| | ᠤᠶᠢᠷ᠎ᠠ ᠶᠢᠨ ᠡᠳᠦᠷ᠂ ᠤᠮᠠᠷᠠᠳᠤ ᠬᠢᠯᠢ ᠶᠢᠨ ᠰᠤᠶᠤᠯ ᠢ ᠪᠠᠳᠠᠷᠠᠭᠤᠯᠵᠦ᠂ ᠮᠠᠯᠴᠢᠨ ᠲᠠᠷᠢᠶᠠᠴᠢᠨ ᠤ ︽ | ᠲᠤᠰᠬᠤᠨ ᠤ TV︾ ᠶᠢᠨ ᠲᠤᠬᠯᠠᠯᠳᠠ ᠵᠠᠯᠠᠶᠢᠳ ᠬᠤᠰᠢᠭᠤᠨ ᠤ ᠪᠠᠳᠠᠷᠠᠬᠤ ᠪᠠᠯᠭᠠᠰᠦ ᠶᠢᠨ ᠠᠨᠠᠷ ᠤᠨ ᠦᠷ᠎ᠡ | ᠠᠭᠤᠳᠠᠮ ᠲᠠᠯᠠᠪᠠᠢ ᠳᠤ ᠶᠠᠪᠤᠬᠳᠠᠵᠦ᠂ ᠡᠯ᠎ᠡ ᠦᠨᠳᠦᠰᠦᠳᠡᠨ ᠤ ᠤᠯᠠᠨ ᠲᠦᠮᠡᠨ ᠤ ᠬᠠᠷᠠᠭ᠎ᠠ ᠰᠤᠨᠤᠷ ᠢ ᠪᠠᠶᠠᠰᠬᠠᠵᠦ᠂ | ᠲᠤᠮᠳᠠᠳᠤ ᠶᠢᠨ ᠰᠢᠯᠢᠳᠡᠭ ᠤᠯᠠᠮᠵᠢᠯᠠᠯᠳᠤ ᠰᠤᠶᠤᠯ ᠤᠨ ᠷᠢᠳᠢ ᠰᠢᠳᠢ ᠶᠢ ᠤᠶᠢᠯᠠᠭᠠᠭᠤᠯᠵᠠᠢ᠃ | ᠡᠨᠡ ᠵᠢᠯ᠂ ᠵᠠᠯᠠᠶᠢᠳ ᠬᠤᠰᠢᠭᠤ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ | ᠪᠠᠳᠦ ᠴᠤᠬᠴᠠᠯᠠᠬᠤ ︽ᠲᠠᠪᠦᠨ ᠨᠢᠬᠡ︾ ᠤᠯᠠᠨ ᠲᠦᠮᠡᠨᠴᠢ ᠠᠵᠢᠯ ᠤᠨ ᠠᠷᠭ᠎ᠠ ᠶᠢ ᠪᠠᠳᠦᠳᠠᠢ ᠬᠡᠷᠡᠭᠵᠢᠬᠦᠯᠵᠦ᠂ | ᠤᠯᠠᠷᠢᠯ ᠪᠦᠷᠢ ᠡᠯ᠎ᠡ ᠦᠨᠳᠦᠰᠦᠳᠡᠨ ᠤ ᠤᠯᠠᠨ ᠲᠦᠮᠡᠨ ᠢ ᠲᠠᠭᠠᠭᠤᠯᠤᠨ ︽ᠲᠠᠪᠦᠨ ᠨᠢᠬᠡ︾ ᠶᠢᠨ ᠠᠵᠢᠯᠯᠠᠭ᠎ᠠ ︵ | ᠨᠢᠬᠡ ᠤᠳᠠᠭᠠᠨ ᠤ ᠤᠯᠠᠨ ᠲᠦᠮᠡᠨᠴᠢ ᠬᠦᠮᠦᠵᠢᠯ ᠦᠢᠯᠡᠳᠦᠯᠬᠡ ᠶᠢᠨ ᠠᠵᠢᠯᠯᠠᠭ᠎ᠠ᠂ ᠨᠢᠬᠡ ᠤᠳᠠᠭᠠᠨ ᠤ ᠠᠵᠦ | ᠦᠢᠯᠡᠰ ᠤᠨ ᠬᠦᠭᠵᠢᠯᠳᠡ ᠶᠢᠨ ᠠᠵᠢᠯᠯᠠᠭ᠎ᠠ᠂ ᠨᠢᠬᠡ ᠤᠳᠠᠭᠠᠨ ᠤ ᠰᠤᠶᠤᠯ ᠤᠨ ᠰᠤᠯᠢᠯᠴᠠᠭᠠᠨ ᠤ ᠠᠵᠢᠯᠯᠠᠭ᠎ᠠ᠂ ᠨᠢᠬᠡ | ᠤᠳᠠᠭᠠᠨ ᠤ ᠬᠦᠮᠦᠨ ᠠᠷᠠᠳ ᠤᠨ ᠰᠠᠭᠤᠷᠢᠰᠢᠬᠤ ᠤᠷᠴᠢᠨ ᠢ ᠴᠡᠭᠴᠡᠯᠡᠨ ᠵᠠᠰᠠᠬᠤ ᠠᠵᠢᠯᠯᠠᠭ᠎ᠠ᠂ ᠨᠢᠬᠡ ᠤᠳᠠᠭᠠᠨ ᠤ | ᠵᠦᠷᠢᠴᠡᠯ ᠵᠢᠭᠤᠷᠠᠯᠳᠤᠭᠠᠨ ᠤ ᠲᠦᠭᠰᠢᠬᠦᠷᠢ ᠲᠠᠯᠳᠠ ᠬᠡᠮ ᠢ ᠪᠠᠶᠢᠴᠠᠭᠠᠬᠤ ᠠᠵᠢᠯᠯᠠᠭ᠎ᠠ︶ ᠶᠢ ᠦᠷᠨᠢᠬᠦᠯᠵᠦ᠂ ᠡᠯ᠎ᠡ | ᠦᠨᠳᠦᠰᠦᠳᠡᠨ ᠤ ᠤᠯᠠᠨ ᠲᠦᠮᠡᠨ ᠤ ᠬᠠᠮᠳᠤᠪᠡᠷ ᠰᠤᠷᠤᠯᠴᠠᠨ᠂ ᠬᠠᠮᠳᠤᠪᠡᠷ ᠪᠠᠶᠢᠭᠤᠯᠤᠨ ᠬᠠᠮᠳᠤᠪᠡᠷ ᠡᠳ᠋ᠯᠡᠬᠦ | ᠨᠦᠬᠦᠴᠡᠯ ᠢ ᠢᠳᠡᠪᠬᠢᠳᠡᠢ ᠪᠤᠢ ᠪᠤᠯᠭᠠᠵᠦ᠂ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠬᠴᠠ ᠶᠢᠨ | ᠤᠬᠠᠮᠰᠠᠷ ᠢ ᠤᠯᠠᠨ ᠲᠥᠮᠠᠨ ᠤ ᠰᠡᠳᠬᠢᠯ ᠳᠤ ᠬᠦᠨ ᠬᠠᠳᠠᠩᠰᠢᠭᠤᠯᠵᠦ ᠪᠤᠢ᠃ ᠤᠳᠤᠬᠠᠨ᠂ ᠪᠦᠬᠦ ᠬᠤᠰᠢᠭᠤᠨ ᠤ | ᠰᠤᠩᠭᠤᠨ ᠲᠤᠭᠲᠠᠭᠠᠭᠰᠠᠨ 20 ᠭᠠᠴᠠᠭ᠎ᠠ ᠲᠤᠰᠬᠤᠨ᠂ ᠬᠤᠳᠠ ᠪᠠᠯᠭᠠᠰᠦ ᠶᠢᠨ 2 ᠨᠡᠶᠢᠬᠡᠮ ᠲᠤᠭᠤᠷᠢᠭ᠂ 22 | ᠦᠨᠳᠦᠰᠦᠨ ᠱᠠᠳᠦᠨ ᠤ ᠪᠠᠶᠢᠭᠤᠯᠭ᠎ᠠ ᠶᠢᠨ ᠲᠤᠷᠰᠢᠯᠳᠠ ᠶᠢᠨ ᠠᠵᠢᠯ ᠢ ᠪᠦᠬᠦᠨ ᠢ ᠡᠬᠢᠯᠡᠬᠦᠯᠵᠠᠢ᠃ | ᠤᠶᠢᠷ᠎ᠠ ᠶᠢᠨ ᠡᠳᠦᠷ᠂ ︽ᠨᠠᠮ ᠤᠨ ᠬᠤᠷᠢᠳᠤᠭᠠᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯ ᠤᠨ | ᠵᠤᠷᠢᠭ ᠰᠠᠨᠠᠭ᠎ᠠ ᠶᠢ ᠤᠬᠠᠭᠤᠯᠤᠨ ᠲᠠᠶᠢᠯᠪᠦᠷᠢᠯᠠᠬᠤ + ᠤᠷᠠᠨ ᠰᠠᠶᠢᠬᠠᠨ ᠤ ᠲᠤᠬᠯᠠᠯᠳᠠ + ᠬᠠᠤᠯᠢ ᠲᠦᠬᠡᠮᠡᠯᠵᠢᠬᠦᠯᠬᠦ | ᠤᠬᠠᠭᠤᠯᠭ᠎ᠠ︾᠂ ︽ᠬᠦᠳᠡᠭᠡ ᠲᠤᠰᠬᠤᠨ ᠳᠤ ᠬᠦᠰᠡᠯ ᠵᠡᠬᠦᠳᠤ ᠪᠠᠨ ᠲᠡᠷᠬᠡᠯᠰᠢᠬᠦᠯᠦᠶ᠎ᠡ · ᠪᠢᠳᠡᠨ ᠤ ᠤᠷᠠᠯᠢᠭ ᠤᠨ | ᠲᠡᠪᠴᠡᠩ︾ ᠪᠦᠬᠦ ᠠᠷᠠᠳ ᠤᠨ ᠲᠤᠰᠬᠤᠨ ᠤ TV ᠶᠢᠨ ᠠᠵᠢᠯᠯᠠᠭ᠎ᠠ ᠶᠢ ᠪᠤᠯᠭᠠᠨᠬᠤᠸᠠ ᠰᠤᠮᠤ ᠳᠤ | ᠦᠷᠨᠢᠬᠦᠯᠦᠭᠰᠡᠨ ᠨᠢ ᠨᠠᠮ ᠤᠨ ᠬᠤᠷᠢᠳᠤᠭᠠᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯ ᠤᠨ ᠵᠤᠷᠢᠭ | ᠰᠠᠨᠠᠭ᠎ᠠ ᠶᠢ ᠲᠦᠮᠡ ᠮᠢᠩᠭᠠᠨ ᠡᠷᠦᠬᠡ ᠳᠤ ᠤᠯᠠᠮᠵᠢᠯᠠᠬᠰᠠᠨ ᠪᠦᠭᠡᠳ ᠲᠤᠬᠠᠢ ᠶᠢᠨ ᠭᠠᠵᠠᠷ ᠤᠨ ᠤᠯᠠᠨ ᠲᠦᠮᠡᠨ ᠳᠤ | ᠰᠤᠶᠤᠯ ᠪᠤᠯᠤᠨ ᠨᠠᠮ ᠤᠨ ᠲᠦᠷᠦ ᠶᠢᠨ ᠪᠤᠳᠤᠯᠭ᠎ᠠ ᠶᠢ ᠤᠯᠠᠮᠵᠢᠯᠠᠵᠦ᠂ ᠪᠦᠬᠦ ᠬᠤᠰᠢᠭᠤᠨ ᠳᠤ ᠦᠨᠳᠦᠰᠦᠳᠡᠨ ᠤ | ᠪᠦᠯᠬᠦᠮᠳᠡᠯ ᠲᠠᠪᠰᠢᠯᠳᠠ ᠶᠢᠨ ᠰᠠᠷ᠎ᠠ ᠶᠢᠨ ᠠᠵᠢᠯᠯᠠᠭ᠎ᠠ ᠶᠢ ᠦᠷᠭᠡᠨ ᠢᠶᠠᠷ ᠦᠷᠨᠢᠬᠦᠯᠬᠦ ᠶᠢ ᠬᠦᠳᠦᠯᠦᠨ ᠵᠢᠯᠤᠭᠤᠳᠴᠦ᠂ | ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ ᠪᠠᠳᠦ ᠴᠤᠬᠴᠠᠯᠠᠬᠤ ᠳᠤ ᠰᠢᠯᠢᠳᠡᠭ | ᠠᠭᠤᠷ ᠠᠮᠢᠰᠬᠤᠯ ᠢ ᠡᠬᠦᠳᠴᠡᠢ᠃ | ᠵᠠᠯᠠᠶᠢᠳ ᠬᠤᠰᠢᠭᠤ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ ᠪᠠᠳᠦ | ᠴᠤᠬᠴᠠᠯᠠᠬᠤ ᠤᠬᠠᠭᠤᠯᠭ᠎ᠠ ᠬᠦᠮᠦᠵᠢᠯ ᠤᠨ ᠰᠢᠨ᠎ᠠ ᠠᠷᠭ᠎ᠠ ᠠᠪᠴᠠᠯ ᠢ ᠲᠠᠰᠦᠷᠠᠯᠳᠠ ᠦᠬᠡᠢ ᠡᠷᠢᠯᠬᠢᠯᠡᠵᠦ᠂ ᠠᠴᠢ | ᠡᠨᠡᠷᠢᠯ ᠤᠨ ᠬᠦᠮᠦᠵᠢᠯ ᠢ ᠰᠠᠶᠢᠳᠦᠷ ᠠᠳᠬᠤᠬᠤ᠂ ᠤᠯᠤᠰ ᠤᠨ ᠨᠡᠶᠢᠳᠡᠮ ᠬᠡᠷᠡᠭᠯᠡᠬᠦ ᠦᠬᠡ ᠬᠡᠯᠡ ᠦᠰᠦᠭ | ᠪᠢᠴᠢᠭ ᠤᠨ ᠬᠦᠮᠦᠵᠢᠯ ᠢ ᠰᠠᠶᠢᠳᠦᠷ ᠠᠳᠬᠤᠬᠤ᠂ ᠬᠠᠤᠯᠢᠵᠢᠯ ᠤᠨ ᠬᠦᠮᠦᠵᠢᠯ ᠢ ᠦᠷᠬᠦᠯᠵᠢ ᠴᠢᠩᠭᠠᠳᠬᠠᠵᠦ᠂ ︽ | ᠵᠠᠯᠠᠶᠢᠳ ᠬᠤᠰᠢᠭᠤᠨ ᠳᠤ ᠤᠯᠠᠭᠠᠨ ᠠᠨᠠᠷ ᠤᠯᠠᠶᠢᠨ᠎ᠠ ︿ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ | ᠴᠤᠬᠴᠠ ᠶᠢᠨ ᠤᠬᠠᠮᠰᠠᠷ ᠢ ᠪᠠᠳᠦ ᠴᠤᠬᠴᠠᠯᠠᠬᠤ ᠤᠬᠠᠭᠤᠯᠭ᠎ᠠ ᠶᠢ ᠲᠦᠮᠡ ᠮᠢᠩᠭᠠᠨ ᠡᠷᠦᠬᠡ ᠳᠤ ᠬᠦᠷᠭᠡᠨ᠎ᠡ﹀︾ ᠬᠡᠭᠦ | ᠭᠤᠤᠯ ᠰᠡᠳᠤᠪᠳᠤ ᠰᠢᠷᠢᠰ ᠠᠵᠢᠯᠯᠠᠭ᠎ᠠ ᠶᠢ ᠵᠤᠬᠢᠶᠠᠨ ᠪᠠᠶᠢᠭᠤᠯᠤᠨ ᠦᠷᠨᠢᠬᠦᠯᠵᠦ᠂ ︽ᠤᠳᠬ᠎ᠠ ᠤᠷᠠᠯᠢᠭ + | ᠤᠬᠠᠭᠤᠯᠭ᠎ᠠ︾᠂ ︽ᠰᠠᠶᠢᠨ ᠲᠤᠷ᠎ᠠ ᠶᠢᠨ ᠦᠢᠯᠡᠴᠢᠯᠡᠭᠡ + ᠤᠬᠠᠭᠤᠯᠭ᠎ᠠ︾ ᠶᠢᠨ ᠠᠷᠭ᠎ᠠ ᠪᠠᠷ ᠨᠢᠬᠡ ᠤᠳᠠᠭᠠᠨ ᠤ | ᠤᠯᠠᠨ ᠲᠦᠮᠡᠨᠴᠢ ᠬᠦᠮᠦᠵᠢᠯ ᠦᠢᠯᠡᠳᠦᠯᠬᠡ ᠶᠢᠨ ᠠᠵᠢᠯᠯᠠᠭ᠎ᠠ ᠶᠢ ᠦᠷᠨᠢᠬᠦᠯᠵᠦ᠂ ᠲᠤᠮᠳᠠᠳᠤ ᠶᠢᠨ ᠦᠨᠳᠦᠰᠦᠳᠡᠨ ᠤ | ᠬᠠᠮᠳᠤ ᠶᠢᠨ ᠴᠤᠬᠴᠠ ᠶᠢᠨ ᠤᠬᠠᠮᠰᠠᠷ ᠢ ᠪᠠᠳᠦ ᠴᠤᠬᠴᠠᠯᠠᠬᠤ ᠤᠬᠠᠭᠤᠯᠭ᠎ᠠ ᠬᠦᠮᠦᠵᠢᠯ ᠢ ᠦᠷ᠎ᠡ ᠪᠦᠳᠦᠮᠵᠢ | ᠭᠠᠷᠭᠠᠵᠦ᠂ ︽ᠵᠢᠷᠭᠤᠭᠠᠨ ᠦᠬᠦᠯᠡᠪᠦᠷᠢ ᠶᠢᠨ ᠪᠤᠳᠠᠳᠤ ᠶᠠᠪᠤᠳᠠᠯ ᠪᠠ ᠶᠤᠰᠤ ᠤᠴᠢᠷ︾ ᠢ ᠰᠠᠶᠢᠳᠦᠷ ᠲᠠᠶᠢᠯᠪᠦᠷᠢᠯᠠᠵᠦ | ᠂ ᠡᠯ᠎ᠡ ᠦᠨᠳᠦᠰᠦᠳᠡᠨ ᠤ ᠤᠯᠠᠨ ᠲᠦᠮᠡᠨ ᠤ ᠨᠠᠮ ᠤᠨ ᠠᠴᠢ ᠳᠤ ᠲᠠᠯᠠᠷᠬᠠᠨ᠂ ᠨᠠᠮ ᠤᠨ ᠦᠬᠡ ᠶᠢ ᠰᠤᠨᠤᠰᠴᠦ᠂ | ᠨᠠᠮ ᠢᠶᠠᠨ ᠲᠠᠭᠠᠨ ᠤᠷᠤᠬᠰᠢᠯᠠᠬᠤ ᠶᠢ ᠬᠦᠳᠦᠯᠦᠨ ᠵᠢᠯᠤᠭᠤᠳᠴᠠᠢ᠃ | ᠵᠠᠯᠠᠶᠢᠳ ᠬᠤᠰᠢᠭᠤ ᠬᠠᠮᠳᠤᠪᠡᠷ ᠪᠠᠶᠠᠵᠢᠬᠤ ᠶᠢ ᠯᠠᠪᠳᠠᠭᠤᠨ ᠠᠬᠢᠭᠤᠯᠬᠤ ᠲᠤᠮᠳᠠ ᠲᠤᠮᠳᠠᠳᠤ ᠶᠢᠨ | ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ ᠪᠠᠳᠦ ᠴᠤᠬᠴᠠᠯᠠᠬᠤ ᠪᠤᠳᠠᠰ ᠤᠨ ᠰᠠᠭᠤᠷᠢ ᠶᠢ | ᠲᠠᠰᠦᠷᠠᠯᠳᠠ ᠦᠬᠡᠢ ᠪᠠᠳᠦᠳᠬᠠᠵᠦ᠂ ᠡᠯ᠎ᠡ ᠦᠨᠳᠦᠰᠦᠳᠡᠨ ᠤ ᠤᠯᠠᠨ ᠲᠦᠮᠡᠨ ᠤ ᠬᠦᠭᠵᠢᠯᠳᠡ ᠶᠢᠨ ᠦᠷ᠎ᠡ | ᠪᠦᠳᠦᠬᠡᠯ ᠢ ᠬᠠᠮᠳᠤᠪᠡᠷ ᠡᠳ᠋ᠯᠡᠬᠦ ᠬᠦᠷᠳᠡᠭᠡᠮᠵᠢ ᠶᠢᠨ ᠲᠦᠷᠦᠭᠳᠡᠯ ᠲᠤᠮᠳᠠ ᠨᠠᠮ ᠢᠶᠠᠨ ᠲᠠᠭᠠᠬᠤ ᠢᠳᠡᠬᠡᠯ ᠵᠤᠷᠢᠭ ᠢ | ᠪᠠᠳᠦᠳᠬᠠᠵᠠᠢ᠃ | ᠢᠨᠳᠡᠷ ᠪᠠᠯᠭᠠᠰᠦ ᠶᠢᠨ ᠴᠠᠩ ᠹᠠ ᠲᠤᠰᠬᠤᠨ ᠤ ᠯᠠᠵᠤᠤ ᠡᠯᠪᠡᠭ ᠬᠤᠷᠢᠶᠠᠯᠳᠠ ᠤᠯᠪᠠ᠃ ᠲᠤᠰᠬᠤᠨ ᠤ ᠠᠷᠠᠳ | ᠴᠢᠨ ᠴᠢ ᠯᠢᠨ᠄ ︽ᠯᠠᠵᠤᠤ ᠶᠢᠨ ᠵᠠᠬ᠎ᠠ ᠲᠡᠯᠬᠡᠬᠦᠷ ᠤᠨ ᠦᠷᠳᠡᠭ ᠦᠨᠳᠦᠷ᠂ ᠮᠠᠨ ᠤ ᠬᠠᠰᠢᠶᠠᠨ ᠳᠤ 3.5 ᠮᠤ᠋ | ᠯᠠᠵᠤᠤ ᠲᠠᠷᠢᠵᠦ᠂ ᠨᠢᠳᠤᠨᠤᠨ ᠤ ᠴᠡᠪᠡᠷ ᠤᠷᠤᠯᠭ᠎ᠠ 1.5 ᠲᠦᠮᠡᠨ ᠲᠦᠬᠦᠷᠢᠭ ᠲᠤᠯᠵᠦ᠂ ᠡᠨᠡ ᠵᠢᠯ ᠤᠨ ᠤᠷᠭᠤᠯᠳᠠ | ᠨᠢᠳᠦᠨᠦᠨ ᠠᠴᠠ ᠰᠠᠶᠢᠨ︾ ᠬᠡᠵᠦ ᠪᠠᠶᠠᠷᠳᠠᠶᠢᠬᠠᠨ ᠶᠠᠷᠢᠵᠦ ᠪᠠᠶᠢᠯ᠎ᠠ᠃ | ᠵᠠᠯᠠᠶᠢᠳ ᠬᠤᠰᠢᠭᠤ ᠲᠠᠪᠠᠭᠤᠯᠢᠭ ᠡᠬᠢ ᠪᠠᠶᠠᠯᠢᠭ ᠢᠶᠠᠨ ᠨᠡᠶᠢᠳᠭᠡᠵᠦ᠂ ︽ᠲᠤᠰᠬᠤᠨ ᠲᠤᠰᠬᠤᠨ | ᠬᠤᠯᠪᠤᠭᠠᠯᠠᠬᠤ︾ ︽ᠲᠤᠰᠬᠤᠨ ᠠᠵᠦ ᠠᠬᠤᠶᠢᠯᠠᠯ ᠬᠤᠯᠪᠤᠭᠠᠯᠠᠬᠤ︾ ︽ᠲᠤᠰᠬᠤᠨ ᠬᠤᠷᠰᠢᠶ᠎ᠠ ᠬᠤᠯᠪᠤᠭᠠᠯᠠᠬᠤ︾ | ᠪᠠᠷ ᠲᠠᠮᠵᠢᠨ ᠲᠤᠰᠬᠤᠨ ᠲᠠᠢ ᠬᠤᠯᠪᠤᠭ᠎ᠠ ᠪᠠᠶᠢᠭᠤᠯᠬᠤ ᠠᠵᠢᠯᠯᠠᠭ᠎ᠠ ᠶᠢ ᠦᠷᠬᠡᠨ ᠢᠶᠠᠷ ᠦᠷᠨᠢᠬᠦᠯᠵᠦ᠂ ᠡᠯ᠎ᠡ | ᠭᠠᠴᠠᠭ᠎ᠠ ᠲᠤᠰᠬᠤᠨ ᠬᠠᠮᠳᠤᠪᠡᠷ ᠠᠵᠦ ᠦᠢᠯᠡᠰ ᠤᠨ ᠲᠦᠷᠦᠯ ᠵᠦᠢᠯ ᠢ ᠠᠬᠢᠭᠤᠯᠬᠤ᠂ ᠬᠠᠮᠳᠤᠪᠡᠷ ᠤᠷᠤᠨ | ᠨᠤᠳᠤᠭ ᠤᠨ ᠨᠡᠷᠡᠳᠤ ᠲᠡᠮᠳᠡᠭ ᠢ ᠪᠤᠶᠢᠵᠢᠭᠤᠯᠬᠤ ᠶᠢ ᠤᠳᠤᠷᠢᠳᠴᠦ᠂ ᠭᠠᠴᠠᠭ᠎ᠠ ᠲᠤᠰᠬᠤᠨ ᠤ ᠬᠠᠮᠳᠤ ᠶᠢᠨ ᠠᠵᠦ | ᠠᠬᠤᠢ ᠪᠠ ᠲᠤᠰᠬᠤᠨ ᠤ ᠠᠷᠠᠳ ᠤᠨ ᠤᠷᠤᠯᠭ᠎ᠠ ᠶᠢ ᠨᠡᠮᠡᠭᠳᠡᠬᠦᠯᠵᠦ ᠪᠤᠢ᠃ ᠤᠳᠤ᠂ ᠪᠦᠬᠦ ᠬᠤᠰᠢᠭᠤᠨ ᠤ ᠡᠯ᠎ᠡ | ᠭᠠᠴᠠᠭ᠎ᠠ ᠲᠤᠰᠬᠤᠨ ᠤ ᠬᠠᠮᠳᠤ ᠶᠢᠨ ᠠᠵᠦ ᠠᠬᠤᠢ ᠶᠢᠨ ᠤᠷᠤᠯᠭ᠎ᠠ 25 ᠲᠦᠮᠡᠨ ᠲᠦᠬᠦᠷᠢᠭ ᠠᠴᠠ ᠲᠡᠭᠡᠭᠰᠢ | ᠭᠥᠷᠴᠥ᠂ ᠡᠬᠦᠨ ᠳᠤ᠂ 8 ᠭᠠᠴᠠᠭᠠᠨ ᠤ ᠬᠠᠮᠳᠤ ᠶᠢᠨ ᠠᠵᠦ ᠠᠬᠤᠢ ᠶᠢᠨ ᠤᠷᠤᠯᠭ᠎ᠠ 100 ᠲᠦᠮᠡᠨ | ᠲᠦᠬᠦᠷᠢᠭ ᠠᠴᠠ ᠲᠡᠭᠡᠭᠰᠢ ᠭᠥᠷᠴᠡᠢ᠃ | ᠵᠠᠯᠠᠶᠢᠳ ᠬᠤᠰᠢᠭᠤ ᠪᠤᠳᠠᠳᠠᠢ ᠪᠠᠶᠢᠳᠠᠯ ᠳᠠᠭᠠᠨ ᠰᠠᠭᠤᠷᠢᠯᠠᠨ᠂ ᠠᠵᠦ ᠦᠢᠯᠡᠰ ᠢᠶᠠᠷ ᠬᠠᠷᠢᠯᠴᠠᠨ | ᠬᠠᠪᠰᠤᠷᠤᠯᠴᠠᠬᠤ᠂ ᠤᠯᠠᠨ ᠲᠦᠮᠡᠨ ᠬᠠᠷᠢᠯᠴᠠᠨ ᠬᠠᠪᠰᠤᠷᠤᠯᠴᠠᠬᠤ᠂ ᠦᠨᠳᠦᠰᠦᠳᠡᠨ ᠤ ᠪᠦᠯᠬᠦᠮᠳᠡᠯ ᠲᠠᠪᠰᠢᠯᠳᠡ᠂ | ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠵᠡᠷᠭᠡ ᠠᠵᠢᠯ ᠢ ᠤᠷᠭᠠᠨᠢᠭ ᠢᠶᠠᠷ ᠤᠶᠠᠯᠳᠤᠭᠤᠯᠵᠦ᠂ ᠤᠯᠠᠨ | ᠲᠦᠮᠡᠨ ᠤ ᠤᠷᠤᠯᠭ᠎ᠠ ᠶᠢ ᠨᠡᠮᠡᠭᠳᠡᠬᠦᠯᠦᠨ᠂ ᠠᠵᠦ ᠦᠢᠯᠡᠰ ᠤᠨ ᠬᠦᠭᠵᠢᠯᠳᠡ ᠪᠤᠯᠤᠨ ᠦᠨᠳᠦᠰᠦᠳᠡᠨ ᠤ | ᠪᠦᠯᠬᠦᠮᠳᠡᠯ ᠤᠨ ᠬᠠᠷᠢᠯᠴᠠᠨ ᠠᠭᠤᠰᠤᠯᠴᠠᠬᠤ᠂ ᠬᠠᠷᠢᠯᠴᠠᠨ ᠠᠬᠢᠭᠤᠯᠬᠤ ᠶᠢ ᠪᠡᠶᠡᠯᠡᠬᠦᠯᠵᠦ᠂ ᠬᠦᠭᠵᠢᠯᠳᠡ ᠶᠢᠨ | ᠰᠠᠭᠤᠷᠢ ᠶᠢ ᠲᠠᠰᠦᠷᠠᠯᠳᠠ ᠦᠬᠡᠢ ᠪᠠᠳᠦᠵᠢᠭᠤᠯᠵᠦ ᠪᠤᠢ᠃ | ᠵᠠᠯᠠᠶᠢᠳ ᠬᠤᠰᠢᠭᠤ ᠦᠨᠳᠦᠰᠦᠨ ᠱᠠᠳᠦᠨ ᠤ ᠵᠠᠰᠠᠯᠳᠠ ᠶᠢᠨ ᠰᠢᠰᠲ᠋ᠧᠮ ᠪᠠ ᠦᠨᠳᠦᠰᠦᠳᠡᠨ ᠤ ᠬᠡᠷᠡᠭ | ᠡᠷᠬᠢᠯᠡᠬᠦ ᠶᠠᠪᠤᠳᠠᠯ ᠤᠨ ᠵᠠᠰᠠᠯᠳᠠ ᠶᠢᠨ ᠰᠢᠰᠲ᠋ᠧᠮ ᠢ ᠤᠷᠭᠠᠨᠢᠭ ᠢᠶᠠᠷ ᠠᠭᠤᠰᠤᠯᠴᠠᠭᠤᠯᠵᠦ᠂ ᠲᠤᠮᠳᠠᠳᠤ ᠶᠢᠨ | ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ ᠪᠠᠳᠦ ᠴᠤᠬᠴᠠᠯᠠᠬᠤ ᠨᠡᠶᠢᠬᠡᠮᠯᠢᠭ᠂ ᠲᠤᠤᠷᠵᠢᠭᠤᠯᠤᠬᠴᠢ | ᠵᠡᠷᠭᠡ ᠠᠵᠢᠯ ᠤᠨ ᠲᠤᠬᠳᠠᠴᠠ ᠳᠤ ᠲᠦᠰᠢᠭᠯᠡᠨ᠂ ᠪᠦᠬᠦ ᠬᠤᠰᠢᠭᠤᠨ ᠳᠤ 1395 ᠨᠡᠷᠡᠰ ᠬᠠᠷᠢᠯᠴᠠᠬᠴᠢ ᠪᠠ | ᠲᠤᠤᠷᠵᠢᠭᠤᠯᠤᠬᠴᠢ ᠲᠤᠬᠢᠷᠠᠭᠤᠯᠵᠦ᠂ ᠡᠯ᠎ᠡ ᠲᠦᠷᠦᠯ ᠤᠨ ᠵᠦᠷᠢᠴᠡᠯ ᠵᠢᠭᠤᠷᠠᠯᠳᠤᠭᠠᠨ ᠢ ᠰᠶᠢᠳᠪᠦᠷᠢᠯᠡᠵᠦ᠂ | ᠥᠨᠳᠤᠰᠤᠳᠡᠨ ᠤ ᠪᠦᠯᠬᠦᠮᠳᠡᠯ ᠲᠠᠪᠰᠢᠯᠳᠡ ᠶᠢ ᠠᠬᠢᠭᠤᠯᠵᠦ ᠪᠤᠢ᠃ | ᠤᠳᠤ᠂ ᠵᠠᠯᠠᠶᠢᠳ ᠬᠤᠰᠢᠭᠤ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ | ᠪᠠᠳᠤ ᠴᠤᠬᠴᠠᠯᠠᠵᠥ᠂ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ ᠡᠯ᠎ᠡ | ᠦᠨᠳᠦᠰᠦᠳᠡᠨ ᠤ ᠤᠯᠠᠨ ᠲᠦᠮᠡᠨ ᠤ ᠰᠡᠳᠬᠢᠯ ᠳᠤ ᠬᠦᠨ ᠬᠠᠳᠠᠩᠰᠢᠭᠤᠯᠵᠦ ᠪᠤᠢ᠃ ︵ᠪᠠᠢ ᠢᠤᠢ ᠯᠢᠶᠠᠩ︶ | | | | |