ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠶᠢ ᠵᠠᠪᠠᠯ ᠳᠦᠷᠢᠮᠵᠢᠭᠦᠯᠦᠨ ᠬᠡᠷᠡᠭᠯᠡᠬᠦ ᠭᠡᠷᠡᠭᠳᠠᠢ
ᠨᠡᠶᠢᠲᠡᠯᠡᠭᠰᠡᠨ ᠴᠠᠭ᠄
2024/4/22
    ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡ ᠭᠠᠯ ᠠᠯᠳᠠᠮᠠᠭᠴᠠ ᠠᠶᠦᠯᠳᠦ ᠴᠢᠨᠠᠷ ᠢᠶᠠᠷ ᠲᠦᠢᠯ ᠤᠨ ᠶᠡᠭᠡ ᠪᠠᠶᠢᠳᠠᠬ ᠠᠴᠠ ᠭᠠᠯ ᠤᠨᠲᠠᠷᠠᠭᠠᠬᠤ ᠠᠩᠬᠢ ᠶᠢᠨ ᠬᠢᠨ ᠤ ᠪᠤᠳᠠᠲᠦ ᠦᠡᠭᠭᠡᠷᠡᠯᠲᠡ ᠠᠴᠠ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠵᠢᠴᠢ ᠳ᠋ᠢᠶᠠᠨ ‍ᠤᠤᠢ ᠶᠢ᠄ ᠠᠰᠠᠷ ᠤᠨ ᠭᠤᠳᠤᠮᠵᠢ ᠪᠤᠶᠤ ᠭᠡᠷ ᠲᠡᠭᠡᠨ ᠤᠷᠤᠭᠤᠯᠵᠤ ᠴᠡᠨᠡᠭᠯᠡᠵᠤ ᠪᠤᠯᠬᠤ ᠦᠭᠡᠢ︔ ᠤᠲᠠᠰᠦ ᠲᠠᠳᠠᠵᠤ ᠴᠡᠨᠡᠭᠯᠡᠵᠦ ᠪᠤᠯᠬᠤ ᠦᠭᠡᠢ︔ ᠲᠤᠷ᠎ᠠ ᠪᠠᠷ ᠰᠣᠬᠤᠷ ᠪᠠᠯᠠᠶ ᠪᠠᠷ ᠥᠭᠡᠷᠡᠴᠢᠯᠡᠨ ᠤᠭᠰᠠᠷᠠᠵᠤ ᠪᠤᠯᠬᠤ ᠦᠭᠡᠢ︔ ᠡᠳᠦᠷ ᠲᠤᠲᠤᠮ ᠦᠪᠡᠷ ᠢᠶᠠᠨ ᠪᠠᠶᠢᠴᠠᠭᠠᠨ ᠰᠢᠨᠵᠢᠵᠤ ᠪᠠᠶᠢᠬᠤ ᠬᠡᠷᠡᠭᠳᠡᠢ ᠭᠡᠵᠦ ᠤᠨᠴᠠᠭᠠᠶᠢᠯᠠᠨ ᠰᠠᠨᠠᠭᠤᠯᠵᠤ ᠪᠤᠢ᠃     ᠭᠡᠷ ᠵᠠᠭᠤᠷ᠎ᠠ ᠶᠢᠨ ᠭᠠᠯ ᠤᠨ ᠠᠶᠤᠯ ᠢ ᠰᠡᠷᠭᠡᠶᠢᠯᠡᠬᠦ ᠳᠤ ᠲᠤᠤᠷᠠᠬᠢ ︽ᠭᠤᠷᠪᠠ︾ ᠶᠢ ᠰᠠᠶᠢᠲᠤᠷ ᠰᠠᠬᠢᠬᠤ ᠬᠡᠷᠡᠭᠲᠡᠶ     ᠲᠣᠭᠤᠭᠠᠨ ᠭᠡᠷ ᠢ ᠴᠡᠪᠡᠷᠯᠡᠬᠦ︔ ᠨᠠᠷᠠᠪᠴᠢ ᠶᠢ ᠴᠡᠪᠡᠷᠯᠡᠬᠦ︔ ᠠᠰᠠᠷ ᠤᠨ ᠭᠤᠳᠤᠮᠵᠢ ᠶᠢ ᠴᠡᠪᠡᠷᠯᠡᠬᠦ᠃ ᠵᠤᠤᠬᠠᠨ ᠤ ᠬᠡᠢ ᠶᠢ ᠬᠠᠭᠠᠬᠤ︔ ᠴᠠᠬᠢᠯᠭᠠᠨ ᠤ ᠰᠤᠷᠪᠤᠯᠵᠢ ᠶᠢ ᠬᠠᠭᠠᠬᠤ︔ ᠡᠭᠦᠳᠡ ᠴᠣᠩᠬᠤ ᠶᠢ ᠬᠠᠭᠠᠬᠤ᠃     ᠭᠡᠷ ᠵᠠᠭᠤᠷ᠎ᠠ ᠪᠠᠨ ᠤᠨᠲᠠᠷᠠᠭᠠᠭᠤᠷ ᠲᠣᠬᠢᠷᠠᠭᠤᠯᠬᠤ ᠠᠴᠠ ᠭᠠᠳᠠᠨ᠎ᠠ᠂ ᠬᠤᠷᠴᠠ ᠭᠡᠷᠡᠯᠲᠦ ᠳ᠋ᠢᠶᠠᠨᠪᠠᠷ ᠪᠠ ᠱᠦᠭᠦᠯᠲᠡᠲᠦ ᠮᠠᠶ᠋ᠢᠭ ᠤᠨ ᠠᠮᠢᠰᠬᠤᠭᠤᠷ ᠪᠡᠯᠡᠳᠭᠡᠪᠡᠯ ᠰᠠᠶᠢᠨ᠃ ᠡᠭᠦᠨ ᠠᠴᠠ ᠭᠠᠳᠠᠨ᠎ᠠ᠂ ᠭᠡᠷ ᠲᠡᠭᠡᠨ ᠠᠯᠢ ᠴᠢᠳᠠᠬᠤ ᠪᠠᠷ ᠰᠢᠲᠠᠮᠠᠬᠠᠶ ᠬᠡᠢ ᠯᠡᠪᠡᠷᠡᠬᠦ ᠲᠦᠭᠰᠢᠭᠦᠷᠢ ᠶᠢᠨ ᠲᠤᠬᠢᠶ᠎ᠠ ᠤᠭᠰᠠᠷᠠᠬᠤ ᠪᠠ ᠤᠲᠤᠭ᠎ᠠ ᠶᠢ ᠬᠢᠨᠠᠨ ᠰᠡᠷᠡᠬᠦ ᠲᠦᠭᠰᠢᠭᠦᠷᠢ ᠶᠢᠨ ᠲᠤᠬᠢᠶ᠎ᠠ ᠤᠭᠰᠠᠷᠠᠪᠠᠯ ᠰᠠᠶᠢᠨ᠃ ᠰᠠᠭᠤᠭᠠᠯᠢ ᠠᠷᠠᠳ ᠨᠢᠭᠡᠪᠦᠷᠢ ᠭᠡᠷ ᠤᠨ ᠢᠶᠠᠨ ᠠᠶᠤᠯ ᠠᠴᠠ ᠵᠢᠭᠤᠳᠠᠬᠤ ᠵᠠᠮ ᠢᠶᠠᠨ ᠰᠠᠶᠢᠨ ᠮᠡᠳᠡᠵᠦ᠂ ᠰᠤᠷᠢᠯᠲᠠ ᠪᠤᠯᠪᠠᠰᠤᠷᠠᠯ ᠬᠢᠵᠦ᠂ ᠠᠶᠤᠯ ᠠᠴᠠ ᠵᠢᠭᠤᠳᠠᠬᠤ ᠪᠠᠴᠢᠮ ᠲᠦᠰᠦᠪ ᠲᠤᠭᠲᠠᠭᠠᠬᠤ ᠨᠢ ᠲᠠᠨ ᠢ ᠠᠶᠤᠯ ᠳᠤ ᠲᠤᠯᠭᠠᠷᠠᠭᠰᠠᠨ ᠮᠦᠴᠡ ᠳᠤ ᠪᠤᠲᠠᠳᠦ ᠬᠡᠷᠡᠭᠴᠡᠭᠡᠨ ᠳᠤ ᠬᠦᠷᠬᠦ ᠶᠠᠪᠤᠳᠠᠯ ᠶᠤᠮ᠃     ᠭᠡᠷ ᠵᠠᠭᠤᠷ᠎ᠠ ᠶᠢᠨ ᠭᠠᠯ ᠤᠨ ᠠᠶᠤᠯ ᠢ ᠰᠡᠷᠭᠡᠶᠢᠯᠡᠬᠦ ᠳᠤ ᠡᠳᠡᠭᠡᠷ ᠨᠠᠷᠢᠨ ᠵᠦᠢᠯᠡᠰ ᠢ ᠠᠩᠬᠠᠷᠪᠠᠯ ᠵᠣᠬᠢᠨ᠎ᠠ     ᠡᠯᠧᠺᠲᠷᠤᠨ ᠪᠦᠲᠦᠭᠡᠭᠳᠡᠬᠦᠨ ᠢ ᠰᠥᠨᠢᠵᠢᠨ ᠴᠡᠨᠡᠭᠯᠡᠵᠤ ᠪᠤᠯᠬᠤ ᠦᠭᠡᠢ︔ ᠲᠣᠭᠲᠠᠭᠰᠠᠨ ᠬᠤᠭᠤᠴᠠᠭ᠎ᠠ ᠲᠠᠢ ᠪᠠᠷ ᠭᠡᠷ ᠤᠨ ᠴᠠᠬᠢᠯᠭᠠᠨ ᠤᠲᠠᠰᠤ ᠬᠠᠭᠤᠴᠢᠷᠠᠭᠰᠠᠨ ᠡᠰᠡᠬᠦ᠂ ᠡᠪᠳᠡᠷᠡᠭᠰᠡᠨ ᠵᠡᠷᠭᠡ ᠶᠢ ᠪᠠᠶᠢᠴᠠᠭᠠᠨ᠎ᠠ︔ ᠴᠠᠭ ᠲᠤᠬᠠᠢ ᠳᠤᠨᠢ ᠨᠠᠷᠠᠪᠴᠢ᠂ ᠭᠤᠳᠤᠮᠵᠢ᠂ ᠱᠠᠲᠤᠨ ᠲᠡᠭᠡᠷᠡᠬᠢ ᠶᠠᠭᠤᠮ᠎ᠠ ᠶᠢ ᠬᠤᠷᠢᠶᠠᠵᠤ ᠲᠢᠭᠯᠡᠨ᠎ᠡ︔ ᠲᠣᠭᠲᠠᠮᠠᠯ ᠬᠤᠭᠤᠴᠠᠭ᠎ᠠ ᠲᠠᠢ ᠪᠠᠷ ᠣᠲᠤᠭ᠎ᠠ ᠰᠤᠷᠤᠬᠤ ᠮᠠᠰᠢᠨ ᠤ ᠬᠤᠭᠤᠯᠠᠶ ᠶᠢ ᠴᠡᠪᠡᠷᠯᠡᠨ᠎ᠡ︔ ᠯᠠ᠂ ᠬᠦᠵᠢ ᠠᠰᠠᠭᠠᠬᠤ ᠳᠠᠭᠠᠨ ᠲᠤᠰᠬᠠᠢ ᠲᠠᠯᠪᠢᠭᠤᠷ ᠪᠠᠶᠢᠬᠤ ᠬᠡᠷᠡᠭᠳᠡᠢ︔ ᠭᠡᠷ ᠲᠡᠭᠡᠨ ᠴᠢᠶ᠋ᠢᠦ ᠵᠡᠷᠭᠡ ᠳᠡᠭᠳᠡᠮᠡᠬᠡᠢ ᠴᠢᠨᠠᠷ ᠲᠠᠢ ᠰᠢᠲᠠᠮᠠᠬᠠᠢ ᠳᠡᠯᠪᠡᠷᠡᠮᠡᠲᠡᠭᠡᠢ ᠪᠣᠳᠠᠰ ᠢ ᠲᠠᠯᠪᠢᠵᠤ ᠪᠤᠯᠬᠤ ᠦᠬᠡᠢ︔ ᠣᠷᠣ ᠱᠠᠹᠠ ᠳᠡᠭᠡᠷ᠎ᠡ ᠪᠠᠨ ᠲᠠᠮᠠᠬᠢ ᠲᠠᠳᠠᠬᠤ ᠦᠭᠡᠢ᠂ ᠲᠠᠮᠠᠬᠢᠨ ᠤ ᠶᠤᠵᠤᠭᠤᠷ᠂ ᠴᠦᠳᠤᠩ ᠤᠨ ᠡᠰᠢ ᠶᠢ ᠪᠦᠷᠢᠮᠦᠰᠦᠨ ᠤᠨᠲᠠᠷᠠᠭᠠᠵᠤ ᠬᠠᠶᠠᠬᠤ ᠬᠡᠷᠡᠭᠳᠡᠢ        
 
ᠢᠷᠡᠯᠲᠡ᠄ ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号