| ᠭᠠᠳᠠᠭᠠᠳᠦ ᠶᠢᠨ ᠨᠢᠭᠡᠨ ᠰᠡᠳᠬᠦᠯ ᠤᠨ ᠣᠶᠢᠷ᠎ᠠ ᠳᠤ ᠨᠡᠶᠢᠲᠡᠯᠡᠭᠰᠡᠨ ᠨᠢᠭᠡᠨ ᠰᠤᠳᠤᠯᠭᠠᠨ ᠳᠤ | ᠢᠯᠡᠷᠡᠭᠦᠯᠦᠭᠰᠡᠨ ᠢᠶᠠᠷ᠂ ᠡᠨᠧᠷᠭᠢ ᠶᠢᠨ ᠤᠮᠳᠠᠭᠠᠨ ᠤᠤᠭᠤᠬᠤ ᠨᠢ ᠵᠠᠯᠠᠭᠤᠴᠤᠳ ᠤᠨ ᠨᠦᠢᠷ ᠮᠠᠭᠤᠲᠠᠬᠤ ᠲᠠᠢ | ᠬᠤᠯᠪᠣᠭ᠎ᠠ ᠲᠠᠢ᠃ ᠡᠶᠢᠮᠦ ᠤᠮᠳᠠᠭᠠᠨ ᠢ ᠬᠡᠳᠦ ᠤᠯᠠᠨ ᠤᠤᠭᠤᠪᠠᠯ ᠵᠠᠯᠠᠭᠤᠴᠤᠳ ᠤᠨ ᠤᠨᠲᠠᠬᠤ ᠴᠠᠭ ᠨᠢ ᠲᠡᠳᠦᠶ | ᠪᠠᠭ᠎ᠠ ᠪᠤᠯᠵᠤ᠂ ᠰᠠᠷ᠎ᠠ ᠳᠤ 1 — 3 ᠤᠳᠠᠭ᠎ᠠ ᠯᠡ ᠤᠤᠭᠤᠭᠰᠠᠨ ᠴᠦ ᠨᠦᠢᠷ ᠢ ᠬᠠᠷᠰᠢᠯᠠᠬᠤ ᠲᠦᠭᠰᠢᠭᠦᠷᠢ ᠲᠠᠢ | ᠭᠡᠵᠡᠢ᠃ | ᠡᠨᠧᠷᠭᠢ ᠶᠢᠨ ᠤᠮᠳᠠᠭᠠᠨ ᠤ ᠳᠤᠮᠳᠠᠴᠢ ᠺᠤᠹᠧᠶ᠋ᠢᠨ ᠤ ᠠᠭᠤᠯᠤᠭᠳᠠᠴᠠ ᠨᠢ ᠯᠢᠲᠷ ᠪᠦᠷᠢ ᠳᠤ 150 ᠮᠢᠯᠢᠭᠷᠡᠮ | ᠪᠠᠶᠢᠵᠤ᠂ ᠪᠠᠰᠠ ᠰᠢᠬᠢᠷ᠂ ᠸᠢᠲ᠋ᠠᠮᠢᠨ᠂ ᠡᠷᠦᠳᠡᠰᠦ ᠪᠠ ᠰᠢᠪᠲᠦᠷᠲᠦ ᠬᠦᠴᠢᠯ ᠵᠡᠷᠭᠡ ᠶᠢ ᠠᠭᠤᠯᠳᠠᠭ᠃ ᠬᠦᠴᠦ ᠲᠠᠮᠢᠷ | ᠰᠡᠯᠪᠢᠵᠤ᠂ ᠴᠤᠭ ᠵᠢᠪᠬᠤᠭ᠎ᠠ ᠶᠢ ᠰᠡᠷᠭᠦᠭᠡᠬᠦ ᠡᠮ ᠪᠣᠯᠤᠭᠰᠠᠨ ᠤ ᠬᠤᠪᠢ ᠳᠤ᠂ ᠡᠨᠧᠷᠭᠢ ᠶᠢᠨ ᠤᠮᠳᠠᠭᠠᠨ ᠨᠢ | ᠵᠠᠯᠠᠭᠤᠴᠤᠳ ᠤᠨ ᠪᠠᠭ᠋ᠠᠷᠬᠠᠯ ᠢ ᠶᠡᠬᠡᠳᠡ ᠲᠠᠲᠠᠳᠠᠭ᠃ | ᠰᠤᠳᠤᠯᠭᠠᠨ ᠤ ᠠᠵᠢᠯᠲᠠᠨ 18 — 35 ᠨᠠᠰᠤᠨ ᠤ 53266 ᠤᠷᠤᠯᠴᠠᠭᠰᠠᠳ ᠤᠨ ᠲᠤᠭ᠎ᠠ | ᠪᠠᠷᠢᠮᠳᠠ ᠶᠢ ᠠᠰᠢᠬᠯᠠᠵᠠᠢ᠃ ᠤᠷᠤᠯᠴᠠᠭᠰᠠᠳ ᠡᠨᠧᠷᠭᠢ ᠶᠢᠨ ᠤᠮᠳᠠᠭᠠᠨ ᠤᠤᠭᠤᠬᠤ ᠳᠠᠪᠲᠠᠮᠵᠢ ᠵᠢᠴᠢ ᠤᠨᠲᠠᠬᠤ | ᠵᠠᠭᠪᠤᠷ ᠤᠨ ᠲᠤᠬᠠᠶ ᠨᠠᠷᠢᠨ ᠲᠣᠳᠣᠷᠬᠠᠶ ᠠᠰᠠᠭᠤᠯᠲᠠ ᠳᠤ ᠬᠠᠨᠳᠤᠵᠦ᠂ ᠰᠥᠨᠢ ᠪᠦᠷᠢ ᠶᠢᠨ ᠶᠡᠷᠦᠩᠬᠡᠶ ᠤᠨᠲᠠᠬᠤ | ᠴᠠᠭ ᠪᠣᠯᠤᠨ ᠬᠡᠪᠲᠡᠬᠦ ᠴᠠᠭ ᠢ ᠦᠨᠳᠦᠰᠦᠯᠡᠨ ᠤᠨᠲᠠᠬᠤ ᠨᠣᠷᠮ᠎ᠠ ᠶᠢ ᠪᠤᠳᠤᠨ᠎ᠠ᠃ ᠨᠢᠭᠡ ᠭᠠᠷᠠᠭ ᠲᠤ ᠠᠳᠠᠭ | ᠪᠠᠭ᠎ᠠ ᠳᠠᠭᠠᠨ 3 ᠰᠥᠨᠢ ᠤᠨᠲᠠᠵᠤ ᠣᠷᠣᠬᠤ ᠦᠭᠡᠢ ᠪᠤᠶᠤ ᠡᠷᠲᠡ ᠪᠣᠰᠬᠤ᠂ ᠨᠢᠭᠡ ᠭᠠᠷᠠᠭ ᠲᠤ ᠠᠳᠠᠭ | ᠪᠠᠭ᠎ᠠ ᠳᠠᠭᠠᠨ 3 ᠡᠳᠦᠷ ᠨᠢ ᠮᠠᠩᠰᠢᠭᠤᠷᠠᠬᠤ ᠪᠠ ᠶᠠᠳᠠᠷᠠᠵᠤ ᠴᠢᠯᠡᠭᠡᠷᠬᠡᠬᠦ᠂ ᠡᠨᠡ ᠮᠡᠲᠦ ᠪᠠᠷ ᠨᠠᠭᠠᠳᠤ ᠵᠠᠬ᠎ᠠ ᠳᠠᠭᠠᠨ 3 | ᠰᠠᠷ᠎ᠠ ᠦᠷᠭᠦᠯᠵᠢᠯᠡᠪᠡᠯ ᠨᠦᠢᠷ ᠬᠤᠯᠵᠢᠭᠰᠠᠨ ᠳᠤ ᠲᠤᠭᠠᠴᠢᠪᠠ᠃ | ᠪᠠᠶᠢᠴᠠᠭᠠᠯᠲᠠ ᠪᠠᠷ ᠢᠯᠡᠷᠡᠭᠦᠯᠦᠭᠰᠡᠨ ᠨᠢ᠂ ᠡᠨᠧᠷᠭᠢ ᠶᠢᠨ ᠤᠮᠳᠠᠭᠠᠨ ᠤ ᠬᠡᠷᠡᠭᠯᠡᠭᠡ ᠳᠤ ᠬᠦᠢᠰᠦ ᠢᠯᠭᠠᠯ ᠤᠨ | ᠢᠯᠡᠷᠬᠡᠶ ᠵᠥᠷᠢᠶ᠎ᠡ ᠣᠷᠣᠰᠢᠵᠤ ᠵᠢᠱᠢᠶᠡᠯᠡᠪᠡᠯ᠂ ᠡᠮᠡᠭᠲᠡᠶᠢᠴᠤᠳ ᠡᠷᠡᠭᠲᠡᠶᠢᠴᠤᠳ ᠠᠴᠠ ᠨᠠᠩ ᠴᠥᠭᠡᠨ ᠪᠤᠶᠤ | ᠶᠡᠷᠦ ᠠᠴᠠ ᠡᠨᠧᠷᠭᠢ ᠶᠢᠨ ᠤᠮᠳᠠᠭᠠᠨ ᠢ ᠤᠤᠭᠤᠳᠠᠭ ᠥᠬᠡᠶ᠃ ᠡᠳᠡᠭᠡᠷ ᠤᠮᠳᠠᠭᠠᠨ ᠢ ᠦᠨᠡᠬᠡᠷ ᠤᠤᠭᠤᠵᠤ | ᠥᠩᠭᠡᠷᠡᠭᠰᠡᠨ ᠭᠡᠵᠦ ᠬᠠᠷᠢᠭᠤᠯᠤᠭᠰᠠᠨ ᠬᠥᠮᠦᠰ ᠤᠨ ᠳᠣᠲᠣᠷ᠎ᠠ᠂ 5.5% ᠶᠢᠨ ᠡᠮᠡᠭᠲᠡᠶᠢᠴᠦᠳ ᠭᠠᠷᠠᠭ ᠪᠦᠷᠢ 4 | — 6 ᠤᠳᠠᠭ᠎ᠠ ᠤᠤᠭᠤᠵᠦ᠂ 3% ᠠᠴᠠ ᠢᠯᠡᠭᠦᠦ ᠡᠮᠡᠭᠲᠡᠶᠢᠴᠦᠳ ᠡᠳᠦᠷ ᠪᠦᠷᠢ ᠡᠶᠢᠮᠦ ᠤᠮᠳᠠᠭᠠᠨ | ᠤᠤᠭᠤᠳᠠᠭ ᠭᠡᠵᠡᠢ︔ ᠡᠷᠡᠭᠲᠡᠶᠢᠴᠦᠳ ᠤᠨ ᠬᠠᠷᠢᠴᠠᠯ ᠲᠤᠭ᠎ᠠ ᠨᠢ ᠲᠤᠰᠪᠦᠷᠢ 8% ᠪᠠ 5% ᠪᠣᠯᠤᠨ᠎ᠠ᠃ | ᠡᠨᠧᠷᠭᠢ ᠶᠢᠨ ᠤᠮᠳᠠᠭᠠᠨ ᠤ ᠬᠡᠷᠡᠭᠯᠡᠭᠡ ᠬᠢᠭᠡᠳ ᠤᠨᠲᠠᠬᠤ ᠴᠠᠭ ᠪᠠᠭᠠᠰᠬᠤ ᠶᠢᠨ ᠬᠤᠭᠤᠷᠣᠨᠳᠣ ᠢᠯᠡᠷᠬᠡᠶ | ᠲᠤᠰᠬᠠᠯ ᠤᠨ ᠬᠠᠷᠢᠴᠠᠭ᠎ᠠ ᠲᠠᠢ ᠪᠠᠶᠢᠳᠠᠭ᠄ ᠡᠳᠦᠷ ᠪᠦᠷᠢ ᠤᠤᠭᠤᠳᠠᠭ ᠭᠡᠵᠦ ᠮᠡᠳᠡᠭᠦᠯᠦᠭᠰᠡᠨ ᠡᠷᠡᠭᠲᠡᠶ ᠡᠮᠡᠭᠲᠡᠶ ᠨᠢ | ᠴᠥᠮ ᠬᠠᠶᠠ ᠵᠠᠷᠢᠮ ᠳᠠᠭᠠᠨ ᠤᠤᠭᠤᠳᠠᠭ ᠪᠤᠶᠤ ᠶᠡᠷᠦ ᠠᠴᠠ ᠤᠤᠭᠤᠳᠠᠭ ᠦᠭᠡᠢ ᠭᠡᠵᠦ ᠮᠡᠳᠡᠭᠦᠯᠦᠭᠰᠡᠨ ᠡᠷᠡᠭᠲᠡᠶ | ᠡᠮᠡᠭᠲᠡᠶ ᠠᠴᠠ ᠬᠠᠭᠠᠰ ᠴᠠᠭ ᠣᠷᠴᠢᠮ ᠳᠤᠲᠠᠭᠤ ᠤᠨᠲᠠᠳᠠᠭ︔ ᠡᠨᠧᠷᠭᠢ ᠶᠢᠨ ᠤᠮᠳᠠᠭᠠᠨ ᠤ ᠬᠡᠷᠡᠭᠯᠡᠭᠡ ᠶᠢᠨ | ᠨᠡᠮᠡᠭᠳᠡᠯ ᠨᠢ ᠨᠦᠢᠷ ᠮᠠᠭᠤᠲᠠᠬᠤ ᠲᠠᠢ ᠰᠢᠭᠤᠳ ᠬᠤᠯᠪᠣᠭ᠎ᠠ ᠲᠠᠢ ᠪᠠᠶᠢᠵᠦ᠂ ᠰᠥᠨᠢ ᠰᠡᠷᠢᠬᠦ ᠳᠠᠪᠲᠠᠮᠵᠢ ᠪᠠ | ᠤᠨᠲᠠᠬᠤ ᠳᠤ ᠬᠡᠷᠡᠭᠰᠡᠬᠦ ᠴᠠᠭ ᠨᠢ ᠬᠠᠷᠢᠴᠠᠩᠭᠤᠶ ᠪᠠᠷ ᠨᠡᠮᠡᠭᠳᠡᠳᠡᠭ᠃ | |