ᠲᠡᠮᠡᠭᠡᠨ ᠭᠤᠤᠯ
ᠨᠡᠶᠢᠲᠡᠯᠡᠭᠰᠡᠨ ᠴᠠᠭ᠄
2024/1/19
     ᠲᠡᠮᠡᠭᠡᠨ ᠭᠤᠤᠯ ᠤᠨ ᠮᠦᠩᠭᠦᠨ ᠬᠡᠯᠳᠡᠰ ᠲᠠᠢ ᠴᠠᠶᠢᠯᠵᠠᠭᠠᠨ ᠨᠢ ᠵᠠᠯᠠᠶᠢᠳ ᠨᠤᠳᠤᠭ ᠢᠶᠠᠨ ᠵᠦᠰᠦᠭᠡᠳ ᠪᠠᠶᠢᠨ᠎ᠠ᠃ ᠲᠤᠰ ᠭᠤᠤᠯ ᠤᠨ ᠨᠡᠷ᠎ᠡ ᠠᠯᠳᠠᠷᠳᠣ ᠰᠤᠮᠤ ᠶᠢᠨ ᠲᠡᠮᠡᠭᠡᠨ ᠠᠭᠤᠯᠠ ᠠᠴᠠ ᠢᠷᠡᠯ ᠲᠠᠢ᠃ ᠰᠦᠷᠯᠢᠭ ᠦᠵᠡᠰᠭᠦᠯᠡᠩᠳᠣ ᠲᠡᠮᠡᠭᠡᠨ ᠠᠭᠤᠯᠠ ᠶᠢᠨ ᠬᠤᠷᠮᠤᠢ ᠪᠠᠷ ᠲᠤᠨᠤᠯᠵᠠᠨ ᠤᠷᠤᠰᠴᠤ ᠪᠠᠶᠢᠭ᠎ᠠ ᠤᠴᠢᠷ ᠠᠴᠠ ᠲᠤᠰ ᠨᠤᠳᠤᠭ ᠤᠨ ᠮᠤᠩᠭᠤᠯᠴᠤᠳ ᠲᠡᠮᠡᠭᠡᠨ ᠭᠤᠤᠯ ᠭᠡᠬᠦ ᠰᠠᠶᠢᠬᠠᠨ ᠨᠡᠷ᠎ᠡ ᠪᠠᠨ ᠬᠠᠶᠢᠷᠠᠯᠠᠭᠰᠠᠨ ᠪᠠᠶᠢᠵᠠᠢ᠃    ᠲᠡᠮᠡᠭᠡᠨ ᠭᠤᠤᠯ ᠰᠤᠯᠤᠨ ᠮᠠᠯᠵᠢᠯ ᠤᠨ ᠲᠠᠯᠠᠪᠠᠢ ᠶᠢᠨ ᠵᠢᠶᠧ ᠹᠠᠩ ᠲᠦᠨ ᠠᠭᠤᠯᠠᠨ ᠬᠤᠷᠮᠤᠢ ᠠᠴᠠ ᠡᠬᠢ ᠠᠪᠴᠤ᠂ ᠠᠯᠳᠠᠷᠳᠣ ᠰᠤᠮᠤ ᠶᠢᠨ ᠲᠡᠮᠡᠭᠡᠨ᠂ ᠬᠠᠷ᠎ᠠ ᠠᠭᠤᠯᠠ᠂ ᠱᠠᠭᠠᠷᠭᠠᠲᠠᠢ ᠵᠡᠷᠭᠡ ᠲᠦᠷᠪᠡᠨ ᠭᠠᠴᠠᠭ᠎ᠠ ᠶᠢ ᠲᠠᠭᠠᠷᠢᠵᠤ᠂ ᠬᠦᠷᠡᠯ ᠪᠠᠯᠭᠠᠰᠣᠨ ᠶᠢᠨ ᠬᠢᠵᠠᠭᠠᠷ ᠢᠶᠠᠷ ᠴᠤᠤᠯ ᠭᠤᠤᠯ ᠳᠤ ᠴᠢᠳᠬᠤᠯᠠᠵᠤ ᠪᠤᠢ᠃    ᠲᠡᠮᠡᠭᠡᠨ ᠭᠤᠤᠯ ᠤᠨ ᠪᠦᠬᠦ ᠤᠷᠳᠣ ᠨᠢ 78.8 ᠺᠢᠯᠤᠮᠧᠲᠷ᠂ ᠬᠠᠮᠤᠭ ᠦᠷᠭᠡᠨ ᠭᠠᠵᠠᠷ ᠨᠢ 50 ᠮᠧᠲᠷ᠂ ᠤᠰᠤᠨ ᠤ ᠭᠦᠨᠴᠨ ᠨᠢ 2 ᠮᠧᠲᠷ᠃ ᠲᠡᠮᠡᠭᠡᠨ ᠭᠤᠤᠯ ᠵᠢᠭᠠᠰᠣ ᠵᠢᠷᠠᠭᠠᠬᠠᠢ ᠡᠯᠪᠡᠭ ᠢᠶᠠᠷ ᠪᠠᠷᠠᠬᠤ ᠦᠭᠡᠢ᠂ ᠡᠷᠬᠢ ᠲᠡᠨᠵᠢ ᠪᠠᠷ ᠨᠢ ᠡᠪᠡᠰᠤ ᠤᠷᠭᠤᠮᠠᠯ ᠢᠭᠴᠤᠷᠠᠨ᠂ ᠲᠠᠪᠤᠨ ᠲᠠᠷᠢᠶ᠎ᠠ ᠬᠠᠯᠢᠭᠤᠷᠠᠵᠤ᠂ ᠮᠠᠯ ᠰᠦᠷᠦᠭ ᠪᠡᠯᠴᠢᠭᠡᠷᠯᠡᠨ᠂ ᠨᠤᠳᠤᠭ ᠤᠰᠣᠨ ᠳᠤ ᠪᠠᠨ ᠨᠠᠨᠳᠢᠨ ᠵᠢᠳᠭᠦᠯ ᠢᠶᠠᠨ ᠦᠵᠡᠭᠦᠯᠵᠤ᠂ ᠨᠠᠷᠮᠠᠢ ᠤᠯᠠᠨ ᠳᠤ ᠪᠠᠨ ᠭᠤᠸ᠎ᠠ ᠦᠵᠡᠰᠭᠦᠯᠡᠩ  ᠢᠶᠠᠨ ᠭᠠᠶᠢᠬᠠᠭᠤᠯᠵᠤ ᠪᠤᠢ᠃
 
ᠢᠷᠡᠯᠲᠡ᠄ ︽ᠵᠠᠯᠠᠶᠢᠷ ᠰᠤᠶᠤᠯ︾ ᠭᠡᠬᠦ ᠨᠤᠮ ᠠᠴᠠ ᠰᠢᠯᠵᠢᠭᠦᠯᠪᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号