︽ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠰᠢᠳᠭᠡᠯ ᠤᠨ ᠬᠠᠤᠯᠢ︾᠎ ᠶᠢᠨ ᠲᠤᠬᠠᠢ ᠦᠨᠳᠦᠰᠦᠨ ᠮᠡᠳᠡᠯᠭᠡ
ᠨᠡᠶᠢᠲᠡᠯᠡᠭᠰᠡᠨ ᠴᠠᠭ᠄
2018-06-12
                ᠵᠠᠰᠠᠭ ᠵᠠᠬᠢᠷᠭᠠᠨ ᠤ ᠲᠦᠷ ᠬᠤᠷᠢᠬᠤ ᠰᠢᠳᠭᠡᠯ ᠢ ᠬᠡᠷᠡᠭᠵᠢᠬᠦᠯᠬᠦ ᠦᠭᠡᠢ ᠪᠠᠶᠢᠳᠠᠯ           ᠵᠠᠰᠠᠭ ᠵᠠᠬᠢᠷᠭᠠᠨ ᠤ ᠲᠦᠷ ᠬᠤᠷᠢᠬᠤ ᠰᠢᠳᠭᠡᠯ ᠢ ᠬᠡᠷᠡᠭᠵᠢᠬᠦᠯᠬᠦ ᠦᠭᠡᠢ ᠬᠡᠳᠡᠭ ᠪᠤᠯ ᠲᠤᠳᠤᠭᠠᠳᠤ ᠶᠢ ᠬᠠᠮᠠᠭᠠᠯᠠᠬᠤ   ᠪᠠᠶᠢᠭᠤᠯᠤᠯᠭ᠎ᠠ ᠠᠮᠤᠷ ᠢ ᠬᠠᠮᠠᠭᠠᠯᠠᠬᠤ ᠬᠠᠮᠢᠶᠠᠷᠤᠯᠳᠠ ᠠᠴᠠ ᠵᠦᠷᠢᠴᠡᠭᠰᠡᠳ ᠲᠤ ᠵᠠᠰᠠᠭ ᠵᠠᠬᠢᠷᠭᠠᠨ ᠤ ᠲᠦᠷ ᠬᠤᠷᠢᠬᠤ   ᠰᠢᠳᠭᠡᠯ ᠦᠭᠬᠦ ᠪᠠᠷ ᠲᠤᠭᠳᠠᠠᠭᠰᠠᠨ ᠤ ᠲᠠᠷᠠᠭ᠎ᠠ᠂ ᠲᠤᠬᠠᠢ ᠬᠦᠮᠦᠨ ᠤ ᠤᠨᠴᠠᠭᠠᠢ ᠪᠠᠶᠢᠳᠠᠯ ᠠᠴᠠ ᠪᠤᠯᠵᠤ᠂ ᠬᠠᠤᠯᠢ   ᠶᠤᠰᠤᠭᠠᠷ ᠲᠤᠰ ᠰᠢᠳᠭᠡᠯ ᠢᠶᠠᠨ ᠪᠤᠳᠠᠳᠠᠢ ᠬᠡᠷᠡᠭᠵᠢᠬᠦᠯᠬᠦ ᠦᠭᠡᠢ ᠪᠠᠶᠢᠬᠤ ᠶᠢ ᠬᠡᠯᠡᠵᠦ ᠪᠠᠶᠢᠨ᠎ᠠ᠃           ︽ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠰᠢᠳᠭᠡᠯ ᠤᠨ ᠬᠠᠤᠯᠢ︾᠎ ᠶᠢᠨ 21 ᠳ᠋ᠤᠭᠡᠷ ᠵᠤᠷᠪᠤᠰ ᠎ ᠲᠤ᠂               ︵1︶ 14 ᠪᠦᠬᠦᠯᠢ ᠨᠠᠰᠤᠨ ᠳᠤ ᠬᠦᠷᠦᠭᠰᠡᠨ ᠪᠤᠯᠪᠠᠴᠤ 18 ᠪᠦᠬᠦᠯᠢ ᠨᠠᠰᠤᠨ ᠳᠤ ᠬᠦᠷᠦᠭᠡᠳᠦᠢ ᠬᠦᠮᠦᠨ︔             ︵2︶ 16 ᠪᠦᠬᠦᠯᠢ ᠨᠠᠰᠤᠨ ᠳᠤ ᠬᠦᠷᠦᠭᠰᠡᠨ ᠪᠤᠯᠪᠠᠴᠤ 18 ᠪᠦᠬᠦᠯᠢ ᠨᠠᠰᠤᠨ ᠳᠤ ᠬᠦᠷᠦᠭᠡᠳᠦᠢ ᠠᠩᠬ᠎ᠠ   ᠤᠳᠠᠭ᠎ᠠ   ᠠᠮᠤᠷ ᠢ ᠬᠠᠮᠠᠭᠠᠯᠠᠬᠤ ᠬᠠᠮᠢᠶᠠᠷᠤᠯᠳᠠ ᠠᠴᠠ ᠵᠦᠷᠢᠴᠠᠵᠦ ᠪᠠᠶᠢᠬᠤ ᠬᠦᠮᠦᠨ︔           ︵3︶ 70 ᠪᠦᠬᠦᠯᠢ ᠨᠠᠰᠤᠨ ᠠᠴᠠ ᠲᠡᠭᠡᠭᠰᠢᠬᠢ ᠬᠦᠮᠦᠨ︔           ︵4︶ ᠵᠢᠷᠮᠤᠰᠤᠨ ᠪᠤᠶᠤ 1 ᠤᠢ ᠬᠦᠷᠦᠭᠡᠳᠦᠢ ᠨᠢᠯᠬ᠎ᠠ ᠬᠡᠦᠭᠡᠳ ᠬᠦᠬᠦᠬᠦᠯᠵᠦ ᠪᠠᠶᠢᠬᠤ ᠬᠦᠮᠦᠨ ᠵᠡᠷᠭᠡ   ᠲᠦᠷᠪᠡᠨ   ᠵᠦᠢᠯ ᠤᠨ ᠪᠠᠶᠢᠳᠠᠯ ᠲᠤᠤᠷ᠎ᠠ ᠵᠠᠰᠠᠭ ᠵᠠᠬᠢᠷᠭᠠᠨ ᠤ ᠲᠦᠷ ᠬᠤᠷᠢᠬᠤ ᠰᠢᠳᠭᠡᠯ ᠦᠭᠬᠦ ᠪᠠᠷ ᠲᠤᠭᠳᠠᠭᠰᠠᠨ   ᠪᠤᠯᠪᠠᠴᠤ ᠬᠠᠤᠯᠢ   ᠶᠤᠰᠤᠭᠠᠷ ᠲᠦᠷ ᠬᠤᠷᠢᠬᠤ ᠰᠢᠳᠭᠡᠯ ᠢ ᠬᠡᠷᠡᠭᠵᠢᠬᠦᠯᠬᠦ ᠦᠭᠡᠢ ᠬᠡᠵᠦ ᠲᠤᠭᠳᠠᠭᠠᠵᠠᠢ᠃             ᠲᠤᠰ ᠲᠤᠭᠳᠠᠭᠠᠯ ᠢ ᠲᠤᠤᠷᠠᠬᠢ ᠮᠡᠳᠦ ᠤᠢᠢᠯᠠᠭᠠᠬᠤ ᠬᠡᠷᠡᠭᠳᠡᠢ᠃           1. ᠲᠡᠭᠡᠷ᠎ᠠ ᠶᠠᠷᠢᠭᠰᠠᠨ ᠬᠠᠤᠯᠢ ᠳᠤ ᠲᠤᠭᠳᠠᠭᠠᠭᠰᠠᠨ 4 ᠵᠦᠢᠯ ᠤᠨ ᠤᠨᠴᠠᠭᠠᠢ ᠪᠠᠶᠢᠳᠠᠯ ᠲᠠᠢ ᠬᠦᠮᠦᠨ ᠳᠤ ︽  ᠵᠠᠰᠠᠭ   ᠵᠠᠬᠢᠷᠭᠠᠨ ᠤ ᠲᠦᠷ ᠬᠤᠷᠢᠬᠤ ᠰᠢᠳᠭᠡᠯ ᠦᠭᠭᠦ ᠦᠭᠡᠢ︾ ᠬᠡᠰᠡᠨ ᠤᠴᠢᠷ ᠪᠢᠰᠢ᠃              2. ︽ᠠᠩᠬ᠎ᠠ ᠤᠳᠠᠭ᠎ᠠ ᠠᠮᠤᠷ ᠢ ᠬᠠᠮᠠᠭᠠᠯᠠᠬᠤ ᠬᠠᠮᠢᠶᠠᠷᠤᠯᠳᠠ ᠠᠴᠠ ᠵᠦᠷᠢᠴᠠᠵᠦ ᠪᠠᠶᠢᠬᠤ︾ ᠬᠡᠳᠡᠭ ᠢ   ᠤᠢᠢᠯᠠᠭᠠᠬᠤ ᠳᠤ ᠲᠤᠤᠷᠠᠬᠢ ᠪᠠᠶᠢᠳᠠᠯ ᠢ ᠪᠠᠶᠢᠴᠠᠭᠠᠵᠤ ᠪᠤᠯᠬᠤ ᠦᠭᠡᠢ᠄           ︵1︶ ᠠᠮᠤᠷ ᠢ ᠬᠠᠮᠠᠭᠠᠯᠠᠬᠤ ᠬᠠᠮᠢᠶᠠᠷᠤᠯᠳᠠ ᠠᠴᠠ ᠵᠦᠷᠢᠴᠠᠭᠡᠳ ᠬᠡᠳᠦ᠋ᠢᠪᠠᠷ ᠲᠤᠳᠤᠭᠠᠳᠤ ᠶᠢ ᠬᠠᠮᠠᠭᠠᠯᠠᠬᠤ   ᠪᠠᠶᠢᠭᠤᠯᠤᠯᠭ᠎ᠠ ᠳᠤ ᠰᠢᠳᠭᠡᠭᠳᠡᠭᠰᠡᠨ ᠦᠭᠡᠢ ᠪᠤᠯᠪᠠᠴᠤ ᠬᠠᠤᠯᠢ ᠳᠤ ᠲᠤᠭᠳᠠᠭᠠᠭᠰᠠᠨ ᠨᠡᠬᠡᠮᠵᠢᠯᠠᠬᠦ ᠬᠦᠴᠦᠨ ᠲᠠᠢ   ᠬᠤᠭᠤᠴᠠᠭᠠᠨ ᠳᠠᠭᠠᠨ ᠪᠠᠶᠢᠬᠤ︔           ︵2︶ 16 ᠪᠦᠬᠦᠯᠢ ᠨᠠᠰᠤ ᠬᠦᠷᠦᠭᠰᠡᠨ ᠦᠭᠡᠢ ᠠᠴᠠ ᠪᠤᠯᠵᠤ᠂ ᠵᠠᠰᠠᠭ ᠵᠠᠬᠢᠷᠭᠠᠨ ᠤ ᠲᠦᠷ ᠬᠤᠷᠢᠬᠤ   ᠰᠢᠳᠭᠡᠯ ᠢ   ᠬᠡᠷᠡᠭᠵᠢᠬᠦᠯᠦᠭᠰᠨᠨ ᠦᠭᠡᠢ ᠪᠠᠶᠢᠬᠤ︔           ︵3︶ ᠠᠮᠤᠷ ᠢ ᠬᠠᠮᠠᠭᠠᠯᠠᠬᠤ ᠬᠠᠮᠢᠶᠠᠷᠤᠯᠳᠠ ᠠᠴᠠ ᠵᠦᠷᠢᠴᠠᠭᠡᠳ᠂ ᠲᠤᠳᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ  ᠎ ᠠᠴᠠ ᠡᠶᠡᠳᠡᠭᠦᠯᠦᠨ ᠰᠢᠳᠭᠡᠵᠤ ᠦᠡᠭᠭᠡᠷᠡᠭᠰᠨᠨ︔           ︵4︶ ᠬᠤᠷᠢᠶᠠᠮᠵᠢᠶᠠᠯᠠᠭᠳᠠᠨ ᠰᠤᠷᠭᠠᠭᠳᠠᠵᠤ᠂ ᠬᠦᠳᠡᠯᠮᠤᠷᠢ ᠪᠠᠷ ᠰᠤᠷᠭᠠᠭᠳᠠᠵᠤ ᠦᠡᠭᠭᠡᠷᠡᠭᠰᠡᠨ︔           ︵5︶ ᠤᠯᠠᠨ ᠨᠡᠶᠢᠳᠡ ᠶᠢᠨ ᠡᠮᠬᠢ ᠲᠢᠭᠯᠢᠮ ᠢ ᠰᠠᠮᠠᠭᠤᠷᠠᠭᠤᠯᠵᠤ᠂ ᠤᠯᠠᠨ ᠨᠠᠶᠢᠳᠠ ᠶᠢᠨ ᠠᠮᠤᠷ ᠲᠦᠪᠰᠢᠨ ᠢ   ᠬᠠᠷᠰᠢᠯᠠᠨ᠂ ᠪᠤᠰᠤᠳ ᠤᠨ ᠪᠠᠶ᠎ᠠ ᠶᠢᠨ ᠡᠷᠭᠡ᠂ ᠪᠤᠳᠠᠰ ᠤᠨ ᠡᠷᠭᠡ ᠳᠤ ᠬᠠᠯᠳᠠᠵᠤ᠂ ᠨᠠᠶᠢᠭᠡᠮ ᠤᠨ ᠬᠠᠮᠢᠶᠠᠷᠤᠯᠳᠠ ᠶᠢ   ᠬᠠᠷᠰᠢᠯᠠᠭᠰᠠᠨ ᠵᠡᠷᠭᠡ ᠠᠵᠢᠯᠯᠠᠭ᠎ᠠ ᠪᠠᠷ ᠠᠷᠠᠳ ᠤᠨ ᠰᠢᠬᠦᠬᠦ ᠬᠤᠷᠢᠶᠠᠨ ᠠᠴᠠ ᠡᠷᠡᠭᠦᠦ ᠶᠢᠨ ᠰᠢᠳᠭᠡᠯ ᠢᠶᠠᠷ   ᠰᠢᠳᠭᠡᠭᠳᠡᠭᠰᠡᠨ   ᠪᠤᠶᠤ ᠲᠡᠷᠡ ᠰᠢᠳᠭᠡᠯ ᠠᠴᠠ ᠨᠢ ᠬᠡᠯᠳᠦᠷᠢᠬᠦᠯᠦᠭᠰᠡᠨ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号