ᠳᠠᠷᠤᠭᠠᠰᠤ ᠪᠠᠨ ᠬᠦᠩᠬᠡᠯᠡᠬᠦ ᠠᠷᠭ᠎ᠠ
ᠨᠡᠶᠢᠲᠡᠯᠡᠭᠰᠡᠨ ᠴᠠᠭ᠄
2024/9/3
     ᠠᠵᠢᠯ ᠤᠨ ᠲᠠᠷᠤᠭᠠᠰᠦ᠂ ᠠᠮᠢᠳᠤᠷᠠᠯ ᠠᠴᠠ ᠪᠤᠯᠤᠭᠰᠠᠨ ᠠᠯᠢᠪᠠ ᠤᠴᠢᠷ ᠨᠢ ᠬᠦᠮᠦᠰ ᠢ ᠦᠷᠬᠦᠯᠵᠢ ᠶᠠᠳᠠᠷᠠᠭ᠎ᠠ ᠳᠤ ᠠᠪᠲᠠᠭᠤᠯᠳᠠᠭ᠃ ᠡᠶᠢᠮᠤᠷᠬᠦᠦ ᠪᠠᠶᠢᠳᠠᠯ ᠳᠤ ᠪᠢᠳᠠ ᠬᠡᠷᠬᠢᠨ ᠪᠡᠶ᠎ᠡ ᠰᠡᠳᠭᠢᠯ ᠢᠶᠠᠨ ᠲᠠᠶᠢᠪᠤᠩ ᠪᠠᠶᠢᠯᠭᠠᠬᠤ ᠪᠤᠢ︖ ᠡᠨᠡ ᠲᠤᠬᠠᠢ ᠡᠮᠴᠢ ᠶᠢᠨ ᠰᠠᠨᠠᠭᠤᠯᠭ᠎ᠠ ᠪᠠᠷ ᠲᠤᠤᠷᠠᠬᠢ ᠬᠡᠲᠦᠨ ᠲᠠᠯ᠎ᠠ ᠶᠢᠨ ᠵᠦᠪᠯᠡᠯᠭᠡ ᠶᠢ ᠬᠦᠷᠭᠡᠵᠦ ᠪᠠᠶᠢᠨ᠎ᠠ᠃      ᠠᠮᠢᠰᠬᠤᠯ ᠢᠶᠠᠷ ᠲᠠᠶᠢᠪᠤᠰᠢᠷᠠᠬᠤ ᠠᠷᠭ᠎ᠠ᠄ ᠬᠦᠨ ᠠᠮᠢᠰᠬᠤᠭ᠎ᠠ ᠠᠪᠬᠤ ᠨᠢ ᠭᠡᠨᠡᠳᠳᠡ ᠶᠢᠨ ᠠᠭᠤᠷ ᠤᠴᠠᠭᠠᠷ ᠢ ᠨᠠᠮᠳᠠᠭᠠᠵᠤ ᠲᠡᠶᠢᠯᠦᠨ᠎ᠡ᠃ ᠳᠠᠷᠤᠢ ᠭᠦᠨ ᠠᠮᠢᠰᠬᠤᠭᠠᠳ ᠠᠮᠢᠰᠬᠤᠯ ᠢᠶᠠᠨ ᠠᠯᠭᠤᠷ ᠬᠡᠪᠡᠯᠢ ᠶᠢᠨ ᠬᠡᠰᠡᠭ ᠲᠡᠭᠡᠨ ᠬᠦᠷᠭᠡᠵᠦ᠂ ᠲᠠᠷᠠᠭ᠎ᠠ ᠨᠢ ᠬᠠᠪᠢᠷᠭ᠎ᠠ ᠶᠢᠨ ᠶᠠᠰᠤᠨ ᠤ ᠬᠡᠰᠡᠭ ᠲᠡᠭᠡᠨ ᠬᠦᠷᠭᠡᠵᠦ᠂ ᠲᠠᠬᠢᠨ ᠠᠭᠠᠵᠢᠮ ᠢᠶᠠᠷ ᠠᠮᠢᠰᠬᠤᠨ ᠭᠠᠷᠭᠠᠬᠤ ᠶᠢ ᠬᠡᠯᠡᠨ᠎ᠡ᠃      ᠪᠤᠯᠴᠢᠩ ᠰᠢᠷᠪᠤᠰᠦ ᠪᠠᠷ ᠲᠠᠶᠢᠪᠤᠰᠢᠷᠠᠭᠤᠯᠬᠤ ᠠᠷᠭ᠎ᠠ᠄ 3 ᠮᠢᠨᠦ᠋ᠲ ᠤᠨ ᠲᠤᠳᠤᠷ᠎ᠠ ᠲᠤᠤᠷᠠᠬᠢ ᠮᠡᠲᠦ ᠬᠦᠳᠡᠯᠭᠡᠭᠡᠨ ᠢ ᠲᠠᠬᠢᠨ ᠲᠠᠪᠳᠠᠨ ᠬᠢᠵᠦ ᠲᠠᠶᠢᠪᠤᠰᠢᠷᠠᠭᠤᠯᠬᠤ︔ ① ᠨᠢᠲᠤ ᠪᠠᠨ ᠠᠨᠢᠭᠠᠳ ᠰᠠᠭᠤᠬᠤ᠃ ②6 ᠰᠧᠺᠦ᠋ᠨ᠋ᠳ᠋ ᠪᠦᠷᠢ ᠳᠤ ᠠᠮᠢᠰᠬᠤᠬᠤ ᠳᠠᠭᠠᠨ ᠪᠤᠯᠴᠢᠩ ᠰᠢᠷᠪᠤᠰᠦ ᠪᠠᠨ ᠴᠢᠩᠭᠠᠯᠠᠨ᠎ᠠ᠃ ③ ᠠᠯᠭᠤᠷ ᠢᠶᠠᠷ ᠠᠮᠢᠰᠬᠤᠨ ᠭᠠᠷᠭᠠᠬᠤ ᠶᠢᠨ ᠲᠠᠭᠠᠦ ᠪᠡᠶ᠎ᠡ ᠪᠠᠨ ᠰᠤᠯᠠ ᠲᠠᠯᠪᠢᠵᠤ᠂ ᠠᠶᠢᠵᠠᠮ ᠲᠠᠢ ᠪᠠᠷ ᠬᠤᠷᠢᠨ ᠮᠢᠨᠦ᠋ᠲ ᠠᠮᠢᠰᠬᠤᠭ᠎ᠠ ᠠᠪᠤᠨ᠎ᠠ᠃ ④ ᠬᠤᠶᠠᠷ ᠤᠳᠠᠭ᠎ᠠ ᠲᠠᠪᠳᠠᠵᠤ ᠬᠢᠨ᠎ᠡ᠃       ᠪᠡᠶ᠎ᠡ ᠪᠠᠨ ᠬᠠᠯᠠᠭᠤᠨ ᠤᠰᠤᠨ ᠳᠤ ᠲᠡᠪᠲᠦᠭᠡᠬᠦ᠄ ᠬᠠᠯᠠᠭᠤᠨ ᠤᠰᠤ ᠪᠠᠷ ᠪᠡᠶ᠎ᠡ ᠪᠠᠨ ᠤᠬᠢᠶᠠᠬᠤ ᠪᠤᠯ ᠬᠠᠮᠤᠭ ᠤᠨ ᠰᠠᠶᠢᠨ ᠲᠠᠶᠢᠪᠤᠰᠢᠷᠠᠭᠤᠯᠬᠤ ᠠᠷᠭ᠎ᠠ ᠪᠤᠯᠤᠨ᠎ᠠ᠃ ᠡᠨᠡ ᠦᠶ᠎ᠡ ᠳᠤ ᠪᠡᠶ᠎ᠡ ᠪᠠᠨ ᠰᠤᠯᠠ ᠪᠠᠶᠢᠯᠭᠠᠵᠤ᠂ ᠬᠠᠮᠤᠭ ᠤᠨ ᠰᠠᠶᠢᠨ ᠨᠢ ᠪᠡᠶ᠎ᠡ ᠶᠢᠨ ᠲᠤᠯᠠᠭᠠᠨ ᠠᠴᠠ ᠵᠢᠭᠠᠬᠠᠨ ᠦᠨᠲᠦᠷ ᠬᠠᠯᠠᠭᠤᠨ ᠤᠰᠤᠨ ᠳᠤ ᠲᠡᠪᠳᠦᠭᠡᠵᠦ᠂ 15 ᠮᠢᠨᠦ᠋ᠲ ᠢ ᠬᠡᠲᠦᠷᠡᠬᠦ ᠦᠭᠡᠢ ᠪᠠᠶᠢᠪᠠᠯ ᠵᠤᠬᠢᠨ᠎ᠠ᠃      ᠠᠯᠬᠤᠬᠤ᠄ ᠰᠤᠯᠠ ᠠᠯᠬᠤᠬᠤ ᠨᠢ ᠪᠠᠴᠢᠮ ᠰᠠᠨᠳᠤᠷᠤᠤ ᠤᠷᠮ᠎ᠠ ᠰᠡᠳᠭᠢᠯᠭᠡ ᠶᠢ ᠨᠠᠮᠳᠠᠭᠠᠵᠤ᠂ ᠦᠷ᠎ᠡ ᠪᠦᠲᠦᠮᠵᠢ ᠨᠢ 1-2 ᠴᠠᠭ ᠦᠷᠬᠦᠯᠵᠢᠯᠡᠨ᠎ᠡ᠃      ᠬᠦᠳᠡᠯᠭᠡᠭᠡᠨ ᠬᠢᠬᠦ᠄ ᠳᠠᠷᠤᠭᠠᠰᠤ ᠶᠢ ᠬᠦᠡᠭᠭᠡᠯᠡᠬᠦ ᠬᠠᠮᠤᠭ ᠤᠨ ᠪᠤᠳᠠᠳᠠᠢ ᠠᠷᠭ᠎ᠠ ᠪᠤᠯᠤᠨ᠎ᠠ᠃ 40 ᠮᠢᠨᠦ᠋ᠲ ᠤᠨ ᠬᠦᠳᠡᠯᠭᠡᠭᠡᠨ ᠬᠢᠪᠡᠯ ᠰᠡᠳᠬᠢᠯ ᠰᠠᠨᠠᠭ᠎ᠠ ᠶᠢ 3 ᠴᠠᠭ ᠳᠠᠶᠢᠪᠤᠰᠢᠷᠠᠭᠤᠯᠤᠨ᠎ᠠ᠃ᠰᠡᠳᠭᠢᠴᠡ ᠶᠢᠨ ᠵᠦᠪᠯᠡᠯᠭᠡ ᠬᠦᠯᠢᠶᠡᠬᠦ᠄ ᠥᠪᠡᠷ ᠢ ᠪᠠᠨ ᠲᠠᠶᠢᠪᠤᠰᠢᠷᠠᠭᠤᠯᠵᠤ ᠳᠡᠶᠢᠯᠬᠦ ᠦᠭᠡᠢ ᠪᠠᠶᠢᠳᠠᠯ ᠳᠣᠣᠷ᠎ᠠ ᠰᠡᠳᠬᠢᠴᠡ ᠵᠠᠰᠠᠯ ᠤᠨ ᠬᠦᠮᠦᠰ ᠠᠴᠠ ᠲᠤᠰᠠᠯᠠᠮᠵᠢ ᠬᠦᠰᠡᠵᠦ ᠪᠤᠯᠤᠨ᠎ᠠ᠃
 
ᠢᠷᠡᠯᠲᠡ᠄ ᠬᠦᠯᠦᠭ ᠰᠢᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号