| ᠲᠠᠮᠠᠬᠢ ᠲᠠᠳᠠᠭᠰᠠᠨ ᠠᠴᠠ ᠪᠤᠯᠵᠤ ᠲᠠᠨ ᠤ ᠬᠤᠪᠢ ᠪᠠᠶ᠎ᠠ ᠪᠠ ᠭᠡᠷ ᠪᠦᠯᠢ ᠳᠤ ᠶᠠᠮᠠᠷᠬᠠᠨ ᠬᠤᠤᠷ ᠬᠦᠨᠦᠬᠡᠯ᠂ | ᠡᠪᠡᠳᠴᠢᠨ ᠡᠮᠭᠡᠭ ᠠᠪᠴᠢᠷᠠᠳᠠᠭ ᠢ ᠤᠯᠠᠨ ᠢᠶᠠᠷ ᠢᠶᠠᠨ ᠰᠠᠶᠢᠨ ᠮᠡᠳᠡᠨ᠎ᠡ᠃ ᠲᠠᠮᠠᠬᠢ ᠲᠠᠳᠠᠬᠤ ᠨᠢ ᠠᠭᠤᠰᠭᠢᠨ ᠤ | ᠴᠢᠳᠠᠪᠬᠢ ᠶᠢ ᠮᠠᠭᠤᠳᠠᠭᠤᠯᠵᠤ᠂ ᠨᠢᠳᠤᠨ ᠤ ᠡᠪᠡᠷᠯᠢᠭ ᠪᠦᠷᠬᠦᠪᠴᠢ ᠶᠢ ᠰᠢᠷᠬᠠᠳᠤᠭᠤᠯᠤᠨ᠂ ᠰᠢᠳᠤ ᠰᠤᠯᠠᠷᠠᠬᠤ ᠪᠡ | ᠵᠢᠷᠦᠭᠡ ᠡᠯᠢᠭᠡ ᠬᠤᠳᠤᠭᠤᠳᠦ ᠵᠡᠷᠭᠡ ᠴᠤᠯᠤ ᠰᠠᠪᠠᠨ ᠳᠤ ᠠᠶᠤᠮᠰᠢᠬᠳᠠᠢ ᠬᠦᠨᠦᠭᠡᠯ ᠤᠴᠠᠷᠠᠭᠤᠯᠳᠠᠭ᠃ ᠲᠡᠭᠡᠪᠡᠯ | ᠲᠠᠮᠠᠬᠢ ᠪᠠᠨ ᠵᠤᠭᠰᠤᠪᠠᠯ ᠲᠠᠨ ᠤ ᠪᠡᠶ᠎ᠡ ᠳᠤ ᠶᠠᠮᠠᠷᠬᠠᠨ ᠬᠤᠪᠢᠷᠠᠯᠳᠠ ᠠᠪᠴᠢᠷᠠᠳᠠᠭ ᠢ ᠮᠡᠳᠡᠬᠦ ᠤᠤ︖ | ᠢᠯᠡᠬᠦᠦ ᠤᠨᠳᠠᠵᠤ ᠠᠮᠠᠷᠠᠵᠥ ᠲᠠᠶᠢᠯᠭᠦ ᠪᠤᠯᠳᠠᠭ᠃ ᠲᠠᠮᠠᠬᠢ ᠵᠤᠬᠰᠤᠭᠠᠳ 12 ᠴᠠᠭ ᠪᠤᠯᠪᠠᠯ ᠲᠤᠬᠠᠢ ᠶᠢᠨ | ᠬᠦᠮᠦᠨ ᠤ ᠴᠢᠰᠤᠨ ᠳᠠᠬᠢ ᠨᠡᠭᠦᠷᠡᠰᠦᠳᠦ᠋ᠷᠦᠭᠴᠢ ᠶᠢᠨ ᠢᠰᠦᠯ ᠪᠠᠭᠤᠷᠠᠵᠤ᠂ ᠡᠷᠡᠬᠦᠯ ᠬᠡᠮᠵᠢᠶᠡᠨ ᠳᠡᠭᠡᠨ ᠤᠷᠤᠨ᠎ᠠ᠃ | ᠲᠡᠭᠦᠨᠴᠢᠯᠡᠨ ᠴᠢᠰᠤᠨ ᠳᠤ ᠠᠭᠤᠯᠳᠠᠭ ᠬᠦᠴᠢᠯᠳᠦ᠋ᠷᠦᠭᠴᠢ ᠨᠡᠮᠡᠭᠳᠡᠵᠤ ᠡᠬᠢᠯᠡᠭᠰᠡᠨ ᠢᠶᠠᠷ ᠢᠯᠡᠬᠦᠦ ᠤᠨᠳᠠᠵᠤ | ᠠᠮᠠᠷᠠᠳᠠᠵᠥ ᠲᠠᠶᠢᠯᠭᠦ ᠪᠤᠯᠳᠠᠬ᠃ | ᠵᠢᠷᠦᠬᠡᠨ ᠪᠤᠯᠴᠢᠩ ᠤᠨ ᠲᠦᠭᠵᠢᠷᠡᠯ ᠡᠪᠡᠳᠴᠢᠨ ᠠᠴᠠ ᠵᠠᠶᠢᠯᠠᠭᠤᠯᠤᠨ᠎ᠠ᠃ ᠡᠨᠡ ᠡᠪᠡᠳᠴᠢᠨ ᠪᠤᠯ ᠬᠦᠭᠰᠢᠨ | ᠵᠠᠯᠠᠭᠤ ᠭᠡᠵᠤ ᠢᠯᠭᠠᠯ ᠦᠭᠡᠢ ᠠᠪᠤᠭᠠᠳ ᠶᠠᠪᠤᠳᠠᠭ ᠠᠶᠤᠮᠰᠢᠬᠳᠠᠢ ᠡᠪᠡᠳᠴᠢᠨ ᠶᠤᠮ᠃ ᠲᠠᠮᠠᠬᠢ ᠲᠠᠳᠠᠳᠠᠭ ᠬᠦᠮᠦᠰ | ᠡᠨᠡ ᠡᠪᠡᠳᠴᠢᠨ ᠳᠤ ᠨᠡᠷᠪᠡᠭᠳᠡᠬᠦ ᠨᠤᠷᠮ᠎ᠠ ᠲᠤᠩ ᠦᠨᠳᠦᠷ ᠪᠠᠶᠢᠳᠠᠭ ᠠᠴᠠ ᠬᠡᠷᠪᠡ ᠲᠠ ᠲᠠᠮᠠᠬᠢ ᠪᠠᠨ ᠵᠤᠭᠰᠤᠭᠰᠠᠨ | 24 ᠴᠠᠭ ᠤᠨ ᠲᠠᠷᠠᠭ᠎ᠠ ᠪᠤᠯᠬᠤ ᠳᠤ ᠵᠢᠷᠦᠭᠡᠨ ᠪᠤᠯᠴᠢᠩ ᠤᠨ ᠲᠦᠭᠵᠢᠷᠡᠯ ᠡᠪᠡᠳᠴᠢᠨ ᠳᠤ ᠨᠡᠷᠪᠡᠭᠳᠡᠬᠦ ᠮᠠᠭᠠᠳᠯᠠᠯ | 30 ᠬᠤᠪᠢ ᠪᠠᠷ ᠪᠠᠭᠤᠷᠠᠳᠠᠭ᠃ | ᠠᠮᠳᠠᠯᠠᠬᠤ ᠰᠡᠷᠡᠯ ᠰᠡᠷᠬᠦᠨᠡ᠃ ᠲᠠᠮᠠᠬᠢᠨ ᠠᠴᠠ ᠭᠠᠷᠤᠭᠠᠳ ᠰᠠᠷ᠎ᠠ ᠪᠤᠯᠬᠤ ᠳᠤ ᠯᠡ ᠲᠠᠨ ᠤ ᠲᠤᠳᠤᠭᠠᠳᠦ | ᠡᠷᠭᠡᠳᠡᠨ ᠰᠢᠰᠲ᠋ᠧᠮ ᠤᠳ ᠬᠡᠪ ᠤᠨ ᠠᠵᠢᠯᠯᠠᠭᠠᠨ ᠳᠠᠭᠠᠨ ᠤᠷᠤᠵᠤ᠂ ᠤᠯᠠᠮ ᠢᠶᠠᠷ ᠠᠭᠤᠰᠭᠢᠨ ᠲᠤᠳᠤᠷ᠎ᠠ | ᠠᠭᠤᠯᠤᠭᠳᠠᠵᠤ ᠪᠠᠶᠢᠭᠰᠠᠨ ᠪᠦᠬᠦᠢ ᠯᠡ ᠬᠤᠤᠷ ᠲᠠᠢ ᠤᠳᠤᠭ᠎ᠠ ᠲᠤᠷᠳᠤᠭ ᠤᠳ ᠴᠡᠪᠡᠷᠰᠢᠵᠤ᠂ ᠰᠡᠳᠭᠢᠯ ᠰᠠᠨᠠᠭ᠎ᠠ | ᠰᠡᠷᠬᠦᠨ᠂ ᠠᠮᠳᠠᠯᠠᠬᠤ ᠰᠡᠷᠡᠯ ᠰᠡᠷᠭᠦᠵᠤ ᠡᠬᠢᠯᠡᠨ᠎ᠡ᠃ | ᠠᠮᠢᠰᠬᠤᠭ᠎ᠠ ᠴᠢᠬᠤᠯᠳᠠᠬᠤ ᠠᠶᠠᠳᠠᠨᠠ᠃ ᠲᠠᠮᠠᠬᠢ ᠲᠠᠳᠠᠳᠠᠭ ᠬᠦᠮᠦᠨ ᠠᠮᠢᠰᠬᠤᠭ᠎ᠠ ᠴᠢᠬᠤᠯᠳᠠᠭᠠᠳ ᠬᠦᠶᠦᠵᠤ | ᠲᠡᠶᠢᠯᠳᠡᠭ ᠦᠭᠡᠢ᠃ ᠬᠡᠷᠪᠡ ᠲᠠᠮᠠᠬᠢᠨ ᠠᠴᠠ ᠭᠠᠷᠴᠢᠬᠠᠪᠠᠯ ᠠᠭᠤᠰᠭᠢᠨ ᠪᠠᠭᠳᠠᠭᠠᠮᠵᠢ ᠨᠡᠮᠡᠭᠳᠡᠵᠤ᠂ ᠬᠦᠶᠦᠵᠤ | ᠬᠠᠷᠠᠶᠢᠬᠤ ᠬᠡᠪ ᠤᠨ ᠪᠤᠯᠵᠤ ᠠᠮᠢᠰᠬᠤᠭ᠎ᠠ ᠵᠢᠭᠳᠡᠷᠡᠭᠡᠳ ᠢᠷᠡᠨ᠎ᠡ᠃ ᠲᠡᠭᠦᠨᠴᠢᠯᠡᠨ ᠠᠯᠬᠤᠬᠤ ᠬᠡᠮᠨᠡᠯ ᠤᠷᠳᠤᠰᠴᠦ | ᠬᠠᠨᠢᠶᠠᠯᠭᠠᠬᠤ ᠪᠠᠭᠠᠰᠤᠭᠠᠳ ᠢᠷᠡᠬᠦ ᠨᠢ ᠲᠠᠨ ᠳᠤ ᠮᠡᠳᠡᠭᠳᠠᠨᠠ᠃ | ᠠᠮᠠᠨ ᠠᠴᠠ ᠡᠪ ᠦᠭᠡᠢ ᠦᠨᠦᠷ ᠦᠨᠦᠷᠳᠦᠭᠳᠡᠬᠦ ᠦᠬᠡᠢ ᠪᠤᠯᠤᠨ᠎ᠠ᠃ ᠲᠠᠮᠠᠬᠢ ᠲᠠᠳᠠᠳᠠᠭ ᠬᠦᠮᠦᠨ ᠤ ᠠᠮᠠᠨ ᠠᠴᠠ | ᠦᠪᠡᠷ ᠢᠶᠠᠨ ᠴᠦ ᠮᠡᠳᠡᠯ ᠦᠭᠡᠢ ᠮᠠᠰᠢ ᠡᠪ ᠦᠭᠡᠢ ᠦᠨᠦᠷ ᠦᠨᠦᠷᠳᠦᠳᠡᠭ᠃ ᠲᠡᠷᠡ ᠦᠨᠦᠷ ᠢ ᠬᠡᠴᠢᠨᠡᠨ ᠪᠤᠬᠢ | ᠵᠠᠵᠢᠯᠤᠭᠠᠳ ᠰᠢᠳᠦ ᠪᠠᠨ ᠤᠬᠢᠶᠠᠭᠰᠠᠨ ᠴᠦ ᠠᠷᠢᠯᠳᠠᠭ ᠦᠭᠡᠢ᠃ ᠵᠦᠪᠬᠡᠨ ᠲᠠᠮᠠᠬᠢ ᠪᠠᠨ ᠬᠠᠶᠠᠪᠠᠯ ᠰᠠᠶ᠋ᠢ ᠤᠷᠤ | ᠲᠠᠰᠤ ᠠᠷᠢᠯᠳᠠᠭ᠃ | ᠴᠢᠰᠤ ᠬᠠᠷᠪᠤᠬᠤ ᠮᠠᠭᠠᠳᠯᠠᠯ ᠪᠠᠭᠤᠷᠠᠨ᠎ᠠ᠃ ᠲᠠᠮᠠᠬᠢᠨ ᠠᠴᠠ ᠭᠠᠷᠤᠭᠠᠳ 5 — 10 ᠵᠢᠯ ᠤᠨ ᠲᠠᠷᠠᠭ᠎ᠠ | ᠲᠠᠨ ᠤ ᠪᠡᠶ᠎ᠡ ᠶᠢᠨ ᠤᠷᠭᠠᠨᠢᠰᠮ ᠪᠦᠷᠢᠨ ᠡᠷᠡᠬᠦᠯᠵᠢᠨ᠂ ᠬᠡᠪ ᠤᠨ ᠪᠠᠶᠢᠳᠠᠯ ᠳᠠᠭᠠᠨ ᠪᠤᠴᠠᠬᠤ ᠤᠯᠠᠮ ᠢᠶᠠᠷ ᠴᠢᠰᠤ | ᠬᠠᠷᠪᠤᠬᠤ ᠮᠠᠭᠠᠳᠯᠠᠯ ᠲᠠᠮᠠᠬᠢ ᠲᠠᠳᠠᠳᠠᠭ ᠦᠬᠡᠢ ᠬᠦᠮᠦᠨ ᠤ ᠬᠢ ᠲᠠᠢ ᠢᠵᠢᠯ ᠲᠦᠪᠰᠢᠨ ᠳᠤ ᠤᠴᠢᠳᠠᠭ᠃ | ᠬᠤᠤᠷᠠᠳᠦ ᠬᠠᠪᠤᠳᠠᠷ ᠢᠶᠠᠷ ᠡᠪᠡᠳᠴᠢᠯᠡᠬᠦ ᠮᠠᠭᠠᠳᠯᠠᠯ ᠪᠠᠭᠤᠷᠠᠨ᠎ᠠ᠃ ᠶᠠᠷᠢᠶᠠᠨ ᠦᠭᠡᠢ ᠲᠠᠮᠠᠬᠢ ᠲᠠᠳᠠᠳᠠᠭ ᠦᠬᠡᠢ | ᠬᠦᠮᠦᠨ ᠬᠤᠤᠷᠠᠳᠦ ᠬᠠᠪᠤᠳᠠᠷ ᠢᠶᠠᠷ ᠡᠪᠡᠳᠴᠢᠯᠡᠳᠡᠭ ᠦᠭᠡᠢ ᠭᠡᠰᠡᠨ ᠦᠭᠡ ᠪᠢᠰᠢ᠃ ᠬᠡᠬᠦ ᠳᠡᠭᠡᠨ ᠲᠠᠮᠠᠬᠢ ᠲᠠᠳᠠᠳᠠᠭ | ᠬᠦᠮᠦᠨ ᠤ ᠬᠤᠤᠷᠠᠳᠦ ᠬᠠᠪᠤᠳᠠᠷ ᠲᠤ ᠨᠡᠷᠪᠡᠭᠳᠡᠬᠦ ᠮᠠᠭᠠᠳᠯᠠᠯ ᠲᠠᠮᠠᠬᠢ ᠲᠠᠳᠠᠳᠠᠭ ᠦᠭᠡᠢ ᠬᠦᠮᠦᠨ ᠠᠴᠠ ᠬᠠᠮᠢᠶ᠎ᠠ | ᠦᠭᠡᠢ ᠦᠨᠳᠦᠷ ᠪᠠᠶᠢᠬᠤ ᠶᠢ ᠲᠤᠭ᠎ᠠ ᠪᠠᠷᠢᠮᠳᠠ ᠬᠡᠷᠡᠴᠢᠯᠡᠭᠰᠡᠨ ᠶᠤᠮ᠃ | ᠰᠡᠳᠭᠢᠯ ᠰᠠᠨᠠᠭ᠎ᠠ ᠲᠠᠶᠢᠪᠤᠩ ᠲᠤᠭᠳᠠᠭᠤᠨ ᠪᠤᠯᠵᠤ᠂ ᠠᠵᠢᠯ ᠤᠨ ᠡᠷᠴᠢ ᠬᠦᠴᠦ ᠨᠡᠮᠡᠭᠳᠡᠨ᠎ᠡ᠃ ᠲᠠᠮᠠᠬᠢ | ᠲᠠᠳᠠᠳᠠᠭ ᠬᠦᠮᠦᠨ ᠵᠢᠷ ᠤᠨ ᠬᠦᠮᠦᠨ ᠠᠴᠠ ᠬᠠᠪᠢ ᠦᠭᠡᠢ ᠲᠦᠷᠭᠡᠨ ᠠᠭᠤᠷ ᠲᠠᠢ᠂ ᠰᠡᠳᠭᠢᠯ ᠤᠨ ᠬᠦᠳᠡᠯᠭᠡᠭᠡᠨ | ᠶᠡᠭᠡ ᠲᠠᠢ᠂ ᠬᠡᠮᠳᠦ ᠭᠡᠷᠡᠭ ᠲᠤ ᠬᠤᠯᠪᠤᠭᠳᠠᠬᠤ ᠮᠠᠭᠠᠳᠯᠠᠯ ᠦᠨᠳᠦᠷ ᠪᠤᠯᠬᠤ ᠶᠢ ᠰᠤᠳᠤᠯᠭ᠎ᠠ ᠪᠠᠷ ᠨᠤᠳᠠᠯᠠᠭᠰᠠᠨ | ᠪᠠᠶᠢᠨ᠎ᠠ᠃ ᠲᠠᠮᠠᠬᠢ ᠪᠠᠨ ᠵᠤᠭᠰᠤᠭᠰᠠᠨ ᠠᠴᠠ ᠲᠠᠨ ᠤ ᠰᠡᠳᠭᠢᠯ ᠰᠠᠨᠠᠭ᠎ᠠ ᠲᠠᠶᠢᠪᠤᠩ ᠲᠤᠭᠳᠠᠭᠤᠨ ᠪᠤᠯᠵᠤ᠂ ᠠᠭᠤᠷ | ᠤᠴᠠᠭᠠᠷ ᠨᠠᠮᠳᠠᠵᠤ᠂ ᠪᠡᠶ᠎ᠡ ᠶᠢᠨ ᠲᠠᠮᠢᠷ ᠲᠡᠩᠭᠡᠬᠡ ᠨᠡᠮᠡᠭᠳᠡᠬᠦ ᠶᠢᠨ ᠤᠯᠠᠮ ᠢᠶᠠᠷ ᠠᠵᠢᠯ ᠤᠨ ᠡᠷᠴᠢ ᠬᠦᠴᠦ | ᠴᠢᠩᠭᠠᠷᠠᠵᠤ ᠢᠷᠡᠳᠡᠭ᠃ | ᠲᠠ ᠦᠪᠡᠷ ᠤᠨ ᠪᠡᠶ᠎ᠡ ᠶᠢᠨ ᠡᠷᠡᠬᠦᠯ ᠮᠡᠨᠳᠦ᠂ ᠲᠡᠷᠡᠴᠢᠯᠡᠨ ᠠᠪᠤ ᠡᠵᠢ᠂ ᠠᠮᠠᠷᠠᠭ ᠬᠠᠨᠢ᠂ ᠦᠷ᠎ᠡ ᠬᠡᠥᠬᠡᠳ᠂ | ᠨᠠᠶᠢᠵᠠ ᠨᠦᠬᠦᠳ ᠤᠨ ᠢᠶᠠᠨ ᠪᠡᠶ᠎ᠡ ᠰᠡᠳᠭᠢᠯ ᠤᠨ ᠡᠷᠡᠬᠦᠯ ᠮᠡᠨᠳᠦ ᠶᠢᠨ ᠲᠦᠯᠦᠭᠡ ᠲᠠᠮᠠᠬᠢ ᠠᠴᠠ ᠲᠠᠳᠠᠭᠠᠯᠵᠠᠵᠤ᠂ | ᠲᠠᠮᠠᠬᠢ ᠪᠠᠨ ᠵᠤᠭᠰᠤᠬᠤ ᠶᠢ ᠰᠠᠨᠠᠭᠤᠯᠵᠤ ᠪᠠᠶᠢᠨ᠎ᠠ᠃ ᠲᠠᠮᠠᠬᠢ ᠪᠠᠨ ᠵᠤᠭᠰᠤᠭᠰᠠᠨ ᠠᠴᠠ ᠲᠠᠨ ᠤ ᠪᠡᠶ᠎ᠡ ᠰᠡᠳᠭᠢᠯ᠂ | ᠠᠵᠢᠯ ᠠᠮᠢᠳᠤᠷᠠᠯ ᠳᠤ ᠶᠡᠬᠡᠭᠡᠨ ᠬᠤᠪᠢᠷᠠᠯᠳᠠ ᠠᠪᠴᠢᠷᠠᠵᠤ᠂ ᠠᠬᠢᠭᠠᠳ ᠰᠢᠨ᠎ᠡ ᠠᠮᠢ ᠨᠠᠰᠤ ᠤᠯᠤᠭᠰᠠᠨ ᠮᠡᠳᠦ | ᠠᠯᠢᠪᠠ ᠪᠦᠬᠦᠨ ᠰᠠᠶᠢᠨ ᠰᠠᠶᠢᠬᠠᠨ ᠢᠶᠠᠷ ᠡᠷᠬᠢᠬᠦ ᠪᠤᠯᠤᠨ᠎ᠠ᠃ | |