᠢ ᠰᠢᠶᠦ᠋ᠨ ︵ᠳᠤᠮᠳᠠᠳᠤ ᠤᠯᠤᠰ ᠤᠨ ᠬᠤᠳᠠ ᠶᠢᠨ ᠳᠦᠯᠦᠪᠵᠢᠭᠦᠯᠭᠡ ᠵᠢᠷᠤᠭ ᠳᠦᠯᠦᠪᠯᠡᠭᠡᠨ ᠤ ᠰᠤᠳᠤᠯᠭᠠᠨ ᠤ ᠬᠦᠷᠢᠶᠡᠯᠡᠩ ᠤᠨ ᠳᠡᠳ᠋ ᠳᠠᠷᠤᠭ᠎ᠠ︶᠎ ᠤ ᠵᠠᠳᠠᠯᠤᠯᠳᠠ᠄      ᠬᠤᠳᠠ ᠶᠢᠨ ᠳᠦᠯᠦᠪᠵᠢᠭᠦᠯᠭᠡ ᠳᠤ᠂ ᠶᠠᠪᠠᠭᠠᠨ ᠠᠯᠬᠤᠬᠤ ᠵᠠᠢ ᠶᠢᠨ ᠳᠠᠯ᠎ᠠ ᠪᠠᠷ ᠵᠢᠷᠤᠭ ᠳᠦᠯᠦᠪᠯᠡᠭᠡᠨ ᠤ ᠱᠠᠭᠠᠷᠳᠠᠯᠭ᠎ᠠ ᠲᠠᠢ ᠪᠠᠶᠢᠳᠠᠭ᠄ ᠭᠡᠷ ᠠᠴᠠ ᠨᠢ ᠬᠠᠮᠤᠭ ᠤᠨ ᠤᠶᠢᠷᠠᠬᠠᠨ ᠨᠤᠭᠤᠭᠠᠷᠠᠭᠤᠯᠤᠭᠰᠠᠨ ᠭᠠᠵᠠᠷ᠂ ᠬᠠᠮ ᠳᠡᠯᠭᠡᠭᠦᠷ ᠵᠢᠴᠢ ᠪᠤᠰᠤᠳ ᠤᠯᠠᠨ ᠨᠡᠶᠢᠳᠡ ᠶᠢᠨ ᠦᠢᠯᠡᠴᠢᠯᠡᠭᠡᠨ ᠤ ᠳᠦᠬᠦᠭᠡᠷᠦᠮᠵᠢ ᠳᠤ ᠬᠦᠷᠬᠦ ᠵᠠᠢ ᠶᠢ ᠪᠦᠷ 500 ᠮᠧᠲᠷ ᠠᠴᠠ ᠳᠠᠪᠠᠭᠤᠯᠬᠤ ᠦᠭᠡᠢ ᠪᠠᠶᠢᠬᠤ ᠰᠠᠨᠠᠯ ᠵᠦᠪᠯᠡᠯᠭᠡᠨ ᠦᠭᠭᠦᠭᠰᠡᠨ ᠪᠠᠶᠢᠳᠠᠭ ᠪᠦᠭᠡᠳ ᠬᠠᠮᠤᠭ ᠤᠨ ᠬᠤᠯᠠ ᠳᠠᠭᠠᠨ 1 ᠺᠢᠯᠦᠮᠧᠲᠷ ᠠᠴᠠ ᠳᠠᠪᠠᠭᠤᠯᠬᠤ ᠦᠭᠡᠢ ᠪᠠᠶᠢᠬᠤ ᠭᠡᠷᠡᠭᠳᠡᠢ ᠭᠡᠵᠦ ᠱᠠᠭᠠᠷᠳᠠᠭᠰᠠᠨ ᠪᠠᠶᠢᠳᠠᠭ ᠠᠵᠢ᠃ ᠨᠠᠰᠤᠨ ᠳᠤ ᠬᠦᠷᠦᠭᠰᠡᠳ ᠤᠨ ᠨᠢᠭᠡ ᠠᠯᠬᠤᠮ ᠨᠢ ᠪᠠᠷᠤᠭ 60 ~ 70 ᠰᠡᠨᠲ᠋ᠢᠮᠧᠲᠷ ᠪᠠᠶᠢᠳᠠᠭ᠂ ᠭᠡᠷᠪᠡ ᠡᠳᠦᠷ ᠲᠤ ᠶᠠᠪᠠᠭᠠᠨ ᠢᠶᠠᠷ 6000 ᠠᠯᠬᠤᠮ ᠠᠯᠬᠤᠬᠤ ᠪᠠᠷ ᠪᠤᠳᠤᠪᠠᠯ᠂ ᠨᠢᠭᠡ ᠬᠦᠮᠦᠨ ᠨᠢᠭᠡ ᠡᠳᠦᠷ ᠪᠠᠷᠤᠭ 3.6 ~ 4.2 ᠺᠢᠯᠦᠮᠧᠲᠷ ᠠᠯᠬᠤᠨ᠋᠎ᠠ᠂ ᠭᠡᠷ ᠪᠤᠶᠤ ᠠᠯᠪᠠᠨ ᠭᠡᠷ ᠲᠡᠭᠡᠨ ᠨᠠᠰᠢ ᠴᠠᠰᠢ ᠠᠯᠬᠤᠬᠤ ᠮᠡᠳᠦ ᠶᠢᠨ ᠶᠠᠯᠢᠮ ᠦᠭᠡᠢ ᠶᠠᠪᠤᠵᠤ ᠰᠠᠭᠤᠬᠤ ᠶᠢ ᠤᠷᠤᠭᠤᠯᠬᠤ ᠦᠭᠡᠢ ᠪᠠᠷ᠂ ᠨᠢᠭᠡ ᠬᠦᠮᠦᠨ ᠠᠵᠢᠯ ᠳᠠᠭᠠᠨ ᠶᠠᠪᠤᠭᠠᠳ ᠢᠷᠡᠳᠡᠯ᠎ᠠ ᠪᠠᠷᠤᠭ 2 ᠺᠢᠯᠦᠮᠧᠲᠷ ᠬᠢᠷᠢ ᠶᠠᠪᠠᠭᠠᠨ ᠠᠯᠬᠤᠨ᠋᠎ᠠ᠃ ᠡᠳᠦ᠋ᠢᠭᠡᠨ ᠵᠠᠢ ᠳᠤ ᠠᠯᠬᠤᠬᠤ ᠶᠢ ᠬᠡᠨ ᠴᠤ ᠦᠭᠡᠢ ᠭᠡᠬᠦ ᠦᠭᠡᠢ᠂ ᠳᠡᠷᠡ ᠨᠢ ᠳᠡᠭᠡᠭᠡᠳ ᠤᠳᠤᠬᠠᠨ ᠤ ᠮᠠᠨ ᠤ ᠤᠯᠤᠰ ᠤᠨ ᠱᠠᠭᠠᠷᠳᠠᠵᠤ ᠪᠠᠶᠢᠭ᠎ᠠ ᠬᠤᠳᠠ ᠶᠢᠨ ᠬᠦᠮᠦᠰ ᠤᠨ ᠶᠠᠪᠠᠭᠠᠨ ᠠᠯᠬᠤᠬᠤ ᠵᠠᠢ ᠲᠠᠢ ᠴᠤ ᠨᠡᠶᠢᠴᠡᠵᠦ ᠪᠠᠶᠢᠭ᠎ᠠ ᠶᠤᠮ᠃      ᠤᠬᠢ ᠰᠠᠶᠢᠨ ᠶᠠᠪᠠᠭᠠᠨ ᠠᠯᠬᠤᠬᠤ ᠤᠷᠴᠢᠨ ᠳᠤᠭᠤᠷᠢᠨ ᠨᠢ ᠮᠠᠰᠢᠨ ᠳᠡᠷᠭᠡᠨ ᠤ ᠦᠢᠮᠡᠭᠡᠨ ᠪᠠᠶᠢᠬᠤ ᠡᠰᠡᠬᠦ᠂ ᠠᠭᠠᠷ ᠮᠠᠨᠳᠠᠯ ᠤᠨ ᠤᠷᠴᠢᠨ ᠳᠤᠭᠤᠷᠢᠨ ᠨᠢ ᠬᠢᠷᠢ ᠵᠡᠷᠭᠡ ᠪᠠᠶᠢᠬᠤ᠂ ᠵᠠᠮ ᠳᠠᠭᠠᠤ ᠳᠤᠨᠢ ᠭᠤᠤᠯ ᠤᠰᠤ ᠪᠤᠶᠤ ᠴᠡᠴᠡᠷᠯᠢᠭ ᠨᠤᠭᠤᠭᠠᠷᠠᠭᠤᠯᠤᠯᠳᠠ ᠪᠠᠶᠢᠬᠤ ᠡᠰᠡᠬᠦ ᠲᠠᠢ ᠴᠤ ᠬᠤᠯᠪᠤᠭ᠎ᠠ ᠲᠠᠢ᠃ ᠪᠤᠬᠢᠷᠳᠤᠯ ᠦᠭᠡᠢ ᠶᠠᠪᠠᠭᠠᠨ ᠵᠠᠮ ᠢ ᠪᠦᠲᠦᠭᠡᠨ ᠪᠠᠶᠢᠭᠤᠯᠬᠤ ᠳᠠᠯ᠎ᠠ ᠪᠠᠷ᠂ ᠮᠠᠨ ᠤ ᠤᠯᠤᠰ ᠲᠤ ᠭᠤᠸᠠᠩᠳᠦ᠋ᠩ ᠮᠤᠵᠢ ᠡᠯ᠎ᠠ ᠮᠤᠵᠢ ᠬᠤᠳᠠ ᠤᠷᠤᠨ ᠤ ᠳᠤᠳᠤᠷ᠎ᠠ ᠪᠠᠨ ᠳᠦᠷᠦᠭᠦᠯᠡᠵᠦ ᠪᠠᠶᠢᠳᠠᠭ᠃ ᠤᠳᠤᠬᠠᠨ ᠳᠤ᠂ ᠵᠧᠵᠢᠶᠠᠩ᠂ ᠵᠢᠶᠠᠩᠰᠦ ᠵᠡᠷᠭᠡ ᠮᠤᠵᠢ ᠬᠤᠳᠠ ᠴᠤ ᠬᠤᠳᠠ ᠶᠢᠨ ᠪᠤᠬᠢᠷᠳᠤᠯ ᠦᠭᠡᠢ ᠶᠠᠪᠠᠭᠠᠨ ᠵᠠᠮ ᠢ ᠪᠦᠲᠦᠭᠡᠨ ᠪᠠᠶᠢᠭᠤᠯᠵᠤ ᠡᠭᠢᠯᠡᠭᠡᠳ ᠪᠠᠶᠢᠨ᠋᠎ᠠ᠃ ᠵᠦᠪᠬᠡᠨ ᠤᠬᠢ ᠰᠠᠶᠢᠨ ᠶᠠᠪᠠᠭᠠᠨ ᠠᠯᠬᠤᠬᠤ ᠤᠷᠴᠢᠨ ᠳᠤᠭᠤᠷᠢᠨ ᠢ ᠪᠠᠶᠢᠭᠤᠯᠵᠤ ᠦᠭᠪᠡᠯ ᠰᠠᠶ᠋ᠢ ᠬᠦᠮᠦᠨ ᠠᠷᠠᠳ ᠢᠶᠠᠨ ᠤᠯᠠᠮ ᠢᠯᠡᠭᠦᠦ᠂ ᠤᠯᠠᠮ ᠡᠷᠡᠭᠦᠯ ᠰᠠᠷᠠᠭᠤᠯ ᠢᠶᠠᠷ ᠶᠠᠪᠠᠭᠠᠨ ᠠᠯᠬᠤᠵᠤ ᠪᠡᠶ᠎ᠡ ᠪᠠᠨ ᠪᠤᠯᠪᠠᠰᠤᠷᠠᠭᠤᠯᠬᠤ ᠶᠢ ᠵᠤᠷᠢᠬᠵᠢᠭᠤᠯᠵᠤ ᠳᠡᠳᠭᠦᠵᠦ ᠳᠡᠶᠢᠯᠦᠨ᠋᠎ᠠ᠃             ︵︽ᠦᠪᠦᠷ ᠮᠤᠩᠭᠤᠯ ᠤᠨ ᠡᠳᠦᠷ ᠤᠨ ᠰᠤᠨᠢᠨ︾᠎ ᠠᠴᠠ ᠰᠢᠯᠵᠢᠬᠦᠯᠪᠡ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号