| ᠤᠶᠢᠷ᠎ᠠ ᠶᠢᠨ ᠵᠢᠯ ᠳᠤ᠂ ᠵᠠᠯᠠᠶᠢᠳ ᠬᠤᠰᠢᠭᠤᠨ ᠤ ᠪᠤᠯᠭᠠᠨᠬᠤᠸᠠ ᠰᠤᠮᠤ ᠶᠢᠨ ᠪᠤᠯᠭᠠᠨᠬᠤᠸᠠ ᠭᠠᠴᠠᠭ᠎ᠠ | ᠳᠤᠯᠠᠭᠠᠨ ᠬᠦᠯᠡᠮᠵᠢ ᠳᠤ ᠵᠢᠵᠢᠭ ᠳᠠᠷᠪᠤᠰ ᠪᠠ ᠢᠳᠡᠰᠢᠨ ᠨᠤᠭᠤᠭ᠎ᠠ ᠳᠠᠷᠢᠬᠤ ᠠᠵᠤ ᠥᠢᠯᠡᠰ ᠢ ᠬᠦᠭᠵᠢᠬᠦᠯᠬᠦ ᠪᠠᠷ | ᠳᠠᠮᠵᠢᠨ ᠳᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠵᠤ ᠪᠤᠢ᠃ | ᠤᠶᠢᠷ᠎ᠠ ᠳᠤ᠂ ᠪᠤᠯᠭᠠᠨᠬᠤᠸᠠ ᠰᠤᠮᠤ ᠶᠢᠨ ᠪᠤᠯᠭᠠᠨᠬᠤᠸᠠ ᠭᠠᠴᠠᠭ᠎ᠠ ᠶᠢᠨ ᠳᠤᠯᠠᠭᠠᠨ ᠬᠦᠯᠡᠮᠵᠢ ᠳᠤ᠂ | ᠳᠠᠷᠢᠶᠠᠴᠢᠳ ᠳᠠᠷᠢᠭᠰᠠᠨ ᠵᠢᠵᠢᠭ ᠲᠠᠷᠪᠤᠰ ᠢᠶᠠᠨ ᠲᠡᠭᠦᠵᠦ ᠳᠠᠭᠤᠰᠤᠭᠰᠠᠨ ᠤ ᠳᠠᠷᠠᠭ᠎ᠠ᠂ ᠬᠦᠯᠡᠮᠵᠢ ᠪᠠᠨ ᠳᠠᠬᠢᠨ | ᠵᠠᠰᠠᠵᠤ ᠳᠡᠭᠰᠢᠯᠡᠨ᠂ ᠡᠯ᠎ᠡ ᠵᠦᠢᠯ ᠤᠨ ᠢᠳᠡᠰᠢᠨ ᠨᠣᠭᠤᠭ᠎ᠠ ᠳᠠᠷᠢᠵᠤ᠂ ᠤᠷᠭᠤᠴᠠ ᠨᠢ ᠮᠠᠰᠢ ᠰᠠᠶᠢᠨ ᠪᠠᠶᠢᠯ᠎ᠠ᠃ ︽ | ᠪᠢ ᠡ᠊ᠨᠡ ᠬᠦᠯᠡᠮᠵᠢ ᠳᠤ ᠵᠢᠵᠢᠭ ᠳᠠᠷᠪᠤᠰ ᠳᠠᠷᠢᠭᠠᠳ 2 ᠲᠦᠮᠡ ᠭᠠᠷᠤᠶ ᠲᠥᠭᠦᠷᠢᠭ ᠤᠨ ᠤᠷᠤᠯᠭ᠎ᠠ ᠤᠯᠵᠠᠢ᠂ | ᠤᠳᠥ ᠵᠠᠯᠭᠠᠭᠠᠳ ᠬᠦᠯᠡᠮᠵᠢ ᠳᠡᠭᠡᠨ ᠴᠠᠭᠠᠨ ᠨᠣᠭᠤᠭ᠎ᠠ ᠳᠠᠷᠢᠵᠠᠶ᠂ ᠨᠤᠭᠤᠭ᠎ᠠ ᠪᠤᠯᠪᠠᠰᠤᠷᠠᠭᠰᠠᠨ ᠤ ᠳᠠᠷᠠᠭ᠎ᠠ ᠳᠠᠬᠢᠨ | ᠵᠠᠬ᠎ᠠ ᠳᠡᠯᠭᠡᠬᠦᠷ ᠲᠤ ᠬᠦᠷᠭᠡᠬᠦ ᠪᠤᠯᠤᠨ᠎ᠠ︾ ᠭᠡᠵᠤ ᠪᠤᠯᠭᠠᠨᠬᠤᠸᠠ ᠭᠠᠴᠠᠭᠠᠨ ᠤ ᠳᠠᠷᠢᠶᠠᠴᠢᠨ ᠦ᠋ ᠶᠦᠩ ᠬᠡᠯᠡᠪᠡ᠃ | ᠭᠠᠵᠠᠷ ᠰᠢᠷᠣᠶ ᠶᠢᠨ ᠡᠬᠢ ᠪᠠᠶᠠᠯᠢᠭ ᠤᠨ ᠠᠰᠢᠭᠯᠠᠯᠲᠠ ᠶᠢᠨ ᠨᠣᠷᠮ᠎ᠠ ᠶᠢ ᠳᠡᠭᠡᠭᠰᠢᠯᠡᠭᠦᠯᠬᠦ ᠶᠢᠨ ᠲᠥᠯᠥᠭᠡ᠂ | ᠵᠠᠯᠠᠶᠢᠳ ᠬᠤᠰᠢᠭᠤᠨ ᠤ ᠪᠤᠯᠭᠠᠨᠬᠤᠸᠠ ᠰᠤᠮᠤ ᠶᠢᠨ ᠪᠤᠯᠭᠠᠨᠬᠤᠸᠠ ᠭᠠᠴᠠᠭ᠎ᠠ ᠶᠢᠨ ᠵᠢᠵᠢᠭ ᠲᠠᠷᠪᠤᠰ ᠳᠠᠷᠢᠬᠤ | ᠡᠷᠦᠬᠡ ᠶᠢ ᠢᠳᠡᠪᠬᠢᠲᠡᠶ ᠪᠠᠷ ᠬᠥᠲᠥᠯᠦᠨ ᠵᠢᠯᠣᠭᠤᠳᠴᠤ ᠪᠠᠶᠢᠭᠠᠳ ᠰᠤᠯᠠ ᠪᠠᠶᠢᠭ᠎ᠠ ᠬᠦᠯᠡᠮᠵᠢ ᠶᠢ ᠬᠤᠶᠠᠳᠠᠬᠢ | ᠤᠳᠠᠭ᠎ᠠ ᠠᠰᠢᠭᠯᠠᠭᠤᠯᠵᠤ᠂ ᠴᠠᠭᠠᠨ ᠨᠣᠭᠤᠭ᠎ᠠ᠂ ᠦᠨᠦᠷᠲᠦ ᠨᠣᠭᠤᠭ᠎ᠠ᠂ ᠥᠷᠭᠡᠰᠦᠲᠦ ᠭᠡᠮᠭᠡ ᠵᠡᠷᠭᠡ ᠠᠵᠤ | ᠠᠬᠤᠶ ᠶᠢᠨ ᠦᠷ᠎ᠡ ᠠᠰᠢᠭ ᠢᠶᠠᠷ ᠲᠦᠷᠭᠡᠨ ᠲᠠᠷᠢᠮᠠᠯ ᠢ ᠳᠠᠷᠢᠭᠤᠯᠬᠤ ᠪᠠᠷ ᠳᠠᠮᠵᠢᠭᠤᠯᠤᠨ᠂ ᠨᠢᠭᠡ ᠬᠦᠯᠡᠮᠵᠢ ᠶᠢ | ᠬᠤᠶᠠᠷ ᠤᠳᠠᠭ᠎ᠠ ᠠᠰᠢᠭᠯᠠᠨ᠂ ᠬᠤᠤᠰ ᠤᠷᠤᠯᠭ᠎ᠠ ᠤᠯᠬᠤ ᠶᠢ ᠪᠠᠳᠤᠯᠠᠵᠠᠢ᠃ | ︽ᠡ᠊ᠨᠡ ᠵᠢᠯ᠂ ᠪᠢᠳᠡ ︿ᠺᠣᠮᠫᠠᠨᠢ + ᠰᠠᠭᠤᠷᠢᠨ ᠭᠠᠵᠠᠷ + ᠵᠠᠬᠢᠶᠠᠯᠠᠭ᠎ᠠ﹀ ᠶᠢᠨ ᠦᠢᠯᠡᠳᠪᠦᠷᠢᠯᠡᠯ ᠤᠨ | ᠵᠠᠭᠪᠤᠷ ᠢᠶᠠᠷ᠂ ᠡᠷᠬᠢᠨ ᠲᠣᠭᠤᠷᠢᠨ ᠤ 48 ᠡᠷᠦᠬᠡ ᠶᠢᠨ 153 ᠬᠥᠮᠦᠨ ᠢ ᠳᠠᠶᠢᠴᠢᠯᠠᠨ ᠬᠦᠷᠢᠶ᠎ᠡ ᠬᠠᠰᠢᠶᠠᠨ ᠤ ᠠᠵᠤ | ᠠᠬᠤᠶ ᠶᠢ ᠬᠥᠭᠵᠢᠭᠦᠯᠵᠤ᠂ ᠬᠦᠯᠡᠮᠵᠢ ᠳᠤ ᠵᠢᠵᠢᠭ ᠲᠠᠷᠪᠤᠰ ᠳᠠᠷᠢᠬᠤ ᠪᠠᠷ ᠳᠡᠮᠵᠢᠨ᠂ ᠡᠷᠦᠬᠡ ᠪᠦ᠋ᠷᠢ ᠶᠢᠨ ᠳᠤᠮᠳᠠᠴᠢ | ᠣᠷᠣᠯᠭ᠎ᠠ ᠨᠢ 13000 ᠲᠥᠭᠦᠷᠢᠭ ᠨᠡᠮᠡᠭᠳᠡᠪᠡ︾ ᠭᠡᠵᠦ ᠪᠤᠯᠭᠠᠨᠬᠤᠸᠠ ᠭᠠᠴᠠᠭ᠎ᠠ ᠶᠢᠨ ᠨᠠᠮ ᠤᠨ ᠡᠭᠦᠷ ᠤᠨ | ᠱᠦᠵᠢ ᠴᠧᠨ ᠶᠦᠩ ᠯᠤ᠋ ᠬᠡᠯᠡᠪᠡ᠃ | ᠤᠶᠢᠷ᠎ᠠ ᠶᠢᠨ ᠵᠢᠯ ᠳᠤ᠂ ᠪᠤᠯᠭᠠᠨᠬᠤᠸᠠ ᠰᠤᠮᠤ ᠶᠢᠨ ᠪᠤᠯᠭᠠᠨᠬᠤᠸᠠ ᠭᠠᠴᠠᠭ᠎ᠠ ᠨᠠᠮ ᠤᠨ ᠪᠠᠶᠢᠭᠤᠯᠤᠯᠲᠠ ᠪᠠᠷ | ᠠᠵᠤ ᠦᠢᠯᠡᠰ ᠤᠨ ᠬᠥᠭᠵᠢᠯᠲᠡ ᠶᠢ ᠬᠥᠲᠥᠯᠥᠨ ᠳᠠᠭᠠᠭᠤᠯᠬᠤ ᠰᠡᠳᠭᠢᠴᠡ ᠶᠢ ᠪᠠᠷᠢᠮᠲᠠᠯᠠᠵᠤ᠂ ᠲᠠᠷᠢᠶᠠᠯᠠᠩ ᠤᠨ ᠠᠵᠤ | ᠦᠢᠯᠡᠰ ᠤᠨ ᠪᠦᠲᠦᠴᠡ ᠳᠤ ᠢᠳᠡᠪᠬᠢᠲᠡᠶ ᠲᠣᠬᠢᠷᠠᠭᠤᠯᠤᠯᠲᠠ ᠬᠢᠵᠦ᠂ ᠭᠠᠵᠠᠷ ᠣᠷᠣᠨ ᠤ ᠪᠠᠶᠢᠳᠠᠯ ᠳᠠᠭᠠᠨ | ᠴᠢᠭᠯᠡᠬᠦᠯᠥᠨ᠂ ᠣᠯᠠᠨ ᠲᠦᠮᠡᠨ ᠢ ᠬᠥᠲᠥᠯᠥᠨ ᠵᠢᠯᠣᠭᠤᠳᠴᠤ ᠬᠦᠯᠡᠮᠵᠢ ᠳᠤ ᠤᠨᠴᠠᠯᠢᠬᠳᠤ ᠲᠠᠷᠢᠮᠠᠯ ᠳᠠᠷᠢᠬᠤ ᠶᠢ | ᠵᠣᠷᠢᠭᠵᠢᠭᠤᠯᠵᠤ᠂ ᠲᠤᠰᠬᠠᠢ ᠮᠡᠷᠭᠡᠵᠢᠯᠳᠠᠨ ᠮᠡᠷᠭᠡᠵᠢᠯ ᠤᠨ ᠵᠢᠯᠤᠭᠤᠳᠤᠯᠭ᠎ᠠ ᠬᠠᠨᠭ᠍ᠭᠠᠬᠤ᠂ ᠨᠠᠮ ᠤᠨ ᠭᠡᠰᠢᠭᠦᠨ ᠤ | ᠵᠢᠱᠢᠶ᠎ᠡ ᠦᠵᠡᠭᠦᠯᠬᠦ ᠡᠷᠦᠬᠡ ᠲᠠᠶᠢᠴᠢᠯᠠᠬᠤ᠂ ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠭᠡ ᠶᠢᠨ ᠰᠠᠶᠢᠨ | ᠳᠤᠷᠠᠴᠤᠤᠯ ᠦᠢᠯᠡᠴᠢᠯᠡᠭᠡ ᠶᠢ ᠬᠡᠷ ᠲᠤᠨᠢ ᠬᠦᠷᠭᠡᠬᠦ ᠵᠠᠭᠪᠤᠷ ᠢᠶᠠᠷ ᠣᠯᠠᠨ ᠲᠦᠮᠡᠨ ᠤ ᠮᠡᠷᠭᠡᠵᠢᠯ᠂ ᠪᠠᠯᠠ ᠮᠥᠩᠭᠦ | ᠵᠡᠷᠭᠡ ᠲᠠᠯ᠎ᠠ ᠪᠠᠷ ᠲᠤᠯᠭᠠᠷᠠᠭᠰᠠᠨ ᠬᠦᠴᠢᠷᠳᠡᠯ ᠢ ᠰᠢᠢᠳᠪᠦᠷᠢᠯᠡᠵᠦ᠂ ᠳᠤᠯᠠᠭᠠᠨ ᠬᠦᠯᠡᠮᠵᠢ ᠶᠢ ᠣᠯᠠᠨ ᠲᠦᠮᠡᠨ ᠤ | ᠣᠷᠣᠯᠭ᠎ᠠ ᠪᠠᠨ ᠨᠡᠮᠡᠭᠳᠡᠭᠦᠯᠦᠨ ᠪᠠᠶᠠᠵᠢᠬᠤ ᠰᠢᠨ᠎ᠡ ᠵᠢᠭᠰᠠᠭᠠᠯ ᠤᠨ ᠭᠠᠵᠠᠷ ᠪᠣᠯᠭᠠᠨ ᠬᠤᠪᠢᠷᠠᠭᠤᠯᠤᠭᠰᠠᠨ ᠪᠠᠶᠢᠨ᠎ᠠ᠃ | ᠳᠤᠳᠢ ᠰᠡᠴᠡᠨᠭᠡᠷᠡᠯ |