ᠮᠠᠨ ᠤ ᠡᠬᠡ ᠪᠠᠶᠢᠭᠠᠯᠢ ᠳᠤ ᠨᠠᠷᠠᠰᠤ᠂ ᠮᠠᠶᠢᠯᠠᠰᠤ᠂ ᠴᠠᠷᠠᠰᠤ ᠮᠡᠳᠤ ᠶᠢᠨ ᠮᠤᠳᠤ ᠪᠠᠶᠢᠵᠤ᠂ ᠦᠩᠭᠡ | ᠢᠯᠭᠠᠷᠠᠭᠰᠠᠨ ᠴᠡᠴᠡᠭ ᠬᠤᠸᠠᠷ ᠠᠯᠠᠭᠯᠠᠨ ᠲᠡᠯᠭᠡᠷᠡᠵᠤ ᠶᠠᠭ ᠯᠠ ᠭᠤᠶᠤ ᠰᠠᠶᠢᠬᠠᠨ ᠴᠡᠴᠡᠭ ᠤᠨ ᠬᠦᠷᠢᠶᠡᠯᠡᠩ ᠰᠢᠭ᠃ | ᠪᠠᠰᠠ ᠦᠨᠳᠦᠷ ᠰᠦᠷᠯᠢᠭ ᠠᠭᠤᠯᠠ ᠬᠠᠶᠢᠷᠬᠠᠨ ᠲᠠᠢ᠂ ᠭᠦᠪ ᠭᠦᠨ ᠲᠠᠯᠠᠢ ᠲᠠᠩᠬᠢᠰ ᠲᠤ ᠨᠢ ᠲᠤᠭ᠎ᠠ ᠲᠤᠮᠰᠢ ᠦᠭᠡᠢ | ᠤᠯᠠᠨ ᠵᠢᠭᠠᠰᠤ ᠵᠢᠷᠠᠭᠠᠬᠠᠢ ᠤᠮᠪᠠᠵᠤ ᠲᠤᠭᠯᠠᠨ᠂ ᠨᠡᠯᠦᠭᠡᠷ ᠶᠡᠭᠡ ᠨᠤᠭᠤᠭᠠᠨ ᠲᠠᠯ᠎ᠠ ᠳᠤ ᠨᠢ ᠲᠤᠭᠠᠯᠠᠭᠠᠳ ᠪᠠᠷᠠᠰᠢ | ᠦᠭᠡᠢ ᠠᠮᠢᠲᠠᠨ ᠠᠷᠢᠶᠠᠲᠠᠨ ᠠᠮᠢᠳᠤᠷᠠᠵᠤ᠂ ᠲᠠᠯ᠎ᠠ ᠪᠡᠯᠴᠢᠭᠡᠷ ᠲᠤ ᠤᠷᠭᠤᠭᠰᠠᠨ ᠨᠤᠭᠤᠭᠠᠨ ᠡᠪᠡᠰᠦ ᠶᠢ ᠬᠤᠯᠠ ᠠᠴᠠ | ᠬᠠᠷᠠᠬᠤ ᠳᠤ ᠶᠠᠭ ᠯᠠ ᠨᠤᠭᠤᠭᠠᠨ ᠦᠩᠭᠡ ᠲᠠᠢ ᠲᠠᠯᠠᠢ ᠲᠠᠩᠭᠢᠰ ᠠᠳᠠᠯᠢ ᠭᠤᠶᠤ ᠶᠤᠮ᠃ | ᠡᠬᠡ ᠪᠠᠶᠢᠭᠠᠯᠢ ᠳᠤ ᠠᠮᠢᠳᠤᠷᠠᠵᠤ ᠪᠠᠶᠢᠭ᠎ᠠ ᠠᠮᠢᠲᠠᠨ ᠭᠤᠤᠯᠲᠠᠨ ᠲᠤᠩ ᠤᠯᠠᠨ ᠪᠠᠶᠢᠳᠠᠭ᠃ ᠬᠠᠪᠤᠷ | ᠪᠤᠯᠬᠤ ᠳᠤ ᠡᠪᠦᠯ ᠤᠨ ᠤᠷᠤᠭᠰᠠᠨ ᠴᠠᠰᠤ ᠨᠢ ᠬᠠᠶᠢᠯᠵᠤ ᠭᠤᠤᠯ ᠭᠤᠷᠤᠬ᠎ᠠ ᠪᠤᠯᠤᠨ ᠭᠤᠷᠴᠢᠭᠢᠨᠠᠨ ᠤᠷᠤᠰᠤᠨ᠎ᠠ᠃ | ᠠᠮᠢᠲᠠᠨ ᠭᠤᠤᠯᠲᠠᠨ ᠤ ᠵᠠᠷᠢᠮ ᠨᠢ ᠤᠰᠤ ᠤᠤᠭᠤᠨ ᠵᠠᠷᠢᠮ ᠨᠢ ᠡᠪᠡᠰᠦ ᠢᠳᠡᠵᠦ ᠪᠠᠰᠠ ᠵᠠᠷᠢᠮ ᠨᠢ ᠮᠤᠳᠤᠨ ᠰᠡᠭᠦᠳᠡᠷ | ᠲᠤᠤᠷ᠎ᠠ ᠲᠠᠪᠠᠲᠠᠢ ᠬᠡᠪᠲᠡᠵᠤ ᠤᠨᠲᠠᠨ᠎ᠠ᠃ | ᠵᠤᠨ ᠪᠤᠯᠤᠭᠠᠳ ᠪᠤᠷᠤᠭᠠᠨ ᠤᠷᠤᠬᠤ ᠳᠤ ᠠᠮᠢᠲᠠᠨ ᠭᠤᠤᠯᠲᠠᠨ ᠪᠠᠶᠠᠷᠯᠠᠵᠤ ᠦᠰᠦᠷᠴᠦ ᠬᠠᠷᠠᠶᠢᠭᠠᠳ ᠴᠡᠴᠡᠭ | ᠬᠤᠸᠠᠷ ᠡᠪᠡᠰᠦ ᠮᠤᠳᠤ ᠪᠦᠵᠢᠭ ᠪᠦᠵᠢᠭᠯᠡᠵᠦ᠂ ᠲᠡᠭᠷᠢ ᠳᠤ ᠡᠯᠢᠨ ᠬᠠᠯᠢᠵᠤ ᠪᠠᠶᠢᠭ᠎ᠠ ᠰᠢᠪᠠᠭᠤ ᠨᠤᠭᠤᠳ ᠨᠢ | ᠱᠠᠭᠰᠢᠨ ᠮᠠᠭᠲᠠᠵᠤ᠂ ᠵᠢᠷᠭᠢᠨ ᠲᠤᠩᠭᠤᠳᠴᠤ ᠬᠦᠷ ᠬᠦᠭᠵᠢᠶᠡᠨ ᠲᠠᠢ ᠲᠤᠭᠯᠠᠵᠤ ᠨᠠᠷᠭᠢᠶᠠᠨ ᠦᠢᠮᠡᠭᠡᠨ ᠲᠠᠢ | ᠨᠠᠭᠠᠳᠤᠨ᠎ᠠ᠃ | ᠨᠠᠮᠤᠷ ᠪᠤᠯᠬᠤ ᠳᠤ ᠬᠦᠢᠳᠡᠨ ᠠᠴᠠ ᠠᠶᠤᠬᠤ ᠰᠢᠪᠠᠭᠤᠳ ᠪᠦᠷ ᠡᠮᠦᠨᠡᠳᠦ ᠤᠷᠤᠨ ᠳᠤ ᠡᠪᠦᠯᠵᠢᠭᠡᠳ ᠬᠠᠪᠤᠷ | ᠪᠤᠯᠬᠤ ᠳᠤ ᠰᠠᠶ᠋ᠢ ᠢᠷᠡᠨ᠎ᠡ᠃ ᠪᠠᠰᠠ ᠢᠴᠡᠭᠡᠯᠡᠬᠦ ᠠᠮᠢᠳᠠᠨ ᠤ ᠵᠠᠷᠢᠮ ᠨᠢ ᠢᠳᠡᠬᠦ ᠦᠭᠡᠢ ᠤᠤᠭᠤᠬᠤ ᠦᠭᠡᠢ ᠪᠠᠷ | ᠲᠠᠷᠠᠭ᠎ᠠ ᠬᠠᠪᠤᠷ ᠪᠤᠯᠲᠠᠯ᠎ᠠ ᠤᠨᠲᠠᠨ᠎ᠠ᠃ ᠵᠠᠷᠢᠮ ᠨᠢ ᠪᠠᠰᠠ ᠲᠠᠪᠠᠭ᠋ᠠᠢ ᠪᠠᠨ ᠲᠤᠯᠢᠶᠠᠵᠤ ᠤᠨᠲᠠᠨ᠎ᠠ᠃ ᠵᠠᠷᠢᠮ | ᠠᠮᠢᠲᠠᠨ ᠨᠢ ᠪᠠᠰᠠ ᠢᠴᠡᠭᠡᠯᠡᠬᠦ ᠦᠭᠡᠢ ᠲᠤᠰ ᠤᠷᠤᠨ ᠳᠤ ᠪᠠᠨ ᠡᠪᠦᠯᠵᠢᠳᠡᠭ᠃ | ᠨᠠᠮᠤᠷ ᠪᠤᠯᠬᠤ ᠳᠤ ᠪᠠᠰᠠ ᠤᠯᠠᠨ ᠠᠷᠪᠢᠨ ᠬᠤᠪᠤᠷ ᠴᠤᠬᠠᠭ ᠮᠦᠭᠦ ᠲᠡᠯᠲᠡᠦ ᠦᠷᠢᠯ ᠮᠦᠢᠯ ᠬᠡᠭᠡᠷ᠎ᠡ ᠶᠢᠨ ᠭᠦᠢᠯᠡᠰᠦ | ᠤᠷᠬᠤᠳᠠᠢ ᠁ ᠵᠡᠷᠭᠡ ᠵᠢᠮᠢᠰ ᠪᠠ ᠨᠤᠭᠤᠭ᠎ᠠ ᠪᠠᠨ ᠬᠦᠮᠦᠰ ᠲᠤ ᠪᠡᠯᠡᠭᠯᠡᠵᠦ᠂ ᠮᠦᠭᠦ ᠵᠡᠷᠭᠡ ᠶᠢ ᠲᠡᠭᠦᠬᠦ ᠪᠠᠷ | ᠤᠴᠢᠭᠰᠠᠨ ᠬᠦᠮᠦᠨ ᠢ ᠭᠠᠷ ᠬᠤᠭᠤᠰᠤᠨ ᠶᠠᠪᠤᠭᠤᠯᠬᠤ ᠦᠭᠡᠢ᠂ ᠲᠡᠭᠦᠭᠡᠳ ᠪᠠᠷᠠᠰᠢ ᠦᠭᠡᠢ ᠵᠢᠮᠢᠰ ᠨᠤᠭᠤᠭ᠎ᠠ ᠶᠢ | ᠦᠵᠡᠭᠡᠳ ᠶᠠᠭ ᠯᠠ ᠵᠢᠮᠢᠰ ᠤᠨ ᠲᠡᠯᠭᠡᠭᠦᠷ ᠰᠢᠭ ᠰᠠᠨᠠᠬᠳᠠᠭᠤᠯᠤᠨ᠎ᠠ᠃ | ᠡᠪᠦᠯ ᠪᠤᠯᠬᠤ ᠳᠤ ᠬᠦᠢᠳᠡᠨ ᠰᠠᠯᠬᠢ ᠬᠦᠷ ᠬᠦᠷ ᠬᠦᠷᠴᠢᠭᠢᠨᠡᠵᠦ᠂ ᠭᠤᠤᠯ ᠤᠨ ᠤᠰᠤ ᠲᠠᠰ ᠲᠠᠰ ᠬᠦᠯᠳᠡᠭᠡᠳ | ᠴᠠᠰᠤᠨ ᠯᠠᠪᠰᠠ ᠨᠡᠶᠢᠳᠡᠮ ᠪᠠᠭᠤᠵᠦ᠂ ᠠᠲᠠᠷ ᠬᠡᠭᠡᠷ᠎ᠡ ᠲᠠᠯ᠎ᠠ ᠶᠢ ᠴᠠᠭᠠᠨ ᠬᠦᠷᠮ᠎ᠡ ᠬᠡᠳᠦᠷᠦᠭᠦᠯᠳᠡᠭ᠃ ᠡᠶᠢᠮᠦ ᠠᠴᠠ | ᠪᠢᠳᠡ ᠭᠤᠶᠤ ᠰᠠᠶᠢᠬᠠᠨ ᠡᠬᠡ ᠪᠠᠶᠢᠭᠠᠯᠢ ᠲᠠᠢ ᠳᠤ ᠪᠠᠨ ᠤᠮᠤᠭᠰᠢᠨ᠎ᠠ᠃ ᠪᠢᠳᠡ ᠡᠬᠡ ᠪᠠᠶᠢᠭᠠᠯᠢ ᠪᠠᠨ ᠢᠯᠡᠭᠦᠬᠡᠨ | ᠬᠠᠮᠠᠭᠠᠯᠠᠨ᠂ ᠬᠦᠮᠦᠨ ᠪᠦᠬᠦᠨ ᠮᠤᠳᠤ ᠲᠠᠷᠢᠵᠤ᠂ ᠬᠤᠸᠠᠷ ᠴᠡᠴᠡᠭ ᠵᠠᠶᠢᠯᠠᠵᠤ᠂ ᠡᠬᠡ ᠪᠠᠶᠢᠭᠠᠯᠢ ᠪᠠᠨ ᠵᠠᠰᠠᠵᠤ | ᠴᠢᠮᠡᠭᠯᠡᠨ᠂ ᠮᠤᠳᠤ ᠶᠢ ᠲᠤᠷ᠎ᠠ ᠪᠠᠷ ᠤᠭᠳᠤᠯᠬᠤ ᠦᠭᠡᠢ᠂ ᠡᠪᠡᠰᠦ ᠬᠤᠸᠠᠷ ᠴᠡᠴᠡᠭ ᠢ ᠲᠠᠰᠤᠳᠠᠬᠤ ᠦᠭᠡᠢ᠂ | ᠰᠤᠷᠤᠭᠴᠢ ᠪᠢᠳᠡᠨ ᠪᠢᠴᠢᠭ ᠢᠶᠠᠨ ᠰᠠᠶᠢᠨ ᠰᠤᠷᠴᠤ᠂ ᠪᠠᠭᠰᠢ ᠡᠵᠢ ᠠᠪᠤ ᠪᠠᠨ ᠪᠠᠶᠠᠰᠬᠠᠵᠤ ᠬᠤᠵᠢᠮ ᠡᠬᠡ ᠤᠷᠤᠨ | ᠠᠷᠠᠳ ᠲᠦᠮᠡᠨ ᠤᠯᠤᠰ ᠤᠷᠤᠨ ᠳᠤ ᠪᠠᠨ ᠬᠦᠴᠦ ᠪᠠᠨ ᠡᠷᠭᠦᠵᠦ᠂ ᠡᠵᠢ ᠠᠪᠤ᠂ ᠤᠯᠤᠰ ᠤᠷᠤᠨ ᠤ ᠪᠠᠨ ᠠᠴᠢ | ᠭᠠᠪᠢᠶ᠎ᠠ ᠶᠢ ᠨᠢ ᠬᠠᠷᠢᠭᠤᠯᠬᠤ ᠪᠠᠷ ᠴᠢᠷᠮᠠᠶᠢᠨ ᠰᠢᠮᠳᠠᠵᠠᠭᠠᠶᠠ᠃ | ᠵᠤᠬᠢᠶᠠᠭᠴᠢ ᠶᠢᠨ ᠬᠠᠶ᠋ᠢᠭ᠄ ᠲᠢᠶᠠᠨ ᠲᠢᠶᠠᠨ ︵ᠵᠠᠯᠠᠶᠢᠳ ᠬᠤᠰᠢᠭᠤᠨ ᠤ ᠬᠦᠷᠡᠯ ᠭᠤᠥᠯ ᠰᠤᠷᠭᠠᠭᠤᠯᠢ ᠶᠢᠨ | ᠭᠤᠷᠪᠠ ᠶᠢᠨ ᠭᠤᠷᠪᠠ︶ | ᠵᠢᠯᠤᠭᠤᠳᠤᠭᠰᠠᠨ ᠪᠠᠭᠰᠢ᠄ ᠪᠠᠢ ᠹᠧᠩ ᠯᠠᠨ | |