ᠭᠤᠷᠪᠠᠨ ᠪᠤᠭᠤᠳᠠᠭ ᠡᠮ ᠬᠢᠬᠡᠳ ᠭᠤᠷᠪᠠᠨ ᠪᠠᠳᠠᠭ ᠰᠢᠯᠦᠭ
ᠨᠡᠶᠢᠲᠡᠯᠡᠭᠰᠡᠨ ᠴᠠᠭ᠄
2021/4/12
               ● ᠲᠠᠭᠤᠳᠠᠭᠠᠴᠢ ᠡᠩᠬᠡᠬᠠᠳᠠ     ᠮᠢᠨᠤ ᠪᠡᠶ᠎ᠡ ᠠᠯᠢ ᠵᠠᠪ ᠲᠤ ᠨᠢ ᠬᠤᠳᠠ ᠶᠢᠨ ᠢᠷᠭᠡᠨ ᠪᠤᠯᠤᠭᠰᠠᠨ ᠢᠶᠠᠨ ᠲᠤᠩ ᠡᠷᠭᠢᠴᠡᠬᠦᠯᠬᠦ ᠲᠤᠷ᠎ᠠ ᠦᠬᠡᠢ ᠪᠠᠶᠢᠨ᠎ᠠ᠃ ᠬᠡᠵᠢᠶ᠎ᠡ ᠠᠴᠠ ᠡᠬᠢᠯᠡᠵᠤ ᠬᠤᠳᠠ ᠳᠤ ᠲᠤᠷᠠᠯᠠᠭᠰᠠᠨ ᠢᠶᠠᠨ ᠴᠤ ᠮᠡᠳᠡᠬᠦ ᠦᠬᠡᠢ ᠪᠠᠶᠢᠨ᠎ᠠ᠃ ᠭᠡᠳᠡᠯ᠎ᠠ ᠦᠨᠤᠳᠤᠷ ᠦᠪᠡᠷ ᠢᠶᠠᠨ ᠬᠠᠷᠢᠨ ᠶᠡᠭᠡ ᠬᠤᠳᠠ ᠶᠢᠨ ᠬᠠᠭᠤᠷᠮᠠᠭ ᠬᠠᠷᠢᠴᠠᠭᠠᠨ ᠳᠤ ᠨᠤᠤᠬᠠᠯᠠᠭᠤᠯᠵᠤ᠂ ᠬᠤᠳᠠ ᠶᠢᠨ ᠠᠮᠢᠳᠤᠷᠠᠯ ᠳᠤ ᠮᠢᠨᠢ ᠲᠤᠭᠢᠶᠠᠯᠳᠤᠭᠰᠠᠨ ᠤᠴᠢᠷ ᠪᠤᠯᠭᠠᠨ ᠢ ᠠᠰᠢᠭ ᠬᠠᠷᠠᠬᠤ ᠦᠵᠡᠯᠳᠠ ᠪᠠᠷ ᠦᠵᠡᠭᠦ ᠪᠤᠯᠤᠭᠰᠠᠨ ᠢᠶᠠᠨ ᠰᠠᠷᠡᠵᠤ ᠮᠡᠳᠡᠭᠡᠳ ᠦᠪᠡᠷ ᠠᠴᠠ ᠪᠠᠨ ᠦᠷᠭᠦᠭᠦ‍ ᠰᠢᠭ ᠪᠤᠯᠪᠠ᠃ ᠠᠶᠤᠳᠠᠰᠤ ᠬᠦᠷᠬᠦ‍ ᠰᠢᠭ ᠪᠤᠯᠪᠠ᠃     ᠢᠩᠭᠢᠭᠡᠳ ᠪᠢ ᠭᠤᠷᠪᠠᠨ ᠪᠤᠭᠤᠳᠠᠭ ᠡᠮ ᠪᠤᠶᠤ ᠭᠤᠷᠪᠠᠨ ᠪᠠᠳᠠᠭ ᠰᠢᠯᠦᠭ ᠬᠡᠮᠡᠬᠦ ᠡᠨᠡ ᠬᠦ ᠪᠤᠭᠤᠨᠢᠬᠠᠨ ᠵᠦᠢᠯ ᠢ ᠪᠢᠴᠢᠮᠡᠷ ᠰᠠᠨᠠᠭᠳᠠᠭᠰᠠᠨ ᠶᠤᠮ᠃ ᠬᠤᠳᠠ ᠶᠢᠨ ᠢᠷᠭᠡᠳ ᠤᠨ ᠰᠤᠶᠤᠯ ᠤᠨ ᠲᠤᠳᠤᠷ᠎ᠠ ᠭᠦᠳᠡᠭᠡ ᠶᠢᠨ ᠬᠢ ᠰᠢᠭ ︽ᠠᠶᠢᠯ ᠠᠶᠢᠮᠠᠭ ᠤᠨ ᠠᠮᠢ ᠨᠢᠬᠡ᠂ ᠠᠨᠵᠢᠰᠦᠨ ᠦᠬᠡᠷ ᠤᠨ ᠲᠦᠷᠬᠦ‍ ᠨᠢᠬᠡ︾ ᠭᠡᠰᠡᠨ ᠰᠤᠶᠤᠯ ᠤᠨ ᠠᠭᠤᠯᠬᠤᠨ ᠲᠠᠭ ᠤᠷᠤᠰᠢᠳᠠᠭ ᠦᠭᠡᠢ᠃ ᠠᠰᠠᠷ ᠲᠤ ᠰᠠᠭᠤᠭᠰᠠᠨ ᠬᠤᠳᠠ ᠶᠢᠨ ᠬᠢᠨ ᠵᠡᠷᠭᠡᠯᠡᠳᠡᠭᠡ ᠠᠶᠢᠯ ᠤᠨ ᠢᠶᠠᠨ ᠭᠦᠮᠤᠰ ᠢ ᠲᠠᠭ ᠲᠠᠨᠢᠳᠠᠭ ᠴᠤ ᠦᠭᠡᠢ᠂ ᠶᠠᠷᠢᠯᠴᠠᠳᠠᠭ ᠴᠤ ᠦᠭᠡᠢ᠂ ᠭᠡᠳᠡᠯ᠎ᠠ ᠮᠠᠨ ᠤ ᠰᠠᠭᠠᠬᠠᠯᠳᠠ ᠶᠢᠨ ᠬᠢᠨ ᠬᠠᠷᠢᠨ ᠠᠵᠠ ᠪᠠᠷ ᠮᠤᠩᠭᠤᠯ ᠭᠦᠮᠤᠨ ᠪᠠᠶᠢᠵᠤ᠂ ᠲᠠᠳᠡᠨ ᠤ ᠭᠡᠤᠭᠡᠨ ᠨᠢ ᠮᠢᠨᠤ ᠭᠦᠤ ᠲᠠᠢ ᠤᠨᠠᠭᠠᠨ ᠨᠠᠶᠢᠵᠢ ᠪᠤᠯᠤᠯᠴᠠᠨ᠂ ᠬᠤᠶᠠᠷ ᠠᠶᠢᠯ ᠤᠨ ᠬᠠᠷᠢᠴᠠᠭ᠎ᠠ ᠭᠡᠤᠭᠡᠳ ᠢᠶᠠᠷ ᠲᠠᠮᠵᠢᠨ ᠲᠤᠩ ᠰᠠᠶᠢᠨ ᠪᠠᠶᠢᠳᠠᠭ᠃     ᠰᠠᠯᠠᠭ᠎ᠠ ᠭᠡᠵᠢᠭᠡ ᠲᠠᠢ ᠨᠦᠭᠦᠭᠡ ᠵᠢᠭᠠᠯ ᠭᠡᠤᠭᠡᠨ ᠨᠢ ᠰᠢᠯᠦᠭ ᠤᠶᠠᠩᠭᠠᠯᠠᠬᠤ ᠳᠤ ᠪᠠᠨ ᠠᠪᠢᠶᠠᠰ ᠲᠠᠢ ᠤᠴᠢᠷ ᠠᠴᠠ ᠲᠠᠳᠡᠨ ᠤ ᠬᠢᠨ ᠭᠡᠵᠢᠶᠡᠳᠠ ᠨᠠᠳᠠ ᠠᠴᠠ ᠰᠢᠯᠦᠭ ᠤᠨ ᠨᠤᠮ ᠵᠢᠭᠡᠯᠡᠭᠦ ᠪᠤᠶᠤ ᠰᠡᠭᠦᠯᠳᠡᠵᠤ ᠢᠷᠡᠭᠡᠳ ᠪᠢ ᠪᠦᠷ ᠭᠡᠤᠭᠡᠨ ᠳᠤ ᠨᠢ ᠵᠤᠷᠢᠭᠤᠯᠤᠨ ᠭᠡᠤᠭᠡᠳ ᠤᠨ ᠰᠢᠯᠦᠭ ᠪᠢᠴᠢᠵᠤ ᠦᠭᠳᠡᠭ ᠪᠤᠯᠪᠠ᠃ ᠮᠠᠨ ᠤ ᠰᠠᠭᠠᠬᠠᠯᠳᠠ ᠶᠢᠨ ᠵᠢᠭᠠᠯ ᠭᠡᠤᠭᠡᠨ ᠴᠤ ᠦᠪᠡᠷ ᠤᠨ ᠠᠪᠢᠶᠠᠰ ᠢᠶᠠᠨ ᠲᠠᠶᠢᠴᠢᠯᠠᠨ ᠤᠯᠠᠨ ᠤᠳᠠᠭᠠᠨ ᠤ ᠵᠢᠵᠢᠭ ᠲᠤᠮᠤ ᠰᠢᠯᠦᠭ ᠤᠨ ᠤᠷᠤᠯᠳᠤᠭᠠᠨ ᠳᠤ ᠲᠠᠳ᠋ᠯᠡᠭᠦ ᠦᠭᠡᠢ ᠪᠤᠯ ᠲᠡᠷᠢᠭᠦᠯᠡᠵᠤ ᠮᠠᠨ ᠤ ᠬᠤᠶᠠᠷ ᠠᠶᠢᠯ ᠳᠤ ᠦᠩᠭᠡ ᠭᠡᠷᠡᠯ ᠪᠠᠶᠠᠷ ᠪᠠᠶᠠᠰᠤᠯ ᠠᠪᠴᠢᠷᠠᠳᠠᠭ ᠪᠤᠯᠤᠯ᠎ᠠ᠃ ᠡᠶᠢᠮᠤ ᠠᠴᠠ ᠭᠡᠤᠭᠡᠨ ᠤ ᠠᠪᠤ ᠡᠵᠢ ᠨᠢ ᠬᠠᠮᠢᠭ᠎ᠠ ᠵᠤᠯᠭᠠᠭᠰᠠᠨ ᠴᠤ ᠨᠠᠳᠠ ᠳᠤ ᠪᠠᠶᠢᠨ ᠲᠠᠭᠢᠨ ᠪᠠᠶᠠᠷ ᠲᠠᠯᠠᠷᠬᠠᠯ ᠢᠶᠠᠨ ᠢᠯᠡᠳᠭᠡᠳᠡᠭ ᠪᠤᠯᠪᠠ᠃ ᠪᠢ ᠴᠤ ︽ᠭᠡᠤᠭᠡᠳ ᠤᠨ ᠲᠦᠯᠦᠭᠡ ᠶᠤᠮ ᠴᠢᠨᠢ ᠬᠠᠮᠢᠶ᠎ᠠ ᠦᠭᠡᠢ︾ ᠭᠡᠵᠤ ᠲᠠᠷᠤᠤᠬᠠᠨ ᠬᠠᠷᠢᠭᠤ ᠦᠭᠳᠡᠭ᠃     ᠨᠢᠭᠡ ᠤᠳᠠᠭ᠎ᠠ ᠪᠢ ᠭᠦᠨᠳᠤ ᠲᠠᠭᠰᠢᠭᠤᠷ ᠤᠷᠤᠭᠠᠳ ᠤᠤᠯ ᠤᠨ ᠠᠳᠠᠯᠢ ᠡᠮ ᠤᠤᠭᠤᠬᠤ ᠦᠭᠡᠢ ᠪᠠᠷ ᠲᠤᠭᠤᠯᠵᠤ ᠴᠢᠳᠠᠬᠤ ᠦᠭᠡᠢ ᠭᠡᠳᠡᠭ ᠢᠶᠠᠨ ᠪᠠᠷᠤᠭᠯᠠᠭᠠᠳ ᠨᠦᠭᠦᠭᠡ ᠭᠡᠤᠭᠡᠨ ᠤ ᠠᠪᠤ ᠡᠵᠢ ᠶᠢ ᠡᠷᠢᠵᠤ ᠤᠴᠢᠯ᠎ᠠ ︵ᠵᠢᠭᠠᠯ ᠭᠡᠤᠭᠡᠨ ᠤ ᠠᠪᠤ ᠡᠵᠢ ᠨᠢ ᠡᠮᠴᠢ ᠶᠤᠮ︶᠃ ᠭᠡᠤᠭᠡᠨ ᠤ ᠠᠪᠤ ᠡᠵᠢ ᠶᠢᠨ ᠪᠠᠶᠠᠷᠯᠠᠭᠰᠠᠨ ᠭᠡᠵᠤ᠂ ᠮᠢᠨᠤ ᠰᠤᠳᠠᠯ ᠢ ᠪᠠᠷᠢᠵᠤ ᠦᠵᠡᠴᠢᠬᠡᠬᠡᠳ ᠡᠮ ᠤᠨ ᠬᠤᠷᠭᠤ ᠪᠠᠨ ᠠᠭᠤᠳᠠᠯᠤᠨ᠂ ᠶᠡᠭᠡ ᠯᠠ ᠬᠤᠪᠤᠷ ᠨᠠᠨᠳᠢᠨ ᠤᠷᠬᠤᠳᠡᠢ ᠰᠢᠭ᠋ ᠡᠮ ᠠᠴᠠ ᠪᠠᠨ ᠨᠠᠳᠠ ᠳᠤ ᠭᠤᠷᠪᠠᠨ ᠪᠤᠭᠤᠳᠠᠭ ᠢ ᠪᠤᠭᠤᠵᠤ ᠦᠭᠭᠦᠯ᠎ᠠ᠃ ᠬᠠᠷᠢᠨ ᠡᠮ ᠤᠨ ᠮᠦᠩᠭᠦ ᠲᠦᠯᠦᠭᠦ ᠭᠡᠰᠡᠨ ᠴᠢᠨᠢ ᠶᠠᠭᠠᠬᠢᠬᠰᠠᠨ ᠴᠤ ᠠᠪᠳᠠᠭ ᠦᠭᠡᠢ᠃     ᠦᠨᠡᠭᠡᠷ ᠨᠦᠭᠦᠭᠡ ᠭᠤᠷᠪᠠᠨ ᠪᠤᠭᠤᠳᠠᠭ ᠡᠮ ᠤᠨ ᠭᠦᠴᠤ ᠪᠠᠷ ᠪᠢ ᠬᠤᠨᠤᠭ ᠪᠤᠯᠤᠯ ᠦᠭᠡᠢ ᠪᠠᠷ ᠲᠠᠭᠰᠢᠭᠤᠷ ᠠᠴᠠ ᠰᠠᠯᠵᠤ ᠪᠡᠶ᠎ᠠ ᠰᠡᠳᠭᠢᠯ ᠭᠦᠩᠭᠡᠷᠡᠯ᠎ᠠ᠃ ᠭᠡᠪᠡᠴᠤ ︽ᠡᠮ ᠠᠪᠤᠭᠠᠳ ᠡᠮ ᠤᠨ ᠮᠦᠩᠭᠦ ᠲᠦᠯᠦᠬᠦ ᠦᠭᠡᠢ ᠪᠤᠯ ᠡᠪᠡᠳᠴᠢᠨ ᠡᠳᠡᠭᠡᠷᠡᠳᠡᠭ ᠦᠭᠡᠢ︾ ᠶᠤᠮ ᠭᠡᠰᠡᠨ ᠶᠠᠪᠤᠭᠤᠯ ᠤᠨ ᠦᠭᠡ ᠡᠮ ᠠᠪᠤᠭᠰᠠᠨ ᠲᠡᠷᠡ ᠲᠠᠷᠦ᠋ᠢᠬᠠᠨ ᠮᠢᠨᠤ ᠲᠠᠷᠢᠭᠢᠨ ᠤ ᠡᠰ ᠪᠤᠯᠭᠠᠨ ᠢ ᠡᠮᠵᠡᠭᠯᠡᠬᠦᠯᠵᠤ ᠪᠠᠶᠢᠭᠰᠠᠨ ᠪᠤᠯᠪᠠᠴᠤ ᠮᠢᠨᠤ ᠭᠡᠤᠭᠡᠨ ᠳᠤ ᠨᠢ ᠪᠢᠴᠢᠵᠤ ᠦᠭᠭᠦᠭᠰᠡᠨ ᠭᠤᠷᠪᠠᠨ ᠪᠠᠳᠠᠭ ᠰᠢᠯᠦᠭ ᠴᠢᠨᠢ ᠡᠨᠡ ᠭᠤᠷᠪᠠᠨ ᠪᠤᠭᠤᠳᠠᠭ ᠡᠮ ᠤᠨ ᠵᠤᠭᠤᠰ ᠪᠢᠰᠢ ᠤᠤ︖ ᠭᠡᠰᠡᠨ ᠪᠤᠳᠤᠯ ᠡᠨᠡ ᠡᠮᠵᠡᠭᠯᠡᠯ ᠢ ᠮᠢᠨᠢ ᠡᠷᠭᠡ ᠦᠭᠡᠢ ᠠᠷᠴᠢᠪᠠ᠃ ᠭᠦᠮᠤᠨ ᠳᠤ ᠢᠴᠢᠭᠦ ᠪᠤᠯᠴᠢᠷᠬᠠᠢ ᠭᠡᠵᠤ ᠪᠤᠢ᠂ ᠭᠡᠪᠡᠴᠤ ᠪᠢ ᠶᠠᠭᠤᠨ ᠳᠤ ᠪᠠᠨ ᠢᠴᠢᠭᠦ ᠪᠤᠢ︖ ᠤᠶᠤᠨ ᠲᠠᠷᠢᠭᠢ ᠪᠠᠨ ᠨᠡᠷᠡᠵᠤ ᠪᠠᠶᠢᠵᠤ ᠪᠢᠴᠢᠭᠰᠡᠨ ᠭᠤᠷᠪᠠᠨ ᠪᠠᠳᠠᠭ ᠰᠢᠯᠦᠭ ᠴᠢᠨᠢ ᠭᠦᠳᠡᠯᠮᠤᠷᠢ ᠶᠢᠨ ᠦᠷ᠎ᠡ ᠪᠦᠳᠦᠭᠡᠯ ᠪᠢᠰᠢ ᠤᠤ︖ ᠡᠨᠡ ᠭᠦᠳᠡᠯᠮᠤᠷᠢ ᠪᠠᠨ ᠦᠪᠡᠷ ᠢᠶᠠᠨ ᠦᠨᠡᠯᠡᠭᠦ ᠦᠭᠡᠢ ᠶᠤᠮ ᠪᠤᠯ ᠭᠡᠨ ᠴᠢᠮ᠎ᠠ ᠶᠢ ᠤᠷᠤᠯᠠᠵᠤ ᠦᠨᠡᠯᠡᠭᠦ ᠪᠤᠢ︖ ᠭᠡᠰᠡᠨ ᠪᠤᠳᠤᠯ ᠰᠡᠳᠭᠢᠯ ᠢ ᠮᠢᠨᠢ ᠡᠷᠭᠡ ᠦᠭᠡᠢ ᠲᠠᠶᠢᠳᠬᠤᠷᠠᠭᠤᠯᠤᠯ᠎ᠠ᠃ᠲᠡᠷᠡ ᠭᠤᠷᠪᠠᠨ ᠪᠤᠭᠤᠳᠠᠭ ᠡᠮ ᠤᠨ ᠭᠦᠴᠤ ᠪᠠᠷ ᠲᠠᠭᠰᠢᠭᠤᠷ ᠠᠴᠠ ᠰᠠᠯᠤᠭᠰᠠᠨ ᠪᠤᠯᠪᠠᠴᠤ ᠲᠡᠷᠡ ᠭᠡᠳᠤᠨ ᠡᠳᠤᠷ ᠰᠡᠳᠭᠢᠯ ᠰᠠᠨᠠᠭ᠎ᠠ ᠮᠢᠨᠢ ᠬᠠᠪᠤᠷ ᠪᠤᠯᠤᠭᠰᠠᠨ ᠤ ᠬᠤᠶᠢᠨᠠᠭᠢ ᠰᠠᠷᠢᠮᠰᠤᠭ ᠤᠨ ᠭᠤᠤᠯ ᠰᠢᠭ᠋ ᠭᠦᠨᠳᠡᠶᠢᠷᠡᠵᠤ᠂ ᠴᠢᠷᠠᠢ ᠵᠢᠰᠤ ᠮᠢᠨᠢ ᠮᠦᠩᠭᠦᠨ ᠤ ᠨᠢᠭᠤᠷ ᠲᠡᠭᠡᠷᠡᠭᠢ ᠬᠠᠭᠠᠨ ᠤ ᠴᠢᠷᠡᠢ ᠰᠢᠭ᠋ ᠬᠠᠷᠠᠭᠳᠠᠭᠠᠳ ᠶᠠᠮᠠᠷ ᠨᠢᠭᠡᠨ ᠠᠯᠳᠠᠭ᠎ᠠ ᠭᠢᠭᠰᠡᠨ ᠶᠤᠮ ᠰᠢᠭ᠋ ᠰᠠᠨᠠᠭᠳᠠᠭᠠᠳ ᠪᠤᠯᠳᠠᠭ ᠦᠭᠡᠢ᠃ ᠢᠩᠭᠢᠭᠡᠳ ᠪᠢᠴᠢᠭ ᠤᠨ ᠭᠦᠮᠤᠨ ᠤ ᠤᠶᠤᠨ ᠤ ᠭᠦᠳᠡᠯᠮᠤᠷᠢ ᠶᠢᠨ ᠲᠠᠯ᠎ᠠ ᠪᠠᠷ ᠤᠯᠠᠨ ᠵᠦᠢᠯ ᠢ ᠬᠤᠯᠪᠤᠨ ᠪᠤᠳᠤᠵᠤ᠂ ᠴᠠᠭᠠᠨ ᠰᠠᠷ᠎ᠠ ᠪᠠᠷ ᠵᠡᠭᠡᠯᠢ ᠲᠡᠭᠡᠷ᠎ᠠ ᠤᠷᠠᠨ ᠪᠢᠴᠢᠯᠭᠡᠳᠠᠨ ᠰᠢᠨ᠎ᠠ ᠵᠢᠯ ᠤᠨ ᠬᠤᠤᠰ ᠤᠶᠠᠩᠭ᠎ᠠ ᠪᠢᠴᠢᠭᠡᠳ ᠬᠤᠳᠠᠯᠳᠤᠵᠤ ᠪᠠᠶᠢᠳᠠᠯ᠎ᠠ ᠪᠢ ᠶᠠᠭᠠᠭᠢᠭᠠᠳ ᠭᠤᠷᠪᠠᠨ ᠪᠠᠳᠠᠭ ᠰᠢᠯᠦᠭ ᠢᠶᠠᠨ ᠭᠤᠷᠪᠠᠨ ᠪᠤᠭᠤᠳᠠᠭ ᠡᠮ ᠤᠨ ᠦᠨ᠎ᠡ ᠪᠠᠷ ᠦᠨᠡᠯᠡᠵᠤ ᠪᠤᠯᠬᠤ ᠦᠭᠡᠢ ᠪᠤᠢ︖ ᠭᠦᠮᠤᠰ ᠮᠢᠨᠤ ᠪᠢᠴᠢᠭᠰᠡᠨ ᠰᠢᠯᠦᠭ ᠢ ᠤᠩᠰᠢᠭᠠᠳ᠂ ᠰᠤᠨᠤᠰᠤᠭᠠᠳ ᠤᠶᠤᠨ ᠰᠠᠨᠠᠭ᠎ᠠ ᠪᠠᠨ ᠠᠷᠢᠭᠤᠰᠬᠠᠨ᠎ᠠ᠂ ᠪᠢ ᠭᠤᠷᠪᠠᠨ ᠪᠤᠭᠤᠳᠠᠭ ᠡᠮ ᠤᠤᠭᠤᠭᠠᠳ ᠡᠪᠡᠳᠴᠢᠨ ᠢᠶᠠᠨ ᠠᠷᠢᠯᠭᠠᠨ᠎ᠠ᠂ ᠨᠢᠭᠡᠨ ᠠᠳᠡᠯᠢ ᠦᠷ᠎ᠡ ᠳ᠋ᠦᠩ ᠲᠠᠢ ᠭᠡᠵᠤ ᠪᠤᠳᠤᠭᠰᠠᠨ ᠠᠴᠠ ᠬᠤᠶᠢᠰᠢ ᠡᠨᠡ ᠤᠴᠢᠷ ᠢ ᠲᠠᠭ ᠰᠠᠨᠠᠭᠠᠨ ᠳᠤ ᠪᠠᠨ ᠠᠪᠤᠭᠰᠠᠨ ᠦᠭᠡᠢ ᠤᠯᠠᠨ ᠬᠤᠨᠤᠭ ᠦᠩᠬᠡᠷᠡᠯ᠎ᠡ᠃ᠭᠡᠳᠡᠯ᠎ᠠ ᠨᠢᠭᠡ ᠡᠳᠤᠷ ᠨᠦᠭᠦᠭᠡ ᠵᠢᠭᠠᠯ ᠭᠡᠤᠭᠡᠨ ᠤ ᠠᠪᠤ ᠨᠢ ᠨᠠᠮ᠎ᠠ ᠶᠢ ᠡᠷᠢᠵᠤ ᠭᠡᠤᠭᠡᠨ ᠮᠢᠨᠢ ᠤᠳᠤ ᠤᠳᠠᠯ ᠦᠭᠡᠢ ᠪᠦᠭᠦ ᠬᠤᠳᠠ ᠶᠢᠨ ᠰᠢᠯᠦᠭ ᠤᠨ ᠤᠷᠤᠯᠳᠤᠭᠠᠨ ᠳᠤ ᠤᠷᠤᠬᠤ ᠭᠡᠵᠤ ᠪᠠᠶᠢᠨ᠎ᠠ᠃ ᠵᠠᠪᠠᠯ ᠰᠢᠨ᠎ᠠ ᠪᠠᠷ ᠪᠢᠴᠢᠭᠰᠡᠨ ᠰᠢᠯᠦᠭ ᠠᠪᠤᠨ᠎ᠠ ᠬᠡᠨ᠎ᠡ᠃ ᠲᠠ ᠬᠡᠤᠬᠡᠨ ᠳᠤ ᠮᠢᠨᠢ ᠪᠠᠰᠠ ᠨᠢᠭᠡ ᠰᠢᠨ᠎ᠠ ᠰᠢᠯᠦᠭ ᠪᠢᠴᠢᠵᠤ ᠦᠭᠭᠦᠨ᠎ᠠ ᠤᠤ ᠭᠡᠪᠡ᠃ ᠡᠨᠡ ᠦᠶ᠎ᠡ ᠳᠤ ᠭᠦᠮᠤᠨ ᠤ ᠭᠤᠷᠪᠠᠨ ᠪᠤᠭᠤᠳᠠᠭ ᠡᠮ ᠢ ᠶᠠᠮᠠᠷ ᠴᠤ ᠲᠦᠯᠦᠪᠤᠷᠢ ᠦᠭᠡᠢ ᠪᠠᠷ ᠤᠤᠭᠤᠭᠰᠠᠨ ᠶᠤᠮ ᠴᠢᠨᠢ ᠵᠦᠪᠰᠢᠶᠡᠷᠡᠬᠦ ᠯᠠ ᠬᠡᠷᠡᠭ᠃ ᠡᠭᠦᠨ ᠠᠴᠠ ᠡᠮᠤᠨ᠎ᠠ ᠪᠢ ᠲᠡᠷᠡ ᠵᠢᠭᠠᠯ ᠭᠡᠤᠭᠡᠨ ᠳᠤ ᠤᠯᠠᠨ ᠴᠤ ᠤᠳᠠᠭᠠᠨ ᠤ ᠤᠷᠤᠯᠳᠤᠭᠠᠨ ᠤ ᠰᠢᠯᠦᠭ ᠪᠢᠴᠢᠵᠤ ᠦᠭᠭᠦ ᠳᠤ ᠪᠠᠨ ᠵᠦᠪᠭᠡᠨ ᠯᠠ ᠡᠨᠡ ᠭᠡᠤᠭᠡᠨ ᠢ ᠦᠪᠡᠷ ᠤᠨ ᠭᠦᠤ ᠲᠠᠢ ᠪᠠᠨ ᠠᠳᠠᠯᠢ ᠪᠠᠷ ᠡᠩᠭᠦᠷᠡᠶᠢᠯᠡᠨ ᠬᠠᠶᠢᠷᠠᠯᠠᠵᠤ᠂ ᠲᠡᠭᠦᠨ ᠤ ᠠᠪᠢᠶᠠᠰ ᠪᠢᠯᠢᠭ ᠢ ᠬᠠᠶᠢᠷᠠᠯᠠᠬᠤ ᠡᠭᠦᠳᠡᠨ ᠠᠴᠠ ᠯᠠ ᠰᠢᠯᠦᠭ ᠢ ᠨᠢ ᠪᠤᠯᠪᠠᠯ ᠰᠠᠶᠢᠨ ᠯᠠ ᠪᠢᠴᠢᠵᠤ ᠦᠭᠭᠦᠶ᠎ᠠ ᠭᠡᠵᠤ ᠪᠤᠳᠤᠳᠠᠭ ᠪᠠᠶᠢᠭᠰᠠᠨ᠃ ᠬᠡᠳᠡᠯ᠎ᠡ ᠲᠡᠷᠡ ᠭᠤᠷᠪᠠᠨ ᠪᠤᠭᠤᠳᠠᠭ ᠡᠮ ᠢ ᠲᠦᠯᠦᠪᠤᠷᠢ ᠦᠭᠡᠢ ᠵᠦᠭᠡᠷ ᠯᠠ ᠤᠤᠭᠤᠭᠰᠠᠨ ᠠᠴᠠ ᠬᠤᠶᠢᠰᠢ ᠨᠢᠭᠡ ᠪᠤᠯ ᠭᠦᠮᠤᠨ ᠳᠤ ᠦᠷᠢᠳᠡᠢ ᠶᠤᠮ ᠰᠢᠭ᠂ ᠨᠦᠭᠦᠭᠡ ᠲᠠᠯ᠎ᠠ ᠪᠠᠷ ᠪᠢ ᠭᠦᠮᠤᠨ ᠳᠤ ᠲᠤᠰᠠ ᠪᠤᠯᠤᠭᠰᠠᠨ ᠤᠴᠢᠷ ᠠᠴᠠ ᠡᠨᠡ ᠲᠤᠰᠠ ᠶᠢᠨ ᠢᠶᠠᠨ ᠬᠠᠷᠢᠭᠤ ᠳᠤ ᠪᠠᠰᠠ ᠲᠤᠰᠠ ᠶᠢ ᠨᠢ ᠭᠦᠷᠳᠡᠭᠦ ᠶᠤᠰᠤᠳᠡᠢ ᠭᠡᠳᠡᠭ ᠪᠤᠳᠤᠯ ᠡᠷᠭᠡ ᠦᠭᠡᠢ ᠤᠶᠤᠨ ᠰᠠᠨᠠᠭ᠎ᠠ ᠶᠢ ᠮᠢᠨᠢ ᠡᠵᠡᠯᠡᠭᠦ ᠪᠤᠯᠪᠠ᠃     ᠠᠪᠢᠶᠠᠰ ᠲᠠᠢ ᠵᠢᠭᠠᠯ ᠬᠡᠦᠬᠡᠨ ᠳᠤ ᠠᠩᠬ᠎ᠠ ᠡᠬᠢᠯᠡᠨ ᠰᠢᠯᠦᠭ ᠪᠢᠴᠢᠵᠤ ᠦᠭᠴᠢᠬᠡᠬᠡᠳ ᠪᠢ ᠬᠡᠳᠦᠢ ᠠᠵᠠ ᠵᠢᠷᠭᠠᠯ ᠲᠠᠢ ᠪᠠᠶᠢᠯ᠎ᠠ᠃ ᠬᠡᠳᠡᠯ᠎ᠡ ᠠᠪᠤ ᠡᠵᠢ ᠶᠢᠨ ᠬᠢᠨ ᠭᠤᠷᠪᠠᠨ ᠪᠤᠭᠤᠳᠠᠭ ᠡᠮ ᠢ ᠲᠦᠯᠦᠪᠦᠷᠢ ᠦᠬᠡᠢ ᠤᠤᠭᠤᠭᠰᠠᠨ ᠠᠴᠠ ᠬᠤᠶᠢᠰᠢ ᠬᠠᠷᠢᠨ ᠵᠤᠪᠠᠯᠠᠩ ᠨᠦᠮᠦᠷᠢᠭᠰᠡᠨ ᠰᠢᠭ ᠶᠠᠪᠤᠬᠤ ᠪᠤᠯᠪᠠ᠃ᠠᠵᠠ ᠵᠢᠷᠭᠠᠯ ᠬᠡᠭᠴᠢ ᠶᠠᠮᠠᠷ ᠡᠮᠵᠡᠭ ᠶᠠᠭᠤᠮ᠎ᠠ ᠪᠤᠢ᠃ ᠶᠠᠭ ᠯᠡ ᠰᠡᠳᠬᠢᠯ ᠰᠢᠭ᠃     ᠲᠤᠷᠤᠨ᠎ᠠ ᠶᠢᠨ ᠵᠢᠷᠤᠬᠠᠢ ᠪᠠᠷ ᠮᠦᠷ ᠢᠶᠠᠨ ᠭᠠᠷᠭᠠᠵᠤ᠂ ᠲᠤᠯᠤᠭᠠᠨ ᠪᠤᠷᠬᠠᠨ ᠢᠶᠠᠷ ᠦᠷ ᠢᠶᠠᠨ ᠴᠠᠶᠢᠯᠭᠠᠳᠠᠭ ᠭᠦᠳᠡᠭᠡ ᠨᠤᠳᠤᠭ ᠤᠨ ᠴᠡᠩᠬᠡᠷ ᠰᠠᠯᠬᠢ ᠵᠠᠯᠬᠢᠵᠤ ᠦᠰᠦᠭᠰᠡᠨ ᠬᠦᠪᠡᠬᠦᠨ ᠪᠢ ᠦᠨᠤᠳᠤᠷ ᠨᠢᠭᠡᠨᠳᠠ ᠬᠢᠷᠢ ᠲᠡᠩᠴᠡᠭᠰᠡᠨ ᠬᠤᠳᠠ ᠶᠢᠨ ᠰᠡᠬᠡᠬᠡᠳᠡᠨ ᠪᠤᠯᠤᠭᠰᠠᠨ ᠭᠡᠳᠡᠭ ᠢᠶᠠᠨ ᠦᠭᠦᠨ ᠢᠳᠡᠬᠡᠯ᠎ᠡ᠃     ᠠᠮᠢᠳᠤᠷᠠᠯ ᠳᠤ ᠮᠢᠨᠢ ᠲᠤᠭᠢᠶᠠᠯᠳᠤᠳᠠᠭ ᠶᠠᠭᠤ ᠪᠦᠭᠦᠳᠠ ᠶᠢ ᠠᠰᠢᠭ ᠲᠤᠰᠠ ᠶᠢᠨ ᠨᠠᠨᠳᠢᠨ ᠬᠠᠷᠢᠴᠠᠭ᠎ᠠ ᠪᠠᠷ ᠬᠠᠷᠠᠵᠤ ᠰᠢᠢᠳᠪᠦᠷᠢᠯᠡᠬᠦ ᠪᠤᠯᠤᠭᠰᠠᠨ ᠢᠶᠠᠨ ᠡᠷᠬᠡ ᠦᠭᠡᠢ ᠢᠳᠡᠬᠡᠯ᠎ᠡ᠃ ᠡᠨᠡ ᠴᠠᠭ ᠦᠶ᠎ᠡ ᠭᠡᠵᠤ᠂ ᠡᠨᠡ ᠬᠤᠳᠠ ᠶᠢᠨ ᠬᠢᠨ ᠭᠡᠵᠤ ᠨᠢᠭᠡ ᠯᠠ ᠮᠡᠳᠡᠭᠦ ᠳᠤ ᠴᠢᠮ᠎ᠠ ᠶᠢ ᠬᠤᠭᠤᠰᠤᠨ ᠪᠤᠯᠭᠠᠨ᠎ᠠ᠃ ᠨᠢᠭᠡ ᠯᠠ ᠮᠡᠳᠡᠭᠦ ᠳᠤ ᠴᠢᠮ᠎ᠠ ᠶᠢ ᠪᠠᠶᠠᠨ ᠪᠤᠯᠭᠠᠨ᠎ᠠ᠃     ᠬᠤᠭᠤᠰᠤᠨ ᠤ ᠲᠤᠳᠤᠷ᠎ᠠ ᠠᠮᠢᠳᠤᠷᠠᠭᠴᠢ ᠬᠤᠳᠠ ᠶᠢᠨ ᠬᠢᠨ ᠤ ᠨᠢᠬᠡᠨ ᠬᠡᠰᠢᠬᠦᠨ ᠬᠡᠮᠡᠭᠴᠢ ᠮᠡᠬᠦᠰ ᠮᠢᠨᠤ ᠪᠡᠶ᠎ᠡ ᠠᠵᠤᠭᠤ᠃     ᠵᠤᠬᠢᠶᠠᠬᠴᠢ ᠶᠢᠨ ᠬᠠᠶ᠋ᠢᠭ᠄ ᠠᠯᠠᠱᠠ ᠠᠶᠢᠮᠠᠭ ᠤᠨ ᠵᠤᠬᠢᠶᠠᠯᠴᠢᠳ ᠤᠨ ᠨᠡᠶᠢᠭᠡᠮᠯᠢᠭ ᠤᠨ ᠵᠤᠬᠢᠶᠠᠨ ᠪᠦᠳᠦᠭᠡᠬᠦ ᠦᠷᠤᠭᠡ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号