ᠵᠠᠯᠠᠶᠢᠳ ᠤᠨ ᠠᠭᠤᠯᠠ ᠤᠰᠤ — ᠡᠷᠬᠢ ᠶᠢᠨ ᠲᠤᠬᠤᠢ ᠶᠢᠨ ᠭᠤᠤᠯ
ᠨᠡᠶᠢᠲᠡᠯᠡᠭᠰᠡᠨ ᠴᠠᠭ᠄
2023/12/22
    ᠦᠷᠦᠴᠡᠨ ᠤ ᠬᠠᠶᠢᠷ᠎ᠠ ᠪᠠᠨ ᠵᠠᠯᠠᠶᠢᠳ ᠨᠤᠳᠤᠭ ᠲᠤ ᠪᠠᠨ ᠬᠠᠷᠠᠮ ᠦᠭᠡᠢ ᠡᠷᠭᠦᠵᠤ᠂ ᠰᠢᠮ᠎ᠡ ᠶᠢᠨ ᠲᠡᠭᠡᠵᠢ  ᠪᠠᠨ ᠲᠤᠷᠭᠠᠨ ᠨᠤᠳᠤᠭ ᠲᠤ ᠪᠠᠨ ᠬᠠᠶᠢᠷ᠎ᠠ ᠦᠭᠡᠢ ᠶᠡᠭᠦᠯᠡᠭᠰᠡᠨ ᠡᠷᠬᠢ ᠶᠢᠨ ᠲᠤᠬᠤᠢ ᠶᠢᠨ ᠭᠤᠤᠯ ᠬᠦᠷᠡᠯ ᠪᠠᠯᠭᠠᠰᠣᠨ ᠤ ᠴᠠᠭᠠᠨᠮᠦ᠋ᠷᠡᠨ ᠭᠤᠤᠯ ᠪᠠ ᠪᠤᠯᠭᠠᠨᠬᠤᠸᠠ ᠰᠤᠮᠤ ᠶᠢᠨ ᠬᠦᠷᠡᠯ ᠭᠤᠤᠯ ᠭᠡᠬᠦ ᠬᠤᠶᠠᠷ ᠤᠷᠤᠰᠬᠠᠯ ᠢᠶᠠᠷ ᠪᠦᠷᠢᠯᠳᠣᠵᠡᠢ᠃ ᠲᠤᠰ ᠬᠤᠶᠠᠷ ᠭᠤᠤᠯ ᠪᠠᠶᠠᠠᠭᠤᠤᠯ ᠪᠠᠯᠭᠠᠰᠣᠨ ᠳᠤ ᠤᠷᠤᠰᠣᠨ ᠨᠡᠶᠢᠯᠡᠵᠤ᠂ ᠪᠠᠶᠠᠠᠭᠤᠤᠯ ᠪᠠᠯᠭᠠᠰᠣ᠂ ᠡᠯ ᠯᠥᠩ ᠱᠠᠨ ᠦᠢᠯᠡᠴᠢᠯᠡᠬᠦ ᠲᠦᠪ ᠪᠠ ᠰᠢᠶᠣᠣ ᠴᠧᠩ ᠽᠢ ᠦᠢᠯᠡᠴᠢᠯᠡᠬᠦ ᠲᠦᠪ ᠤᠨ ᠯᠢᠦ ᠾᠧ ᠼᠦᠨ ᠭᠠᠴᠠᠭ᠎ᠠ ᠪᠠᠷ ᠵᠠᠯᠠᠶᠢᠳ ᠬᠤᠰᠢᠭᠤᠨ ᠤ ᠬᠢᠯᠢ ᠠᠴᠠ ᠭᠠᠷᠴᠤ ᠬᠠᠷᠠᠮᠦ᠋ᠷᠡᠨ ᠮᠤᠵᠢ ᠶᠢᠨ ᠲᠠᠶᠢᠯᠠᠢ ᠰᠢᠶᠠᠨ ᠤ ᠬᠢᠯᠢ ᠳᠤ ᠤᠷᠤᠭᠰᠠᠨ ᠤ ᠰᠡᠭᠦᠯᠡᠷ ᠲᠠᠬᠢᠭᠠᠳ ᠪᠠᠷᠠᠭᠤᠨ ᠡᠮᠤᠨᠡᠰᠢ ᠤᠷᠤᠰᠣᠨ ᠵᠠᠯᠠᠶᠢᠳ ᠬᠤᠰᠢᠭᠤᠨ ᠤ ᠲᠡᠮᠡᠭᠡᠴᠢ ᠤᠰᠣᠨ ᠴᠦᠭᠦᠷᠦᠮ ᠳᠤ ᠴᠢᠳᠬᠤᠵᠣ ᠪᠤᠢ᠃ ᠲᠡᠮᠡᠭᠡᠴᠢ ᠤᠰᠣᠨ ᠴᠦᠭᠦᠷᠦᠮ ᠳᠤ ᠬᠠᠳᠠᠭᠠᠯᠠᠭᠳᠠᠭᠰᠠᠨ ᠤᠰᠣ ᠨᠢ ᠭᠢᠷᠢᠨ ᠮᠤᠵᠢ ᠶᠢᠨ ᠵᠧᠨ ᠯᠠᠢ ᠰᠢᠶᠠᠨ ᠳᠤ ᠤᠷᠣᠰᠣᠨ ᠤᠷᠤᠳᠠᠭ᠃ ᠪᠦᠬᠦ ᠤᠷᠳᠣ ᠨᠢ 371 ᠺᠢᠯᠤᠮᠧᠲᠷ᠂ ᠵᠠᠯᠠᠶᠢᠳ ᠬᠤᠰᠢᠭᠤᠨ ᠤ ᠬᠢᠯᠢ ᠳᠤ ᠪᠠᠶᠢᠭ᠎ᠠ ᠤᠷᠳᠣ ᠨᠢ 227 ᠺᠢᠯᠤᠮᠧᠲᠷ  ᠃ ᠡᠷᠬᠢ ᠶᠢᠨ ᠲᠤᠬᠤᠢ ᠶᠢᠨ ᠭᠤᠤᠯ ᠵᠡᠭᠦᠨ ᠤᠷᠳᠤᠷᠢᠭ ᠤᠨ121゜49´~ 122゜58´ ᠤᠮᠠᠷᠠᠳᠤ ᠦᠷᠭᠡᠷᠢᠭ ᠤᠨ 46゜36´~  6゜34 ´ ᠤᠨ ᠬᠤᠭᠤᠷᠤᠨᠳᠣ ᠤᠷᠤᠰᠢᠵᠤ ᠶᠡᠷᠦᠩᠬᠡᠢ ᠤᠷᠤᠰᠬᠠᠯ ᠤᠨ ᠬᠡᠮᠵᠢᠶ᠎ᠡ ᠨᠢ 4130 ᠲᠦᠷᠪᠡᠯᠵᠢᠨ ᠺᠢᠯᠤᠮᠧᠲᠷ  ᠂ ᠵᠠᠯᠠᠶᠢᠳ ᠬᠤᠰᠢᠭᠤᠨ ᠳᠤ ᠪᠠᠶᠢᠭ᠎ᠠ ᠤᠷᠤᠰᠬᠠᠯ ᠤᠨ ᠪᠦᠬᠦ ᠲᠠᠯᠠᠪᠠᠢ ᠨᠢ 2800 ᠲᠦᠷᠪᠡᠯᠵᠢᠨ ᠺᠢᠯᠤᠮᠧᠲᠷ  ᠃     ᠲᠠᠬᠢᠷᠯᠠᠨ ᠮᠤᠷᠤᠯᠵᠠᠭᠰᠠᠨ ᠡᠷᠬᠢ ᠶᠢᠨ ᠲᠤᠬᠤᠢ ᠶᠢᠨ ᠭᠤᠤᠯ ᠮᠢᠨᠢ ᠵᠠᠯᠠᠶᠢᠳ ᠤᠨ ᠦᠵᠡᠰᠭᠦᠯᠡᠩ ᠢ ᠭᠠᠶᠢᠬᠠᠭᠤᠯᠤᠭᠰᠠᠨ ᠪᠠᠰᠠ ᠨᠢᠭᠡᠨ ᠴᠢᠮᠡᠭ ᠡ︕
 
ᠢᠷᠡᠯᠲᠡ᠄ ︽ᠵᠠᠯᠠᠶᠢᠷ ᠰᠤᠶᠤᠯ︾ ᠭᠡᠬᠦ ᠨᠤᠮ ᠠᠴᠠ ᠰᠢᠯᠵᠢᠭᠦᠯᠪᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号