14 ᠵᠦᠢᠯ ᠤᠨ ᠪᠠᠶᠢᠳᠠᠯ ᠳᠤ ᠳᠤᠭᠳᠠᠭᠰᠠᠨ ᠬᠢᠵᠠᠭᠠᠷ ᠬᠤᠭᠤᠴᠠᠭ᠎ᠠ ᠦᠭᠡᠢ ᠭᠡᠷ᠎ᠡ ᠶᠢ ᠠᠯᠳᠠᠷᠠᠭᠠᠵᠤ ᠪᠣᠯᠣᠨ᠎ᠠ
ᠨᠡᠶᠢᠲᠡᠯᠡᠭᠰᠡᠨ ᠴᠠᠭ᠄
2018-06-12
     14 ᠵᠦᠢᠯ ᠤᠨ ᠪᠠᠶᠢᠳᠠᠯ ᠳᠤ ᠳᠤᠭᠳᠠᠭᠰᠠᠨ ᠬᠢᠵᠠᠭᠠᠷ ᠬᠤᠭᠤᠴᠠᠭ᠎ᠠ ᠦᠭᠡᠢ ᠭᠡᠷ᠎ᠡ ᠶᠢ ᠠᠯᠳᠠᠷᠠᠭᠠᠵᠤ ᠪᠣᠯᠣᠨ᠎ᠠ         ᠬᠦᠳᠡᠯᠮᠤᠷᠢ ᠶᠢᠨ ᠭᠡᠷ᠎ᠡ ᠶᠢᠨ ᠬᠠᠤᠯᠢ ᠬᠡᠷᠡᠭᠵᠢᠭᠦᠯᠦᠭᠳᠡᠭᠡᠳ ᠠᠷᠪᠠᠭᠠᠳ ᠰᠠᠷ᠎ᠠ ᠪᠣᠯᠣᠭᠰᠠᠨ ᠤ ᠳᠠᠷᠠᠭ᠎ᠠ᠂ ᠳᠦᠷᠦ   ᠶᠢᠨ   ᠶᠠᠪᠤᠳᠠᠯ ᠤᠨ ᠬᠤᠷᠢᠶᠠᠨ ᠠᠴᠠ ᠳᠡᠬᠦᠨ ᠤ ᠳᠦᠭᠦᠷᠵᠢᠬᠦᠯᠬᠦ ᠬᠠᠤᠯᠢ ᠳᠣᠭᠳᠠᠭᠠᠯ ᠪᠣᠯᠬᠤ ︽ ᠬᠦᠳᠡᠯᠮᠤᠷᠢ ᠶᠢᠨ ᠭᠡᠷ᠎ᠠ   ᠶᠢᠨ   ᠬᠠᠤᠯᠢ ᠶᠢ ᠬᠡᠷᠡᠭᠵᠢᠭᠦᠯᠬᠦ ᠳᠦᠷᠢᠮ︾ ᠢ 9 ᠰᠠᠷ᠎ᠠ ᠶᠢᠨ 18 ᠳᠤ ᠠᠯᠪᠠᠨ ᠶᠤᠰᠤᠭᠠᠷ ᠨᠠᠶᠢᠳᠡᠯᠡᠵᠤ᠂   ᠨᠡᠶᠢᠳᠡᠯᠡᠭᠳᠡᠭᠰᠡᠨ   ᠡᠳᠦᠷ ᠠᠴᠠ ᠡᠬᠢᠯᠡᠨ ᠭᠡᠷᠡᠭᠵᠢᠭᠦᠯᠪᠡ᠃ ᠳᠦᠷᠢᠮ ᠳᠤ᠂ ᠠᠵᠢᠯᠲᠠᠨ ᠠᠵᠢᠯᠴᠢᠨ ᠤ ᠨᠠᠷ᠎ᠠ ᠶᠢᠨ ᠳᠠᠩᠰᠠ   ᠪᠠᠶᠢᠭᠤᠯᠬᠤ ᠦᠭᠡᠢ   ᠪᠣᠯ ᠬᠠᠮᠤᠭ ᠬᠦᠨᠳᠤ ᠳᠤᠨᠢ 2 ᠳᠦᠮᠡᠨ ᠳᠦᠭᠦᠷᠢᠭ ᠤᠨ ᠳᠣᠷᠭᠠᠭᠤᠯᠢ ᠦᠭᠬᠦᠨ᠎ᠡ ᠬᠡᠵᠤ ᠳᠤᠷᠠᠳᠤᠨ   ᠭᠠᠷᠭᠠᠵᠠᠢ᠃ ᠳᠤᠰ ︽  ᠳᠦᠷᠢᠮ︾ ᠳᠤ᠂ ︽ᠬᠦᠮᠦᠨ ᠬᠡᠷᠡᠭᠯᠡᠭᠦ ᠪᠠᠶᠢᠭᠤᠯᠤᠯᠭ᠎ᠠ ᠨᠢᠭᠡᠴᠠ ᠨᠢ ᠬᠦᠳᠡᠯᠮᠤᠷᠢᠴᠢ ᠲᠠᠢ   ᠵᠦᠪᠳᠡᠬᠡᠳ ᠰᠠᠨᠠᠯ ᠨᠢᠭᠡᠳᠦᠭᠰᠡᠨ   ᠪᠠᠶᠢᠳᠠᠯ︾ ︽ᠬᠦᠳᠡᠯᠮᠤᠷᠢᠴᠢ ᠳᠤᠷᠰᠢᠨ ᠬᠡᠷᠡᠭᠯᠡᠭᠳᠡᠭᠦ ᠬᠤᠭᠤᠴᠠᠭᠠᠨ ᠳᠠᠭᠠᠨ ᠡᠯᠰᠡᠨ   ᠬᠡᠷᠡᠭᠯᠡᠬᠦ ᠨᠦᠭᠦᠴᠡᠯ ᠳᠤ ᠨᠠᠶᠢᠴᠡᠭᠰᠡᠨ   ᠦᠭᠡᠢ ᠪᠠᠷ ᠨᠤᠳᠠᠯᠠᠭᠳᠠᠭᠰᠠᠨ ᠪᠠᠶᠢᠳᠠᠯ︾ ᠬᠡᠬᠦ ᠵᠡᠷᠭᠡ 14 ᠵᠦᠢᠯ ᠤᠨ ᠪᠠᠶᠢᠳᠠᠯ   ᠳᠤᠤᠷ᠎ᠡ ᠬᠦᠮᠦᠨ ᠬᠡᠷᠡᠭᠯᠡᠭᠦ ᠨᠢᠭᠡᠴᠠ ᠠᠴᠠ   ᠬᠦᠳᠡᠯᠮᠤᠷᠢᠴᠢ ᠲᠠᠢ ᠳᠤᠭᠳᠠᠮᠠᠯ ᠪᠤᠰᠤ ᠬᠤᠭᠤᠴᠠᠭᠠᠳᠤ ᠬᠦᠳᠡᠯᠮᠤᠷᠢ ᠶᠢᠨ   ᠭᠡᠷ᠎ᠡ ᠶᠢ ᠠᠯᠳᠠᠷᠠᠭᠠᠵᠤ ᠪᠣᠯᠣᠨ᠎ᠠ ᠭᠡᠵᠤ   ᠳᠤᠭᠳᠠᠭᠠᠵᠠᠢ᠃         ᠬᠦᠳᠡᠯᠮᠤᠷᠢ ᠶᠢᠨ ᠭᠡᠷ᠎ᠠ ᠶᠢᠨ ᠬᠠᠣᠯᠢ ᠠᠩᠬ᠎ᠠ ᠬᠡᠷᠡᠭᠵᠢᠬᠦᠯᠦᠭᠳᠡᠬᠦ ᠦᠶ᠎ᠡ ᠳᠤ᠂ ᠵᠠᠷᠢᠮ ᠬᠦᠮᠦᠨ ᠳᠣᠭᠳᠠᠮᠠᠯ ᠪᠤᠰᠤ   ᠬᠤᠭᠤᠴᠠᠭᠠᠳᠤ ᠬᠦᠳᠡᠯᠮᠤᠷᠢ ᠶᠢᠨ ᠭᠡᠷ᠎ᠡ ᠶᠢ ︽ᠲᠡᠮᠦᠷ ᠠᠶᠠᠭ᠎ᠠ︾᠂ ︽ᠨᠠᠰᠤᠨ ᠳᠤᠷᠰᠢᠳᠠ  ᠶᠢᠨ ᠳᠦᠷᠢᠮ︾ ᠭᠡᠵᠤ   ᠠᠳᠡᠭᠦᠷᠡᠨ ᠦᠢᠯᠠᠭᠠᠵᠤ ᠪᠠᠶᠢᠯ᠎ᠠ᠃ ᠳᠤᠰ ᠳᠦᠷᠢᠮ ᠤᠨ ᠳᠦᠰᠦᠯ ᠪᠣᠯᠣᠨ ᠪᠦᠭᠦ ᠤᠯᠤᠰ ᠤᠨ ᠠᠷᠠᠳ ᠤᠨ   ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠠᠴᠠ ᠪᠠᠳᠤᠯᠠᠭᠰᠠᠨ ᠬᠦᠳᠡᠯᠮᠤᠷᠢ ᠶᠢᠨ ᠭᠡᠷ᠎ᠡ ᠶᠢᠨ   ᠬᠠᠣᠯᠢ ᠶᠢ ᠬᠠᠷᠢᠴᠠᠭᠤᠯᠬᠤ ᠪᠠᠷ ᠳᠠᠮᠵᠢᠨ᠂ ︽ᠳᠦᠷᠢᠮ︾ ᠨᠢ ᠬᠦᠳᠡᠯᠮᠤᠷᠢ ᠶᠢᠨ ᠭᠡᠷ᠎ᠡ ᠶᠢᠨ ᠬᠠᠣᠯᠢ ᠳᠤ ᠲᠠᠷᠠᠬᠠᠢ   ᠪᠤᠳᠠᠷᠬᠠᠢ ᠪᠠᠷ ᠪᠢᠴᠢᠭᠳᠡᠭᠰᠡᠨ ᠡᠯ᠎ᠡ ᠵᠦᠢᠯ ᠤᠨ ᠬᠦᠳᠡᠯᠮᠤᠷᠢ ᠶᠢᠨ ᠬᠡᠷ᠎ᠡ ᠶᠢ ᠠᠯᠳᠠᠷᠠᠭᠠᠵᠤ ᠪᠤᠯᠬᠤ 14 ᠵᠦᠢᠯ ᠤᠨ   ᠪᠠᠶᠢᠳᠠᠯ   ᠳᠤ ᠬᠤᠷᠢᠶᠠᠩᠭᠤᠢᠢᠯᠠᠯ ᠬᠢᠪᠠ᠃         1᠂ ᠬᠦᠮᠦᠨ ᠬᠡᠷᠡᠭᠯᠡᠭᠦ ᠨᠢᠭᠡᠴᠠ ᠨᠢ ᠬᠦᠳᠡᠯᠮᠤᠷᠢᠴᠢ ᠲᠠᠢ ᠵᠦᠪᠳᠡᠬᠡᠳ ᠰᠠᠨᠠᠯ ᠨᠢᠬᠡᠳᠦᠭᠰᠡᠨ ᠪᠠᠶᠢᠳᠠᠯ︔         2᠂ ᠬᠦᠳᠡᠯᠮᠤᠷᠢᠴᠢ ᠳᠤᠷᠰᠢᠨ ᠬᠡᠷᠡᠭᠯᠡᠭᠳᠡᠭᠦ ᠬᠤᠭᠤᠴᠠᠭᠠᠨ ᠳᠠᠭᠠᠨ   ᠡᠯᠰᠡᠨ ᠬᠡᠷᠡᠭᠯᠡᠬᠦ ᠨᠦᠭᠦᠴᠡᠯ ᠳᠤ ᠨᠠᠶᠢᠴᠡᠭᠰᠡᠨ   ᠦᠭᠡᠢ ᠪᠠᠷ ᠨᠤᠳᠠᠯᠠᠭᠳᠠᠭᠰᠠᠨ ᠪᠠᠶᠢᠳᠠᠯ︔                  3᠂ ᠬᠦᠳᠡᠯᠮᠤᠷᠢᠴᠢ ᠠᠴᠠ ᠬᠦᠮᠦᠨ ᠭᠡᠷᠡᠭᠯᠡᠭᠦ ᠨᠢᠭᠡᠴᠠ ᠶᠢᠨ ᠳᠦᠷᠢᠮ ᠳᠣᠭᠲᠠᠭᠠᠯ ᠢ ᠬᠦᠨᠳᠤ ᠨᠣᠴᠢᠲᠠᠢ   ᠵᠦᠷᠢᠴᠡᠭᠰᠡᠨ   ᠪᠠᠶᠢᠳᠠᠯ︔        4᠂ ᠬᠦᠳᠡᠯᠮᠤᠷᠢᠴᠢ ᠠᠴᠠ ᠬᠠᠷᠢᠭᠤᠴᠠᠯᠭ᠎ᠠ ᠪᠠᠨ ᠬᠦᠨᠳᠤ ᠨᠣᠴᠢᠲᠠᠢ ᠠᠯᠳᠠᠵᠤ᠂ ᠬᠤᠪᠢ ᠪᠠᠨ ᠪᠤᠳᠤᠨ ᠬᠡᠮ ᠬᠢᠵᠤ   ᠳᠤᠰ ᠬᠦᠮᠦᠨ ᠭᠡᠷᠡᠭᠯᠡᠭᠦ ᠨᠢᠭᠡᠴᠠ ᠳᠤ ᠬᠦᠨᠳᠦ ᠨᠣᠴᠢᠲᠠᠢ ᠬᠤᠬᠢᠷᠠᠯ ᠣᠴᠠᠷᠠᠭᠤᠯᠤᠭᠰᠠᠨ ᠪᠠᠶᠢᠳᠠᠯ︔        5᠂ ᠬᠦᠳᠡᠯᠮᠦᠷᠢᠴᠢ ᠳᠤᠰ ᠬᠦᠮᠦᠨ ᠬᠡᠷᠡᠭᠯᠡᠬᠦ ᠨᠢᠭᠡᠴᠠ ᠠᠴᠠ ᠭᠠᠳᠠᠨ᠎ᠠ ᠪᠠᠰᠠ ᠦᠭᠡᠷ᠎ᠡ ᠬᠦᠮᠦᠨ ᠭᠡᠷᠡᠭᠯᠡᠭᠦ   ᠨᠢᠬᠡᠴᠡ   ᠲᠠᠢ ᠬᠦᠳᠡᠯᠮᠤᠷᠢ ᠶᠢᠨ ᠬᠠᠷᠢᠴᠠᠭ᠎ᠠ ᠪᠠᠶᠢᠭᠤᠯᠤᠨ᠂ ᠳᠤᠰ ᠨᠢᠭᠡᠴᠠ ᠶᠢᠨ ᠠᠵᠢᠯ ᠤᠨ ᠡᠭᠦᠷᠭᠡ ᠪᠠᠨ ᠪᠡᠶᠡᠯᠡᠭᠦᠯᠭᠦ   ᠳᠤ ᠬᠦᠨᠳᠤ   ᠨᠤᠴᠢᠲᠠᠢ ᠨᠦᠯᠦᠭᠡ ᠶᠢ ᠪᠤᠢ ᠪᠤᠯᠭᠠᠭᠰᠠᠨ ᠪᠤᠶᠤ ᠬᠦᠮᠦᠨ ᠬᠡᠷᠡᠭᠯᠡᠬᠦ ᠨᠢᠬᠡᠴᠡ ᠰᠠᠨᠠᠯ ᠳᠤᠷᠠᠳᠤᠯᠭ᠎ᠠ   ᠭᠠᠷᠭᠠᠭᠰᠠᠨ ᠪᠠᠶᠢᠳᠠᠯ᠎ᠠ   ᠬᠠᠯᠠᠵᠤ ᠵᠠᠰᠠᠭᠰᠠᠨ ᠦᠬᠡᠢ ᠪᠠᠶᠢᠳᠠᠯ︔         6᠂ ᠬᠦᠳᠡᠯᠮᠤᠷᠢᠴᠢ ᠮᠡᠬᠡᠯᠡᠭᠦ᠂ ᠰᠦᠷᠳᠡᠭᠦᠯᠬᠦ ᠪᠤᠶᠤ ᠬᠦᠴᠢᠷᠳᠡᠯ ᠢ ᠳᠠᠯᠢᠮᠳᠠᠭᠤᠯᠤᠭᠠᠳ᠂ ᠬᠦᠮᠦᠨ ᠭᠡᠷᠡᠭᠯᠡᠭᠦ   ᠨᠢᠭᠡᠴᠠ   ᠶᠢ ᠦᠨᠡᠨ ᠪᠤᠳᠠᠳᠠᠢ ᠤᠭ ᠰᠠᠨᠠᠭ᠎ᠠ ᠠᠴᠠ ᠨᠢ ᠳᠡᠷᠰᠯᠡᠬᠦᠯᠦᠭᠰᠡᠨ ᠪᠠᠶᠢᠳᠠᠯ ᠳᠤᠤᠷ᠎ᠠ ᠬᠦᠳᠡᠯᠮᠤᠷᠢ ᠶᠢᠨ ᠭᠡᠷ᠎ᠡ ᠶᠢ   ᠳᠤᠭᠳᠠᠭᠰᠠᠨ ᠪᠤᠶᠤ ᠬᠤᠪᠢᠷᠠᠭᠠᠭᠰᠠᠨ ᠪᠠᠶᠢᠳᠠᠯ︔         7᠂ ᠬᠦᠳᠡᠯᠮᠤᠷᠢᠴᠢ ᠬᠠᠤᠯᠢ ᠶᠤᠰᠤᠭᠠᠷ ᠡᠷᠡᠭᠦᠦ ᠶᠢᠨ ᠬᠡᠷᠡᠭ ᠤᠨ ᠬᠠᠷᠢᠭᠤᠴᠠᠯᠭ᠎ᠠ ᠨᠡᠭᠡᠮᠵᠢᠯᠡᠭᠳᠡᠭᠰᠡᠨ ᠪᠠᠶᠢᠳᠠᠯ︔          8᠂ ᠬᠦᠳᠡᠯᠮᠤᠷᠢᠴᠢ ᠡᠪᠡᠳᠴᠢᠯᠡᠭᠰᠡᠨ ᠪᠤᠶᠤ ᠠᠵᠢᠯ  ᠤᠨ ᠪᠤᠰᠤ   ᠬᠠᠷᠠᠭ᠎ᠠ ᠪᠠᠷ ᠰᠢᠷᠬᠠᠳᠤᠭᠠᠳ᠂ ᠳᠤᠭᠳᠠᠭᠰᠠᠨ   ᠡᠮ   ᠡᠮᠨᠡᠯᠬᠡ ᠶᠢᠨ ᠬᠤᠭᠤᠴᠠᠭ᠎ᠠ ᠨᠢ   ᠳᠦᠬᠦᠷᠤᠭ᠍ᠰᠡᠨ  ᠤ   ᠳᠠᠷᠠᠭ᠎ᠠ ᠤᠭ  ᠤᠨ ᠠᠵᠢᠯ   ᠢᠶᠠᠨ ᠬᠢᠵᠤ ᠳᠠᠶᠢᠯᠬᠦ ᠦᠬᠡᠢ   ᠮᠦᠷᠳᠡᠬᠡᠨ ᠬᠦᠮᠦᠨ ᠬᠡᠷᠡᠭᠯᠡᠬᠦ   ᠨᠢᠬᠡᠴᠡ ᠶᠢᠨ ᠳᠤᠬᠢᠷᠠᠭᠤᠯᠤᠭᠰᠠᠨ ᠤᠨᠳᠤᠤ ᠠᠵᠢᠯ  ᠢ   ᠴᠤ   ᠬᠢᠵᠤ ᠳᠡᠶᠢᠯᠬᠦ ᠦᠬᠡᠢ     ᠪᠤᠯᠤᠭᠰᠠᠨ ᠪᠠᠶᠢᠳᠠᠯ︔          9᠂ ᠬᠦᠳᠡᠯᠮᠤᠷᠢᠴᠢ ᠠᠵᠢᠯ ᠢᠶᠠᠨ ᠡᠭᠦᠷᠭᠡᠯᠡᠵᠤ ᠳᠠᠶᠢᠯᠬᠦ ᠦᠭᠡᠢ᠂ ᠳᠠᠪᠳᠠᠨ ᠪᠤᠯᠪᠠᠰᠤᠷᠠᠭᠤᠯᠤᠯᠳᠠ ᠬᠢᠭᠰᠡᠨ ᠪᠤᠶᠤ   ᠠᠵᠢᠯ ᠤᠨ ᠪᠠᠶᠢᠷᠢ ᠶᠢ ᠨᠢ ᠰᠤᠯᠢᠭᠠᠳ ᠮᠦᠨᠬᠦ ᠠᠵᠢᠯ ᠢᠶᠠᠨ ᠡᠬᠦᠷᠬᠡᠯᠡᠵᠤ ᠳᠡᠶᠢᠯᠬᠦ ᠦᠬᠡᠢ ᠪᠠᠶᠢᠳᠠᠯ          10᠂ ᠬᠦᠳᠡᠯᠮᠤᠷᠢ ᠶᠢᠨ ᠭᠡᠷ᠎ᠡ ᠶᠢ ᠳᠤᠭᠳᠠᠭᠠᠬᠤ ᠦᠶᠡᠰ ᠲᠤ ᠦᠨᠳᠦᠰᠦᠯᠡᠯ ᠪᠣᠯᠭᠠᠭᠰᠠᠨ ᠪᠣᠰᠤᠳᠴᠢ ᠪᠠᠶᠢᠳᠠᠯ   ᠳᠤ   ᠬᠦᠨᠳᠤ ᠶᠡᠭᠡ ᠬᠤᠪᠢᠷᠠᠯᠲᠠ ᠭᠠᠷᠴᠤ᠂ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ ᠭᠡᠷᠡᠭᠵᠢᠬᠦᠯᠬᠦ  ᠶᠢᠨ ᠠᠷᠭ᠎ᠠ   ᠦᠭᠡᠢ   ᠪᠣᠯᠤᠭᠠᠳ᠂ ᠬᠦᠮᠦᠨ ᠬᠡᠷᠡᠭᠯᠡᠬᠦ ᠨᠢᠭᠡᠴᠠ ᠨᠢ ᠬᠦᠳᠡᠯᠮᠤᠷᠢᠴᠢ ᠲᠠᠢ ᠵᠦᠪᠳᠡᠭᠡᠳ ᠬᠦᠳᠡᠯᠮᠤᠷᠢ  ᠶᠢᠨ ᠭᠡᠷ᠎ᠡ ᠶᠢᠨ   ᠠᠭᠤᠯᠭ᠎ᠠ ᠶᠢ   ᠬᠤᠪᠢᠷᠠᠭᠤᠯᠬᠤ ᠳᠠᠯ᠎ᠠ ᠪᠠᠷ ᠵᠦᠪᠯᠡᠯᠴᠡᠭᠡᠷ ᠳᠤᠭᠳᠠᠵᠤ ᠳᠡᠶᠢᠯᠦᠭᠰᠡᠨ ᠦᠬᠡᠢ ᠪᠠᠶᠢᠳᠠᠯ︔          11᠂ ᠬᠦᠮᠦᠨ ᠭᠡᠷᠡᠭᠯᠡᠭᠦ ᠨᠢᠭᠡᠴᠠ ᠠᠵᠤ ᠠᠬᠤᠢᠢᠯᠠᠯ ᠤᠨ ᠲᠠᠮᠫᠤᠷᠠᠯ ᠤᠨ ᠬᠠᠤᠯᠢ ᠶᠢ ᠦᠨᠳᠦᠰᠦᠯᠡᠨ ᠰᠢᠨ᠎ᠡ ᠪᠠᠷ   ᠴᠡᠭᠴᠡᠯᠡᠯᠳᠡ ᠬᠢᠬᠦ ᠪᠠᠷ ᠳᠤᠭᠳᠠᠭᠰᠠᠨ ᠪᠠᠶᠢᠳᠠᠯ︔          12᠂ ᠬᠦᠮᠦᠨ ᠭᠡᠷᠡᠭᠯᠡᠭᠦ ᠨᠢᠭᠡᠴᠠ ᠶᠢᠨ ᠦᠢᠯᠡᠳᠪᠤᠷᠢᠯᠡᠯ ᠡᠵᠡᠩᠨᠡᠯᠲᠠ ᠳᠤ ᠬᠦᠨᠳᠦ ᠨᠤᠴᠢᠳᠠᠢ ᠬᠦᠴᠢᠷᠳᠠᠯ   ᠳᠤᠯᠭᠠᠷᠠᠬᠰᠠᠨ ᠪᠠᠶᠢᠳᠠᠯ︔          13᠂ ᠠᠵᠤ ᠠᠬᠤᠢᠢᠯᠠᠯ ᠦᠢᠯᠡᠳᠪᠤᠷᠢᠯᠡᠯ ᠢᠶᠠᠨ ᠬᠤᠪᠢᠷᠠᠭᠤᠯᠬᠤ᠂ ᠴᠢᠬᠤᠯᠠ ᠶᠡᠭᠡ ᠮᠡᠷᠭᠡᠵᠢᠯ ᠤᠨ ᠰᠢᠨᠡᠴᠢᠯᠡᠯᠲᠠ   ᠬᠢᠬᠦ   ᠪᠤᠶᠤ ᠡᠵᠡᠩᠨᠠᠯᠲᠠ ᠶᠢᠨ ᠠᠷᠭ᠎ᠠ ᠬᠡᠯᠪᠡᠷᠢ ᠳᠡᠭᠡᠨ ᠳᠤᠬᠢᠷᠠᠭᠤᠯᠤᠯᠳᠠ ᠬᠢᠵᠤ᠂ ᠬᠦᠳᠡᠯᠮᠤᠷᠢ  ᠶᠢᠨ ᠭᠡᠷ᠎ᠡ ᠶᠢ   ᠬᠤᠪᠢᠷᠠᠭᠤᠯᠤᠭᠰᠠᠨ ᠤ ᠳᠠᠷᠠᠭ᠎ᠠ ᠮᠦᠨᠬᠦ ᠬᠦᠮᠦᠨ ᠬᠠᠰᠤᠬᠤ ᠴᠢᠬᠤᠯᠠᠳᠠᠢ ᠪᠠᠶᠢᠳᠠᠯ︔          14᠂ ᠬᠦᠳᠡᠯᠮᠤᠷᠢ ᠶᠢᠨ ᠭᠡᠷ᠎ᠡ ᠶᠢ ᠳᠤᠭᠳᠠᠭᠠᠬᠤ ᠦᠶᠡᠰ ᠲᠤ ᠦᠨᠳᠦᠰᠦᠯᠡᠯ ᠪᠣᠯᠭᠠᠭᠰᠠ ᠪᠣᠰᠤᠳᠴᠢ ᠠᠵᠤ   ᠠᠬᠤᠢ   ᠶᠢᠨ ᠪᠠᠶᠢᠳᠠᠯ ᠳᠤ ᠴᠢᠬᠤᠯᠠ ᠶᠡᠭᠡ ᠬᠤᠪᠢᠷᠠᠯᠳᠠ ᠭᠠᠷᠤᠭᠠᠳ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ   ᠭᠡᠷᠡᠭᠵᠢᠬᠦᠯᠬᠦ ᠶᠢᠨ   ᠠᠷᠭ᠎ᠠ ᠦᠭᠡᠢ ᠪᠣᠯᠣᠭᠰᠠᠨ ᠪᠤᠰᠤᠳ ᠪᠠᠶᠢᠳᠠᠯ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号