ᠵᠠᠯᠠᠶᠢᠳ ᠬᠤᠰᠢᠭᠤ ᠰᠢᠮ᠎ᠡ ᠲᠡᠵᠢᠬᠡᠯ ᠢ ᠰᠠᠶᠢᠵᠢᠷᠠᠭᠤᠯᠬᠤ ᠬᠢᠨᠡᠨ ᠬᠠᠮᠢᠶᠠᠷᠤᠯᠳᠡ ᠶᠢ ᠴᠢᠩᠭᠠᠳᠬᠠᠨ ᠰᠤᠷᠤᠬᠴᠢᠳ ᠤᠨ ᠡᠷᠡᠬᠦᠯ ᠴᠢᠬᠢᠷᠠᠭ ᠦᠰᠦᠨ ᠪᠤᠶᠢᠵᠢᠯᠳᠠ ᠶᠢ ᠠᠬᠢᠭᠤᠯᠵᠦ ᠪᠤᠢ
ᠨᠡᠶᠢᠲᠡᠯᠡᠭᠰᠡᠨ ᠴᠠᠭ᠄
2023/11/16
    ᠤᠶᠢᠷ᠎ᠠ ᠳᠤ᠂ ᠵᠠᠯᠠᠶᠢᠳ ᠬᠤᠰᠢᠭᠤᠨ ᠤ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠭᠦ ᠲᠦᠪ ᠲᠤᠮᠳᠠᠳᠤ ᠪᠠᠭ᠎ᠠ ᠰᠤᠷᠭᠠᠭᠤᠯᠢ ᠪᠠᠷ ᠬᠦᠷᠴᠦ᠂ 2023 ᠤᠨ ᠤ ᠵᠠᠯᠠᠶᠢᠳ ᠬᠤᠰᠢᠭᠤᠨ ᠤ ᠬᠦᠳᠡᠭᠡ ᠲᠤᠰᠬᠤᠨ ᠤ ᠠᠯᠪᠠᠨ ᠵᠢᠷᠦᠮ ᠤᠨ ᠰᠤᠷᠭᠠᠨ ᠬᠦᠮᠦᠵᠢᠯ ᠤᠨ ᠰᠢᠮ᠎ᠡ ᠲᠡᠵᠢᠬᠡᠯ ᠢ ᠰᠠᠶᠢᠵᠢᠷᠠᠭᠤᠯᠬᠤ ᠲᠦᠯᠦᠪᠯᠡᠭᠡ ᠶᠢ ᠬᠢᠨᠠᠨ ᠬᠠᠮᠢᠶᠠᠷᠬᠤ ᠲᠦᠷᠦᠯ ᠵᠦᠢᠯ ᠤᠨ ᠠᠵᠢᠯᠯᠠᠭ᠎ᠠ ᠦᠷᠨᠢᠬᠦᠯᠦᠨ᠂ ᠰᠤᠷᠤᠬᠴᠢᠳ ᠤᠨ ᠡᠷᠡᠬᠦᠯ ᠴᠢᠬᠢᠷᠠᠭ ᠢ ᠬᠠᠮᠠᠭᠠᠯᠠᠬᠰᠠᠨ ᠪᠠᠶᠢᠨ᠎ᠠ᠃    ᠢᠨᠳᠡᠷ ᠲᠦᠷᠪᠡᠳᠦᠭᠡᠷ ᠲᠤᠮᠳᠠᠳᠤ ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠤᠷᠳᠤᠨ ᠳᠤ᠂ ᠵᠠᠯᠠᠶᠢᠳ ᠬᠤᠰᠢᠭᠤᠨ ᠤ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠭᠦ ᠲᠦᠪ ᠤᠨ ᠠᠵᠢᠯᠳᠠᠳ ᠰᠤᠷᠤᠬᠴᠢᠳ ᠤᠨ ᠴᠢᠰᠦᠨ ᠲᠠᠷᠦᠯᠳᠠ ᠶᠢ ᠬᠡᠮᠵᠢᠬᠦ᠂ ᠴᠢᠰᠦ ᠠᠪᠴᠦ ᠪᠠᠶᠢᠴᠠᠭᠠᠬᠤ᠂ ᠪᠡᠶ᠎ᠡ ᠶᠢᠨ ᠦᠨᠳᠦᠷ ᠢ ᠬᠡᠮᠵᠢᠬᠦ ᠵᠡᠷᠭᠡ ᠪᠡᠶ᠎ᠡ ᠶᠢᠨ ᠪᠠᠶᠢᠴᠠᠭᠠᠯᠳᠠ ᠶᠢᠨ ᠠᠷᠭ᠎ᠠ ᠪᠠᠷ ᠰᠢᠮ᠎ᠡ ᠲᠡᠵᠢᠬᠡᠯ ᠤᠨ ᠪᠠᠶᠢᠳᠠᠯ ᠳᠤ ᠬᠢᠨᠠᠨ ᠪᠠᠶᠢᠴᠠᠭᠠᠯᠳᠠ ᠬᠢᠵᠡᠢ᠃    ᠬᠦᠷᠡᠯ ᠭᠤᠤᠯ ᠰᠤᠷᠭᠠᠭᠤᠯᠢ 2012 ᠤᠨ ᠠᠴᠠ ᠬᠦᠳᠡᠭᠡ ᠲᠤᠰᠬᠤᠨ ᠤ ᠠᠯᠪᠠᠨ ᠵᠢᠷᠦᠮ ᠤᠨ ᠰᠤᠷᠭᠠᠨ ᠬᠦᠮᠦᠵᠢᠯ ᠤᠨ ᠰᠤᠷᠤᠬᠴᠢᠳ ᠤᠨ ᠰᠢᠮ᠎ᠡ ᠲᠡᠵᠢᠬᠡᠯ ᠢ ᠰᠠᠶᠢᠵᠢᠷᠠᠭᠤᠯᠬᠤ ᠲᠦᠯᠦᠪᠯᠡᠭᠡ ᠶᠢ ᠡᠬᠢᠯᠡᠨ ᠬᠡᠷᠡᠭᠵᠢᠬᠦᠯᠦᠭᠰᠡᠨ ᠠᠴᠠ ᠨᠠᠭᠠᠰᠢ᠂ ᠤᠯᠤᠰ ᠤᠨ ᠪᠠᠷᠢᠮᠵᠢᠶ᠎ᠠ ᠶᠢ ᠦᠨᠳᠦᠰᠦᠯᠡᠨ ᠰᠤᠷᠤᠬᠴᠢ ᠨᠢᠬᠡᠪᠦᠷᠢ ᠳᠤ ᠡᠳᠦᠷ ᠪᠦᠷᠢ 3 ᠲᠦᠬᠦᠷᠢᠭ ᠤᠨ ᠰᠢᠮ᠎ᠡ ᠲᠡᠵᠢᠬᠡᠯ ᠤᠨ ᠨᠦᠬᠦᠪᠦᠷᠢ ᠦᠭᠴᠦ ᠪᠠᠶᠢᠨ᠎ᠠ᠃ 2021 ᠤᠨ ᠤ ᠰᠢᠮ᠎ᠡ ᠲᠡᠵᠢᠬᠡᠯᠳᠤ ᠬᠤᠭᠤᠯᠠ ᠶᠢᠨ ᠨᠦᠬᠦᠪᠦᠷᠢ 3 ᠲᠦᠬᠦᠷᠢᠭ ᠪᠠᠶᠢᠬᠰᠠᠨ ᠢ 5 ᠲᠦᠬᠦᠷᠢᠭ ᠪᠤᠯᠭᠠᠨ ᠦᠰᠭᠡᠵᠦ᠂ ᠰᠢᠨᠵᠢᠯᠡᠬᠦ ᠤᠬᠠᠭᠠᠨᠴᠢ ᠪᠠᠷ ᠬᠤᠭᠤᠯᠠ ᠤᠮᠳᠠ ᠲᠤᠬᠢᠷᠠᠭᠤᠯᠵᠦ᠂ ᠰᠤᠷᠤᠬᠴᠢᠳ ᠤᠨ ᠰᠢᠮ᠎ᠡ ᠲᠡᠵᠢᠬᠡᠯ ᠲᠡᠩᠴᠡᠬᠦᠷᠢᠳᠡᠢ ᠪᠠᠶᠢᠬᠤ ᠶᠢ ᠪᠠᠳᠦᠯᠠᠵᠦ ᠪᠠᠶᠢᠨ᠎ᠠ᠃     ᠬᠦᠷᠡᠯ ᠭᠤᠤᠯ ᠰᠤᠷᠭᠠᠭᠤᠯᠢ ᠶᠢᠨ ᠰᠤᠷᠤᠬᠴᠢ ᠬᠦᠩ ᠶᠢᠨ ᠵᠤ᠋᠄ ︽ᠪᠢᠳᠡ ᠦᠷᠯᠦᠬᠡ ᠳᠡᠭᠡᠨ ᠪᠤᠭᠤᠷᠰᠤᠭ᠂ ᠮᠠᠨᠳᠠᠤ᠂ ᠰᠢᠩᠭᠡᠨ ᠪᠤᠳᠠᠭ᠎ᠠ ᠲᠠᠢ᠂ ᠦᠳᠡ ᠳᠤ ᠪᠠᠰᠠ ᠬᠤᠶᠠᠷ ᠨᠤᠭᠤᠭ᠎ᠠ ᠲᠠᠢ ᠮᠥᠷᠳᠡᠬᠡᠨ ᠱᠦᠯᠦ ᠲᠠᠢ᠂ ᠪᠠᠰᠠ ᠡᠯ᠎ᠡ ᠵᠦᠢᠯ ᠤᠨ ᠰᠢᠮ᠎ᠠ ᠲᠡᠵᠢᠭᠡᠯ ᠲᠠᠢ ᠵᠢᠮᠢᠰ ᠢᠳᠡᠵᠦ ᠪᠠᠶᠢᠨ᠎ᠠ︾ ᠬᠡᠵᠦ ᠪᠠᠶᠠᠷᠳᠠᠶᠢᠬᠠᠨ ᠶᠠᠷᠢᠵᠦ ᠪᠠᠶᠢᠯ᠎ᠠ᠃     ᠵᠠᠯᠠᠶᠢᠳ ᠬᠤᠰᠢᠭᠤ ᠪᠤᠯ ᠤᠯᠤᠰ ᠤᠨ ᠬᠦᠳᠡᠭᠡ ᠲᠤᠰᠬᠤᠨ ᠤ ᠠᠯᠪᠠᠨ ᠵᠢᠷᠦᠮ ᠤᠨ ᠰᠤᠷᠭᠠᠨ ᠬᠦᠮᠦᠵᠢᠯ ᠤᠨ ᠰᠤᠷᠤᠬᠴᠢᠳ ᠤᠨ ᠰᠢᠮ᠎ᠡ ᠲᠡᠵᠢᠬᠡᠯ ᠢ ᠰᠠᠶᠢᠵᠢᠷᠠᠭᠤᠯᠬᠤ ᠲᠦᠯᠦᠪᠯᠡᠭᠡ ᠶᠢᠨ ᠰᠢᠮ᠎ᠡ ᠲᠡᠵᠢᠬᠡᠯ ᠡᠷᠡᠬᠦᠯ ᠴᠢᠬᠢᠷᠠᠭ ᠢ ᠬᠢᠨᠠᠨ ᠪᠠᠶᠢᠴᠠᠭᠠᠬᠤ ᠬᠤᠰᠢᠭᠤ ᠰᠢᠶᠠᠨ ᠤ ᠨᠢᠬᠡ ᠪᠤᠯᠬᠤ ᠪᠦᠭᠡᠳ ᠤᠯᠤᠰ ᠤᠨ 7 ᠬᠦᠨᠵᠡᠬᠡᠢ ᠬᠢᠨᠠᠨ ᠬᠠᠮᠢᠶᠠᠷᠬᠤ ᠬᠤᠰᠢᠭᠤ ᠰᠢᠶᠠᠨ ᠤ ᠨᠢᠬᠡ ᠪᠤᠯᠤᠨ᠎ᠠ᠂ ᠮᠦᠨᠴᠦ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠴᠤᠷ ᠤᠨ ᠭᠠᠭᠴᠠ ᠰᠤᠷᠤᠬᠴᠢᠳ ᠤᠨ ᠰᠢᠮ᠎ᠡ ᠲᠡᠵᠢᠬᠡᠯ ᠢ ᠬᠦᠨᠵᠡᠬᠡᠢ ᠬᠢᠨᠠᠨ ᠪᠠᠶᠢᠴᠠᠭᠠᠬᠤ ᠬᠤᠰᠢᠭᠤ ᠰᠢᠶᠠᠨ ᠪᠤᠯᠬᠤ ᠶᠤᠮ᠃
          ᠵᠢᠷᠤᠭ ᠪᠤᠯ᠂ ᠠᠵᠢᠯᠳᠠᠨ ᠰᠤᠷᠤᠬᠴᠢ ᠶᠢᠨ ᠪᠡᠶ᠎ᠡ ᠶᠢᠨ ᠪᠠᠶᠢᠳᠠᠯ ᠢ ᠪᠠᠶᠢᠴᠠᠭᠠᠵᠦ ᠪᠤᠢ
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号