| ᠤᠯᠠᠨ ᠲᠦᠮᠡᠨ ᠤ ᠡᠷᠡᠬᠦᠯ ᠮᠡᠨᠳᠤ ᠶᠢᠨ ᠤᠬᠠᠮᠰᠠᠷ ᠢ ᠲᠡᠭᠡᠭᠰᠢᠯᠡᠬᠦᠯᠬᠦ ᠶᠢᠨ ᠲᠦᠯᠦᠬᠡ᠂ ᠤᠶᠢᠷ᠎ᠠ ᠳᠤ | ᠠᠶᠢᠮᠠᠭ ᠤᠨ ᠡᠷᠡᠬᠦᠯ ᠬᠠᠮᠠᠭᠠᠯᠠᠯ ᠡᠷᠡᠬᠦᠯ ᠮᠡᠨᠳᠤ ᠶᠢᠨ ᠵᠦᠪᠯᠡᠯ ᠠᠶᠢᠮᠠᠭ ᠤᠨ ᠮᠤᠩᠭᠤᠯ ᠡᠮᠨᠡᠯᠬᠡ ᠶᠢᠨ ᠬᠤᠷᠢᠶ᠎ᠠ᠂ | ᠠᠶᠢᠮᠠᠭ ᠤᠨ ᠲᠦᠯᠦᠪᠯᠡᠭᠡᠳᠤ ᠦᠷᠡᠵᠢᠯ ᠤᠨ ᠨᠡᠶᠢᠬᠡᠮᠯᠢᠭ ᠲᠠᠢ ᠬᠠᠮᠳᠤᠷᠠᠨ ᠵᠠᠯᠠᠶᠢᠳ ᠬᠤᠰᠢᠭᠤᠨ ᠤ ᠪᠠᠶᠠᠨᠭᠤᠤᠯ | ᠪᠠᠯᠭᠠᠰᠦ ᠶᠢᠨ ᠪᠠᠶᠠᠨᠵᠢᠷᠦᠬᠡ ᠲᠤᠰᠬᠤᠨ ᠳᠤ ᠬᠦᠷᠴᠦ ᠠᠯᠪᠠᠨ ᠵᠢᠷᠦᠮ ᠤᠨ ᠡᠮᠴᠢᠯᠡᠭᠡ ᠶᠢᠨ ᠠᠵᠢᠯᠯᠠᠭ᠎ᠠ ᠦᠷᠨᠢᠬᠦᠯᠵᠡᠢ | ᠃ | ᠠᠵᠢᠯᠯᠠᠭ᠎ᠠ ᠳᠤ᠂ ᠠᠶᠢᠮᠠᠭ ᠤᠨ ᠲᠦᠯᠦᠪᠯᠡᠭᠡᠳᠤ ᠦᠷᠡᠵᠢᠯ ᠤᠨ ᠨᠡᠶᠢᠭᠡᠮᠯᠢᠭ ᠤᠨ ᠬᠡᠰᠢᠬᠦᠳ ᠤᠯᠠᠨ | ᠲᠦᠮᠡᠨ ᠳᠤ ︽ᠭᠤᠷᠪᠠᠨ ᠬᠡᠤᠬᠡᠳ ᠤᠨ ᠲᠦᠷᠦ ᠶᠢᠨ ᠪᠤᠳᠤᠯᠭ᠎ᠠ︾᠂ ᠡᠷᠡᠬᠦᠯ ᠴᠢᠬᠢᠷᠠᠭ ᠠᠮᠢᠳᠦᠷᠠᠯ ᠤᠨ ᠠᠷᠭ᠎ᠠ | ᠮᠠᠶ᠋ᠢᠭ ᠵᠡᠷᠭᠡ ᠲᠥᠷᠥ ᠶᠢᠨ ᠪᠤᠳᠤᠯᠭ᠎ᠠ᠂ ᠡᠷᠠᠬᠦᠯ ᠮᠠᠨᠳᠥ ᠶᠢᠨ ᠮᠡᠳᠡᠯᠬᠡ ᠶᠢ ᠲᠠᠶᠢᠯᠪᠦᠷᠢᠯᠠᠬᠰᠠᠨ ᠪᠦᠭᠡᠳ | ᠤᠬᠠᠭᠤᠯᠭ᠎ᠠ ᠶᠢᠨ ᠬᠠᠭᠤᠳᠠᠰᠦ ᠲᠠᠷᠬᠠᠭᠠᠵᠠᠢ᠃ ᠠᠶᠢᠮᠠᠭ ᠤᠨ ᠮᠤᠩᠭᠤᠯ ᠡᠮᠨᠡᠯᠬᠡ ᠶᠢᠨ ᠬᠤᠷᠢᠶ᠎ᠠ ᠶᠢᠨ ᠲᠡᠯᠢᠬᠦᠦ | ᠬᠤᠳᠤᠭᠤᠳᠤ ᠶᠢᠨ ᠡᠪᠡᠳᠴᠢᠨ ᠤ ᠰᠠᠯᠠᠭ᠎ᠠ᠂ ᠢᠯᠡᠷᠡᠭᠡᠳᠦᠢ ᠡᠪᠡᠳᠴᠢᠨ ᠤ ᠰᠠᠯᠠᠭ᠎ᠠ ᠶᠢᠨ ᠡᠮᠴᠢᠯᠡᠬᠡᠨ ᠤ ᠪᠦᠯᠬᠦᠮ | ᠡᠮᠴᠢᠯᠡᠬᠦᠯᠬᠦ ᠪᠠᠷ ᠢᠷᠡᠭᠰᠡᠨ ᠤᠯᠠᠨ ᠲᠦᠮᠡᠨ ᠳᠤ ᠪᠡᠶ᠎ᠡ ᠶᠢᠨ ᠪᠠᠶᠢᠴᠠᠭᠠᠯᠳᠠ ᠬᠢᠵᠦ ᠦᠭᠬᠦᠭᠰᠡᠨ ᠪᠦᠭᠡᠳ ᠲᠤᠰᠬᠠᠢ | ᠮᠡᠷᠬᠡᠵᠢᠯ ᠤᠨ ᠤᠨᠤᠰᠢᠯᠠᠨ ᠵᠠᠰᠠᠬᠤ ᠰᠠᠨᠠᠭᠤᠯᠭ᠎ᠠ ᠲᠤᠷᠠᠳᠴᠦ ᠦᠭᠴᠡᠢ᠃ ᠡᠮᠴᠢ ᠨᠠᠷ ᠠᠴᠠ ᠪᠠᠰᠠ ᠠᠷᠬᠠᠭ | ᠡᠪᠡᠳᠴᠢᠨ ᠲᠠᠢ ᠬᠦᠮᠦᠰ ᠲᠤ ᠦᠪᠡᠷᠮᠢᠴᠢᠯᠡᠭᠰᠡᠨ ᠡᠷᠡᠬᠦᠯ ᠬᠠᠮᠠᠭᠠᠯᠠᠯ ᠤᠨ ᠬᠠᠮᠢᠶᠠᠷᠦᠯᠳᠠ ᠶᠢᠨ ᠲᠦᠰᠦᠪ | ᠲᠤᠬᠳᠠᠭᠠᠵᠦ᠂ ᠢᠳᠡᠬᠡᠨ ᠤᠮᠳᠠᠭᠠᠨ᠂ ᠪᠡᠶ᠎ᠡ ᠪᠠᠨ ᠪᠤᠯᠪᠠᠰᠦᠷᠠᠭᠤᠯᠬᠤ ᠪᠠ ᠡᠮ ᠢᠶᠠᠷ ᠵᠠᠰᠠᠬᠤ ᠵᠡᠷᠭᠡ ᠲᠠᠯ᠎ᠠ ᠪᠠᠷ | ᠰᠠᠨᠠᠭᠤᠯᠭ᠎ᠠ ᠲᠤᠷᠠᠳᠴᠦ ᠦᠭᠴᠡᠢ᠃ | | | |