ᠵᠠᠯᠠᠶᠢᠳ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡ ᠪᠠ ᠲᠤᠭ᠎ᠠ ᠪᠠᠷᠢᠮᠳᠠ ᠶᠢᠨ ᠬᠠᠮᠢᠶᠠᠷᠤᠯᠳᠠ ᠶᠢᠨ ᠲᠤᠪᠴᠢᠶ᠎ᠠ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢᠨ ᠪᠤᠯᠪᠠᠰᠤᠨ ᠰᠢᠨ᠎ᠠ ᠬᠡᠪ ᠰᠤᠷᠳᠠᠯ ᠢ ᠡᠬᠦᠳᠴᠤ ᠪᠤᠢ
ᠨᠡᠶᠢᠲᠡᠯᠡᠭᠰᠡᠨ ᠴᠠᠭ᠄
2025/6/20
    ᠤᠶᠢᠷ᠎ᠠ ᠶᠢᠨ ᠡᠳᠤᠷ ᠬᠤᠷᠠᠯᠳᠤᠭᠰᠠᠨ ᠪᠦᠬᠦ ᠤᠯᠤᠰ ᠤᠨ ᠤᠶᠤᠨ ᠤ ᠪᠤᠯᠪᠠᠰᠤᠨ ᠤ ᠪᠦᠳᠤᠭᠡᠨ ᠪᠠᠶᠢᠭᠤᠯᠤᠯᠳᠠ ᠶᠢᠨ ᠬᠦᠬᠢᠬᠦᠯᠤᠨ ᠱᠠᠩᠨᠠᠬᠤ ᠶᠡᠭᠡ ᠬᠤᠷᠠᠯ ᠳᠤ᠂ ᠵᠠᠯᠠᠶᠢᠳ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡ ᠪᠠ ᠲᠤᠭ᠎ᠠ ᠪᠠᠷᠢᠮᠳᠠ ᠶᠢᠨ ᠬᠠᠮᠢᠶᠠᠷᠤᠯᠳᠠ ᠶᠢᠨ ᠲᠤᠪᠴᠢᠶ᠎ᠠ ︽ᠲᠤᠯᠤᠳᠤᠭᠠᠷ ᠬᠤᠭᠤᠴᠠᠭᠠᠨ ᠤ ᠪᠦᠬᠦ ᠤᠯᠤᠰ ᠤᠨ ᠪᠤᠯᠪᠠᠰᠤᠨ ᠨᠢᠭᠡᠴᠢ︾᠎ ᠶᠢᠨ ᠢᠷᠠᠭᠤ ᠠᠯᠳᠠᠷ ᠢ ᠬᠦᠷᠳᠡᠪᠡ᠃ ᠡᠨᠡᠬᠦ ᠢᠷᠠᠭᠤ ᠠᠯᠳᠠᠷ ᠨᠢ ᠲᠤᠰ ᠲᠤᠪᠴᠢᠶ᠎ᠠ ᠶᠢᠨ ᠦᠨᠳᠤᠷ ᠦᠷ᠎ᠠ ᠠᠰᠢᠭᠳᠠᠢ ᠲᠦᠬᠦᠮ ᠲᠦᠳᠠ ᠵᠠᠰᠠᠭ ᠤᠨ ᠶᠠᠪᠤᠳᠠᠯ ᠤᠨ ᠰᠢᠰᠲ᠋ᠧᠮ ᠢ ᠬᠦᠴᠤᠯᠡᠨ ᠡᠬᠦᠳᠥᠭᠰᠡᠨ᠂ ᠤᠶᠤᠨ ᠤ ᠪᠤᠯᠪᠠᠰᠤᠨ ᠪᠠ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠬᠦᠨᠵᠡᠭᠡᠢ ᠠᠭᠤᠰᠤᠯᠴᠠᠭᠤᠯᠤᠭᠰᠠᠨ᠂ ᠦᠢᠯᠡᠴᠢᠯᠡᠭᠡᠨ ᠤ ᠶᠠᠰᠤ ᠴᠢᠨᠠᠷ ᠢ ᠪᠦᠬᠦ ᠲᠠᠯ᠎ᠠ ᠪᠠᠷ ᠲᠡᠭᠡᠭᠰᠢᠯᠡᠬᠦᠯᠥᠭᠰᠡᠨ ᠤ ᠦᠨᠳᠤᠷ ᠦᠨᠡᠯᠡᠯᠳᠠ ᠪᠠᠶᠢᠵᠤ᠂ ᠨᠡᠩ ᠴᠤ ᠢᠷᠡᠭᠡᠳᠤᠢ ᠶᠢᠨ ᠬᠦᠭᠵᠢᠯᠳᠠ ᠳᠤ ᠬᠦᠴᠤᠷᠬᠡᠭ ᠶᠡᠭᠡ ᠬᠦᠳᠡᠯᠭᠡᠭᠴᠢ ᠬᠦᠴᠤᠨ ᠬᠠᠩᠭᠠᠯ᠎ᠠ᠃    ᠵᠠᠯᠠᠶᠢᠳ ᠬᠤᠰᠢᠭᠤᠨ ᠤ ᠵᠠᠰᠠᠭ ᠤᠨ ᠶᠡᠪᠤᠳᠠᠯ ᠤᠨ ᠦᠢᠯᠡᠴᠢᠯᠡᠭᠡᠨ ᠤ ᠲᠠᠩᠬᠢᠮ ᠳᠤ᠂ ᠠᠵᠢᠯᠳᠠᠨ ᠠᠴᠠ ᠢᠨᠢᠶᠡᠮᠰᠤᠩᠬᠦᠢ ᠪᠠᠷ ᠦᠢᠯᠡᠴᠢᠯᠡᠨ᠂ ᠶᠠᠪᠤᠳᠠᠯ ᠬᠦᠢᠴᠡᠳᠭᠡᠬᠦ ᠪᠠᠷ ᠢᠷᠡᠭᠰᠡᠨ ᠤᠯᠠᠨ ᠲᠦᠮᠡᠨ ᠳᠤ ᠰᠢᠯᠢᠳᠡᠭ ᠪᠡᠶᠡᠳᠠᠨ ᠤᠶᠢᠯᠠᠭᠠᠯᠳᠠ ᠬᠠᠩᠭᠠᠵᠤ ᠦᠭᠬᠦᠨ᠎ᠠ᠃ ᠡᠬᠦᠨ ᠳᠤ᠂ ᠶᠠᠪᠤᠳᠠᠯ ᠬᠦᠢᠴᠡᠳᠭᠡᠬᠦ ᠪᠠᠷ ᠢᠷᠡᠭᠰᠡᠳ ᠢ ᠠᠵᠢᠯᠳᠠᠨ ᠠᠴᠠ ᠬᠠᠯᠠᠭᠤᠮᠰᠤᠭ ᠢᠶᠠᠷ ᠬᠦᠯᠢᠶᠡᠨ ᠠᠪᠬᠤ ᠶᠢᠨ ᠬᠠᠮᠳᠤ ᠬᠠᠮᠢᠶ᠎ᠠ ᠪᠦᠬᠦᠢ ᠮᠠᠲ᠋ᠧᠷᠢᠶᠠᠯ ᠢ ᠨᠢ ᠨᠠᠷᠢᠨ ᠬᠢᠨᠠᠮᠠᠭᠠᠢ ᠬᠠᠷᠭᠤᠭᠤᠯᠤᠨ᠂ ᠬᠠᠮᠢᠶ᠎ᠠ ᠪᠦᠬᠦᠢ ᠬᠦᠰᠤᠨᠥᠭᠳᠤ ᠲᠠᠭᠯᠠᠬᠤ ᠶᠢ ᠨᠠᠷᠢᠨ ᠨᠢᠭᠳᠠ ᠵᠢᠭᠠᠨ ᠵᠢᠯᠤᠭᠤᠳᠴᠤ ᠦᠭᠬᠦᠨ᠎ᠠ᠃    ᠠᠵᠤ ᠠᠬᠤᠶᠢᠯᠠᠯ ᠪᠠ ᠤᠯᠠᠨ ᠲᠦᠮᠡᠨ ᠤ ︽ᠬᠠᠮᠤᠭ ᠡᠴᠤᠰ ᠤᠨ ᠨᠢᠭᠡ ᠮᠧᠲᠷ︾᠎ ᠢ ᠨᠡᠪᠳᠡᠷᠡᠬᠦᠯᠬᠦ ᠪᠠᠷ᠂ ᠡᠨᠡᠬᠦ ᠲᠤᠪᠴᠢᠶ᠎ᠠ ︽ᠸᠢᠳᠢᠣ᠋ ᠪᠠᠷ ᠬᠦᠢᠴᠡᠳᠭᠡᠬᠦ︾ ᠦᠢᠯᠡᠴᠢᠯᠡᠭᠡ ᠶᠢ ᠠᠬᠢᠭᠤᠯᠵᠤ᠂ ᠲᠠᠭᠤ ᠸᠢᠳᠢᠣ᠋ ᠪᠠᠷ ᠬᠤᠯᠪᠤᠭᠠᠯᠠᠬᠤ᠂ ᠲᠡᠯᠭᠡᠴᠠ ᠶᠢ ᠬᠠᠮᠳᠤᠪᠠᠷ ᠡᠳ᠋ᠯᠡᠬᠦ᠂ ᠮᠠᠲ᠋ᠧᠷᠢᠶᠠᠯ ᠲᠠᠮᠵᠢᠭᠤᠯᠬᠤ᠂ ᠰᠦᠯᠵᠢᠶᠡᠨ ᠲᠡᠭᠡᠷ᠎ᠠ ᠬᠠᠪᠰᠤᠷᠤᠮᠵᠢ ᠦᠵᠡᠬᠦᠯᠬᠦ ᠵᠡᠷᠭᠡ ᠮᠡᠷᠭᠡᠵᠢᠯ ᠢ ᠠᠰᠢᠭᠯᠠᠨ᠂ ᠲᠤᠬᠠᠢ ᠶᠢᠨ ᠲᠠᠯᠠᠪᠠᠢ ᠳᠤ ᠬᠦᠷᠴᠤ ᠲᠡᠶᠢᠯᠬᠦ ᠦᠭᠡᠢ ᠤᠯᠠᠨ ᠲᠦᠮᠡᠨ ᠢ ᠬᠠᠪᠰᠤᠷᠤᠨ ᠶᠠᠪᠤᠳᠠᠯ ᠢ ᠨᠢ ᠬᠦᠢᠴᠡᠳᠭᠡᠨ᠂ ᠤᠯᠠᠨ ᠲᠦᠮᠡᠨ ᠤ ᠲᠤᠬᠠᠢ ᠶᠢᠨ ᠲᠠᠯᠠᠪᠠᠢ ᠳᠤ ᠢᠷᠡᠬᠦ ᠦᠭᠡᠢ ᠪᠠᠷ ᠶᠠᠪᠤᠳᠠᠯ ᠬᠦᠢᠴᠡᠳᠭᠡᠬᠦ ᠱᠠᠭᠠᠷᠳᠠᠯᠭ᠎ᠠ ᠶᠢ ᠪᠦᠳᠤᠮᠵᠢᠳᠠᠢ ᠬᠠᠩᠭᠠᠪᠠ᠃    ︽ᠸᠢᠳᠢᠣ᠋ ᠪᠠᠷ ᠬᠦᠢᠴᠡᠳᠭᠡᠬᠦ ᠶᠢ ᠬᠡᠷᠡᠭᠵᠢᠬᠦᠯᠥᠭᠰᠡᠨ ᠠᠴᠠ ᠨᠠᠭᠠᠰᠢ ᠨᠡᠶᠢᠳᠠ ᠰᠦᠯᠵᠢᠶᠡᠨ ᠲᠡᠭᠡᠷ᠎ᠠ 340 ᠬᠤᠪᠢ ᠬᠢᠨᠠᠨ ᠵᠦᠪᠰᠢᠶᠡᠷᠡᠬᠦ ᠦᠢᠯᠡᠴᠢᠯᠡᠭᠡ ᠶᠢᠨ ᠶᠠᠪᠤᠳᠠᠯ ᠢ ᠬᠠᠪᠰᠤᠷᠤᠨ ᠬᠦᠢᠴᠡᠳᠭᠡᠵᠤ᠂ ᠲᠦᠷᠥ ᠶᠢᠨ ᠪᠤᠳᠤᠯᠭ᠎ᠠ ᠶᠢᠨ ᠠᠰᠠᠭᠤᠨ ᠰᠤᠷᠠᠬᠤ᠂ ᠮᠠᠲ᠋ᠧᠷᠢᠶᠠᠯ ᠢ ᠤᠷᠢᠳᠴᠢᠯᠠᠨ ᠬᠢᠨᠠᠬᠤ᠂ ᠶᠠᠪᠤᠴᠠ ᠳᠤ ᠵᠢᠯᠤᠭᠤᠳᠤᠯᠭ᠎ᠠ ᠬᠢᠬᠦ ᠵᠡᠷᠭᠡ ᠤᠯᠠᠨ ᠲᠦᠮᠡᠨ ᠤ 1000 ᠭᠠᠷᠤᠢ ᠤᠳᠠᠭ᠎ᠠ ᠠᠰᠠᠭᠤᠨ ᠰᠤᠷᠠᠬᠤ ᠶᠢ ᠬᠦᠯᠢᠶᠡᠨ ᠠᠪᠴᠤ᠂ ᠤᠯᠠᠨ ᠲᠦᠮᠡᠨ ᠤ ᠤᠨᠳᠤᠤ ᠭᠠᠵᠠᠷ ᠲᠤ ᠬᠡᠷᠡᠭ ᠬᠦᠢᠴᠡᠳᠭᠡᠬᠦ᠂ ᠶᠠᠪᠤᠵᠤ ᠰᠠᠭᠤᠬᠤ ᠳᠤ ᠲᠦᠬᠦᠮ ᠦᠭᠡᠢ ᠵᠡᠷᠭᠡ ᠬᠦᠴᠢᠷᠳᠠᠯ ᠢ ᠦᠨᠡᠨᠬᠦ ᠰᠶᠢᠳᠪᠤᠷᠢᠯᠡᠪᠡ︾ ᠭᠡᠵᠤ ᠵᠠᠯᠠᠶᠢᠳ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡ ᠪᠠ ᠲᠤᠭ᠎ᠠ ᠪᠠᠷᠢᠮᠳᠠ ᠶᠢᠨ ᠬᠠᠮᠢᠶᠠᠷᠤᠯᠳᠠ ᠶᠢᠨ ᠲᠤᠪᠴᠢᠶ᠎ᠠ ᠶᠢᠨ ᠠᠵᠢᠯᠳᠠᠨ ᠯᠢ ᠵᠢᠶᠠ ᠴᠢ ᠶᠠᠷᠢᠨ᠎ᠠ᠃    ᠲᠤᠰ ᠲᠤᠪᠴᠢᠶ᠎ᠠ ᠪᠦᠬᠦ ᠬᠤᠰᠢᠭᠤᠨ ᠤ 38 ᠰᠠᠯᠠᠭ᠎ᠠ ᠮᠦᠴᠢᠷ ᠤᠨ ᠬᠦᠴᠤᠨ ᠢ ᠨᠡᠶᠢᠳᠭᠡᠨ᠂ 1592 ᠲᠦᠷᠤᠯ ᠤᠨ ᠬᠢᠨᠠᠨ ᠵᠦᠪᠰᠢᠶᠡᠷᠡᠬᠦ ᠬᠡᠷᠡᠭ ᠢ ︽ᠨᠢᠭᠡ ᠦᠷᠳᠡᠭᠡ ᠮᠠᠶ᠋ᠢᠭ︾᠎ ᠢᠶᠠᠷ ᠬᠦᠢᠴᠡᠳᠭᠡᠬᠦ ᠳᠤ ᠤᠷᠤᠭᠤᠯᠪᠠ᠃ ᠲᠤᠰ ᠶᠠᠪᠤᠳᠠᠯ ᠬᠦᠢᠴᠡᠳᠭᠡᠬᠦ ᠲᠠᠩᠬᠢᠮ ᠨᠢ ᠡᠳᠤᠷ ᠲᠤ 10000 ᠬᠤᠪᠢ ᠶᠠᠪᠤᠳᠠᠯ ᠬᠦᠢᠴᠡᠳᠭᠡᠵᠤ᠂ ︽ᠨᠢᠭᠡ ᠡᠬᠦᠳᠡᠨ ᠳᠤ ᠤᠷᠤᠵᠤ᠂ ᠨᠢᠭᠡ ᠴᠤᠩᠬᠤᠪᠴᠢ ᠳᠤ ᠬᠦᠷᠴᠤ᠂ ᠤᠯᠠᠨ ᠶᠠᠪᠤᠳᠠᠯ ᠢ ᠬᠦᠢᠴᠡᠳᠭᠡᠬᠦ︾ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠢᠨ᠎ᠠ ᠲᠤᠭᠳᠠᠴᠠ ᠶᠢ ᠠᠮᠵᠢᠯᠳᠠᠳᠠᠢ ᠪᠤᠢ ᠪᠤᠯᠭᠠᠪᠠ᠃                                  ︵ᠴᠡᠯᠮᠡᠭ    ᠬᠤᠩ ᠪᠢᠶᠤᠤ︶
 
ᠢᠷᠡᠯᠲᠡ᠄ ᠵᠠᠯᠠᠶᠢᠳ ᠤᠨ ᠸᠢᠴᠠᠲ ᠮᠡᠳᠡᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号