ᠮᠠᠩᠬᠠᠨ ᠤᠳᠠᠨ ᠤ ᠦᠴᠢᠯ
ᠨᠡᠶᠢᠲᠡᠯᠡᠭᠰᠡᠨ ᠴᠠᠭ᠄
2021/1/8
● ᠲ᠊ · ᠭᠡᠭᠡᠪᠴᠢ    ᠪᠢ ᠠᠭᠠᠬᠢᠮ᠎ᠠ ᠨᠠᠷᠠᠨ ᠤ ᠲᠤᠤᠷ᠎ᠠ᠂ ᠠᠯᠤᠰ ᠤᠨ ᠬᠢᠵᠠᠭᠠᠷ ᠲᠤ ᠬᠠᠷᠠᠭᠳᠠᠬᠤ ᠮᠦᠡᠭᠭᠡ ᠴᠠᠰᠤᠳᠦ ᠠᠭᠤᠯᠠ ᠶᠢ ᠰᠢᠷᠳᠡᠭᠡᠳ᠂ ᠠᠯᠳᠠᠨ ᠬᠦᠷᠦᠰᠦᠨ ᠤ ᠲᠤᠤᠷ᠎ᠠ ᠮᠢᠩᠭᠠᠨ ᠵᠢᠯ ᠳᠠᠷᠤᠭᠳᠠᠭᠰᠠᠨ ᠨᠢᠭᠤᠴᠠ ᠳᠤᠪᠴᠢᠶᠠᠨ ᠢ ᠰᠦᠰᠦᠭᠯᠡᠨ᠎ᠠ᠃    ᠳᠡᠷᠡ ᠬᠦ ᠭᠠᠯᠪᠠ ᠶᠢᠨ ᠬᠤᠨᠭ᠍ᠬᠢᠯ ᠠᠴᠠ ᠬᠦᠮᠦᠨ ᠭᠡᠭᠴᠢ ᠠᠮᠢᠳᠠᠨ ᠪᠤᠰᠤᠭ᠎ᠠ ᠪᠠᠷ ᠠᠯᠬᠤᠨ ᠲᠡᠭᠷᠢ ᠠᠴᠠ ᠵᠠᠶᠠᠭᠠᠭᠰᠠᠨ ᠰᠤᠳᠤᠨ ᠤᠶᠤᠨ ᠰᠤᠷᠭᠤᠭ ᠤᠬᠠᠭᠠᠨ ᠢᠶᠠᠷ ᠢᠶᠠᠨ ᠡᠵᠡᠨ ᠨᠢ ᠪᠤᠯᠵᠦ ᠡᠵᠡᠷᠭᠡᠵᠤ ᠶᠠᠪᠤᠭᠰᠠᠨ᠂ ᠠᠮᠢᠳᠦᠷᠠᠯ ᠳᠤ ᠳᠡᠮᠡᠦᠯᠡᠭᠴᠢ ᠠᠮᠢᠵᠢᠷᠠᠯ ᠤᠳ ᠢ ᠭᠠᠶᠢᠬᠠᠨ ᠪᠢᠰᠢᠷᠡᠵᠦ ᠪᠠᠶᠢᠭᠠᠯᠢ ᠶᠢ ᠢᠯᠠᠬᠤ ᠬᠦᠴᠦᠨ ᠳᠡᠭᠦᠯᠳᠡᠷ ᠲᠤ ᠨᠢ ᠰᠡᠳᠭᠢᠯ ᠲᠤᠬᠳᠤᠯᠤᠨ᠎ᠠ᠃    ᠰᠠᠶᠢᠨ ᠮᠠᠭᠤ ᠬᠤᠶᠠᠷ ᠰᠠᠯᠤᠩᠬᠢᠷᠠᠨ᠂ ᠦᠨᠡᠨ ᠪᠠ ᠬᠤᠳᠠᠯ ᠵᠦᠷᠢᠴᠡᠯᠳᠤᠨ ᠦᠷᠦᠭᠡᠰᠦᠯ ᠦᠵᠡᠯ ᠠᠴᠠ ᠬᠤᠶᠠᠷᠳᠠᠮᠠᠯ ᠤᠬᠠᠭᠳᠠᠬᠤᠨ ᠡᠭᠦᠰᠴᠦ᠂ ᠲᠤᠮᠢᠶ᠎ᠠ ᠪᠤᠯᠵᠦ ᠪᠠᠳᠤᠯᠠᠭᠰᠠᠨ ᠢ ᠦᠵᠡᠬᠦᠶ᠎ᠡ᠂ ᠵᠢᠮ᠎ᠡ ᠶᠤᠰᠤ ᠭᠡᠭᠴᠢ ᠡᠶᠢᠮᠦ ᠠᠵᠦᠭᠤ︕    ᠴᠡᠴᠡᠭ ᠵᠤᠯᠭᠠᠷᠠᠨ ᠲᠡᠯᠭᠡᠷᠡᠵᠤ᠂ ᠨᠠᠷᠠᠨ ᠤᠷᠭᠤᠨ ᠳᠠᠰᠢᠵᠦ᠂ ᠶᠢᠷᠳᠢᠨᠴᠦ ᠳᠤ ᠲᠦᠷᠦᠭᠡᠳ᠂ ᠬᠦᠷᠦᠰᠦᠨ ᠳᠤ ᠰᠢᠩᠭᠡᠷᠡᠬᠦ᠂ ᠦᠰᠢᠯ ᠳᠤ ᠬᠤᠷᠤᠰᠤᠨ᠂ ᠦᠴᠢᠯ ᠳᠤ ᠭᠤᠮᠤᠳᠠᠨ᠂ ᠬᠤᠷᠸ᠎ᠠ ᠶᠢᠨ ᠡᠷᠭᠢᠯᠳᠡ ᠬᠤᠨᠤᠭ ᠡᠳᠦᠷ ᠤᠨ ᠵᠤᠷᠰᠢᠯ ᠢ ᠭᠠᠶᠢᠬᠠᠰᠢᠷᠠᠨ ᠶᠠᠪᠤᠭᠰᠠᠭᠠᠷ ᠡ︕     ᠶᠡᠭᠡ ᠮᠤᠳᠤᠨ ᠤ ᠰᠡᠭᠦᠳᠡᠷ ᠲᠤ ᠰᠠᠭᠤᠨ ᠶᠡᠭᠡ ᠬᠦᠮᠦᠨ ᠤ ᠰᠦᠷ ᠲᠤ ᠡᠷᠳᠡ ᠶᠠᠭᠤ ᠶᠢ ᠴᠦ ᠰᠠᠨᠠᠭᠠᠨ ᠳᠤ ᠪᠠᠨ ᠠᠪᠬᠤ ᠦᠭᠡᠢ᠂ ᠪᠤᠶᠠᠨ ᠨᠢᠭᠦᠯ ᠨᠢ ᠢᠯᠡᠳᠳᠡ ᠬᠠᠷᠠᠭᠳᠠᠬᠤ᠂ ᠵᠠᠶᠠᠭ᠎ᠠ ᠲᠠᠢ ᠨᠢᠭᠡ ᠨᠢ ᠳᠠᠪᠢᠯᠠᠩ ᠢᠶᠠᠨ ᠰᠢᠳᠦᠨ ᠵᠤᠷᠢᠯᠭ᠎ᠠ ᠲᠠᠢ ᠨᠢᠭᠡ ᠨᠢ ᠬᠠᠷᠠᠯᠳᠠ ᠪᠠᠨ ᠵᠤᠷᠢᠨ᠂ ᠡᠮᠦᠨ᠎ᠠ ᠲᠦᠷᠦᠭᠰᠡᠨ ᠨᠢ ᠤᠮᠠᠷᠠᠰᠢ ᠮᠤᠷᠳᠠᠨ ᠦᠷᠤᠨ᠎ᠠ ᠵᠠᠶᠠᠭᠠᠬᠰᠠᠨ ᠨᠢ ᠲᠤᠷᠤᠨ᠎ᠠ ᠶᠢ ᠳᠠᠬᠢᠬᠤ ᠡᠶᠢᠮᠦ ᠨᠢᠭᠡᠨ ᠵᠢᠮ᠎ᠠ ᠪᠢᠯᠢᠤ︕    ᠮᠠᠩᠬᠠᠨ ᠳᠤ ᠤᠷᠭᠤᠭᠰᠠᠨ ᠨᠢᠭᠡᠨ ᠤᠳᠠ ᠭᠠᠭᠴᠠᠭᠠᠷ ᠢᠶᠠᠨ ᠢᠡᠭᠭᠢᠵᠦ ᠶᠠᠷᠢᠭᠰᠠᠭᠠᠷ᠂ ᠳᠦᠷᠪᠡᠨ ᠤᠯᠠᠷᠢᠯ ᠢ ᠲᠤᠭᠠᠯᠠᠨ ᠲᠦᠴᠢᠨᠡᠨ ᠡᠳᠦᠷ ᠬᠤᠨᠤᠭ ᠢ ᠦᠡᠭᠭᠡᠷᠡᠭᠡᠨ᠎ᠡ᠃ᠪᠤᠳᠤᠪᠠᠯ ᠪᠠᠰᠠ ᠲᠠᠭᠠᠷᠠᠬᠤ ᠰᠢᠭ᠋᠂ ᠪᠤᠳᠤᠯᠭᠠᠰᠢᠷᠡᠪᠡᠯ ᠪᠠᠰᠠ ᠪᠤᠷᠤᠭᠤ ᠰᠢᠭ᠋᠂ ᠠᠯᠠᠷ ᠪᠠᠯᠠᠷ ᠤᠨ ᠳᠤᠮᠳᠠ᠂ ᠨᠤᠳᠤᠭ ᠨᠢᠷᠤᠭᠤᠳ ᠤᠨ ᠶᠠᠷᠢᠶᠠᠨ ᠳᠤ ᠡᠯᠦᠢ ᠬᠤᠯᠦᠢ ᠲᠤᠳᠤᠷᠠᠨ᠎ᠠ᠃    ᠳᠡᠷᠡ᠂ ᠢᠷᠡᠭᠡᠳᠦᠢ ᠶᠢᠨ ᠲᠦᠮᠡᠨ ᠳᠤ ᠪᠠᠨ᠂ ᠨᠢᠬᠡ ᠳᠤᠯᠤᠭᠠᠢ ᠲᠠᠢ᠂ ᠮᠢᠩᠭᠠᠨ ᠰᠡᠭᠦᠯᠳᠡᠢ ᠮᠤᠭᠠᠢ ᠬᠢᠭᠡᠳ ᠮᠢᠩᠭᠠᠨ ᠳᠤᠯᠤᠭᠠᠢ ᠲᠠᠢ ᠨᠢᠭᠡᠨ ᠰᠡᠭᠦᠯᠳᠠᠢ ᠮᠤᠭᠠᠢ ᠶᠢᠨ ᠦᠯᠢᠭᠡᠷ ᠢ ᠲᠤᠮᠤᠬᠴᠢᠯᠠᠨ᠎ᠠ᠃    ᠮᠠᠩᠬ᠎ᠠ ᠰᠠᠯᠬᠢᠨ ᠳᠤ ᠮᠦᠨ ᠶᠡᠭᠦᠷᠡᠨ ᠨᠡᠬᠦᠭᠰᠡᠭᠡᠷ ᠁    ᠤᠳᠠᠨ ᠤ ᠦᠴᠢᠭ ᠮᠦᠨ ᠯᠡ ᠶᠠᠷᠢᠨ ᠶᠠᠷᠢᠭᠰᠠᠭᠠᠷ ᠁    ᠪᠢ᠂ ᠡᠯᠡᠰᠦᠨ ᠮᠦᠬᠦᠯᠢᠭ ᠤᠨ ᠳᠤᠮᠳᠠ ᠠᠴᠠ ᠪᠤᠯᠠᠭᠳᠠᠵᠦ ᠰᠢᠷᠠᠯᠠᠭᠰᠠᠨ ᠨᠠᠪᠴᠢᠰ ᠢ ᠨᠢ ᠳᠡᠭᠦᠵᠦ ᠦᠨᠳᠦᠷ ᠬᠦᠳᠦᠯ ᠳᠡᠭᠡᠷ᠎ᠡ ᠡᠰᠡᠨᠢᠯ ᠤᠨ ᠲᠡᠭᠷᠢ ᠳᠤ ᠨᠢ ᠬᠦᠷᠭᠡᠨ ᠮᠤᠷᠳᠠᠭᠤᠯᠤᠨ᠎ᠠ ᠁    ᠳᠡᠳᠡ᠂ ᠰᠠᠯᠬᠢᠨ ᠤ ᠠᠶ᠎ᠠ ᠪᠠᠷ ᠠᠯᠭᠤᠷᠬᠠᠨ ᠨᠢᠰᠦᠨ ᠡᠪᠡᠰᠦ ᠮᠤᠳᠤᠨ ᠤ ᠳᠤᠮᠳᠠᠭᠤᠷ ᠨᠢᠰᠦᠨ ᠦᠵᠡᠯ᠎ᠡ︕    ᠮᠠᠩᠬᠠᠨ ᠤᠳᠠᠨ ᠤ ᠦᠴᠢᠭ ᠭᠡᠵᠦ᠂ ᠤᠤᠯ ᠨᠢ ᠡᠶᠢᠮᠦ ᠨᠢᠭᠡᠨ ᠦᠴᠢᠯ ᠪᠠᠶᠢᠭᠰᠠᠨ ᠠᠵᠦᠭᠤ᠃ ᠮᠠᠩᠬᠠᠨ ᠤᠳᠠ ᠮᠢᠨᠢ ᠮᠠᠩᠬ᠎ᠠ ᠪᠠᠷ ᠢᠶᠠᠨ ᠪᠢᠰᠢ᠂ ᠮᠦᠡᠭᠬᠡ ᠲᠡᠭᠷᠢ ᠶᠢᠨ ᠬᠦᠴᠦᠨ ᠳᠤ ᠦᠨᠢᠳᠡ ᠠᠮᠤᠷᠯᠢᠩᠭᠤᠢ ᠪᠠᠶᠢᠭᠠᠰᠠᠢ︕    ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠨᠮᠠᠩᠬ᠎ᠠ ᠰᠤᠮᠤ ᠶᠢᠨ ᠭᠡᠭᠡᠨ ᠤᠷᠳᠤ ᠭᠠᠴᠠᠭ᠎ᠠ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号