| | ᠤᠢᠢᠷ᠎ᠠ ᠳᠤ᠂ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠵᠥᠪᠯᠡᠯ ᠠᠴᠠ ᠮᠠᠨ ᠤ ᠣᠷᠣᠨ ᠳᠤ | 2025 ᠣᠨ ᠤ ᠠᠵᠢᠯ ᠣᠯᠭᠤᠯᠲᠠ ᠪᠠᠷ ᠲᠡᠳᠬᠦᠮᠵᠢ ᠢ ᠣᠷᠣᠯᠠᠭᠤᠯᠬᠤ ᠲᠥᠪ ᠤᠨ ᠲᠥᠰᠦᠪ ᠤᠨ ᠳᠣᠲᠣᠷᠠᠬᠢ | ᠪᠡᠯᠡ ᠮᠦᠩᠬᠦ ᠶᠢ 2.9 ᠳ᠋ᠦᠩᠰᠢᠭᠤᠷ ᠲᠥᠭᠦᠷᠢᠭ ᠪᠠᠭᠤᠯᠭᠠᠵᠦ᠂ ᠣᠷᠣᠨ ᠨᠤᠲᠤᠭ ᠤᠨ ᠠᠵᠢᠯ ᠣᠯᠭᠤᠯᠲᠠ ᠪᠠᠷ | ᠲᠡᠳᠬᠦᠮᠵᠢ ᠢ ᠣᠷᠣᠯᠠᠭᠤᠯᠬᠤ 52 ᠲᠦᠷᠦᠯ ᠵᠦᠢᠯ ᠢ ᠬᠡᠷᠡᠭᠵᠢᠭᠦᠯᠬᠦ ᠶᠢ ᠳᠡᠮᠵᠢᠵᠦ᠂ ᠬᠥᠳᠡᠭᠡ ᠲᠣᠰᠬᠤᠨ ᠤ | ᠶᠠᠳᠠᠭᠤ ᠠᠴᠠ ᠠᠩᠭᠢᠵᠢᠷᠠᠭᠰᠠᠨ 4600 ᠬᠥᠮᠦᠨ ᠠᠮᠠ ᠪᠣᠯᠤᠨ ᠪᠤᠰᠤᠳ ᠲᠤᠤᠷ᠎ᠠ ᠣᠷᠣᠯᠭ᠎ᠠ ᠲᠠᠢ ᠬᠥᠮᠦᠰ ᠢ | ᠢᠨᠵᠧᠨᠧᠷᠢᠩ ᠤᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠳᠤ ᠣᠷᠣᠯᠴᠠᠭᠤᠯᠬᠤ ᠪᠠᠷ ᠲᠥᠯᠥᠪᠯᠡᠵᠦ᠂ | 9300 ᠲᠦᠮᠡᠨ ᠲᠥᠭᠦᠷᠢᠭ ᠤᠨ ᠬᠥᠳᠡᠯᠮᠦᠷᠢ ᠶᠢᠨ ᠬᠥᠯᠥᠰᠥ ᠣᠯᠭᠤᠮᠵᠢ ᠣᠯᠭᠤᠵᠤ᠂ 4450 ᠬᠥᠮᠦᠨ ᠳᠤ | ᠠᠵᠢᠯ ᠣᠯᠭᠤᠬᠤ ᠮᠡᠷᠭᠡᠵᠢᠯ ᠴᠢᠳᠠᠪᠤᠷᠢ ᠶᠢᠨ ᠪᠣᠯᠪᠠᠰᠤᠷᠠᠯ ᠬᠦᠷᠲᠡᠭᠡᠬᠦ ᠪᠠᠷ ᠲᠥᠯᠥᠪᠯᠡᠵᠦ᠂ 120 ᠨᠡᠶᠢᠲᠡ ᠶᠢᠨ | ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ ᠲᠤᠬᠢᠷᠠᠭᠤᠯᠵᠠᠢ᠃ | ᠪᠡᠯᠡ ᠮᠥᠩᠭᠦ ᠶᠢ ᠭᠤᠣᠯᠳᠠᠭᠤ ᠮᠠᠨ ᠤ ᠣᠷᠣᠨ ᠤ 11 ᠠᠶᠢᠮᠠᠭ ᠬᠤᠲᠠ ᠶᠢᠨ 33 ᠬᠤᠰᠢᠭᠤ ᠰᠢᠶᠠᠨ ᠳᠤ | ᠲᠤᠬᠢᠷᠠᠭᠤᠯᠵᠦ ᠠᠵᠢᠯᠴᠢᠨ ᠬᠡᠷᠡᠭᠯᠡᠬᠦ ᠬᠡᠮᠵᠢᠶ᠎ᠡ ᠪᠠᠷ ᠶᠡᠭᠡ᠂ ᠮᠡᠷᠭᠡᠵᠢᠯ ᠤᠨ ᠪᠠᠷᠢᠮᠵᠢᠶ᠎ᠠ ᠪᠠᠷ ᠳᠣᠣᠷ᠎ᠠ᠂ ᠪᠠᠷᠢᠯᠭ᠎ᠠ ᠶᠢᠨ | ᠮᠠᠰᠢᠨ ᠢᠶᠠᠷ ᠠᠵᠢᠯᠯᠠᠬᠤ ᠨᠢ ᠴᠥᠭᠡᠨ ᠪᠠᠶᠢᠬᠤ ᠬᠥᠳᠡᠭᠡ ᠲᠣᠰᠬᠤᠨ ᠤ ᠵᠢᠵᠢᠭ ᠬᠡᠯᠪᠡᠷᠢ ᠶᠢᠨ ᠰᠠᠭᠤᠷᠢ | ᠲᠦᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢ ᠭᠤᠣᠯᠳᠠᠯᠭ᠎ᠠ ᠲᠠᠢ ᠳᠡᠮᠵᠢᠵᠦ᠂ ᠣᠷᠣᠯᠭ᠎ᠠ | ᠲᠤᠤᠷ᠎ᠠ ᠣᠯᠠᠨ ᠲᠦᠮᠡᠨ ᠢᠯᠠᠩᠭᠤᠶ᠎ᠠ ᠬᠥᠳᠡᠭᠡ ᠲᠣᠰᠬᠤᠨ ᠤ ᠶᠠᠳᠠᠭᠤ ᠠᠴᠠ ᠠᠩᠭᠢᠵᠢᠷᠠᠭᠰᠠᠨ ᠬᠥᠮᠦᠨ ᠠᠮᠠ᠂ | ᠳᠠᠬᠢᠨ ᠶᠠᠳᠠᠭᠤᠷᠠᠬᠤ ᠶᠢ ᠰᠡᠷᠭᠡᠶᠢᠯᠡᠬᠦ ᠬᠢᠨᠠᠨ ᠬᠡᠮᠵᠢᠬᠦ ᠡᠲᠡᠭᠡᠳ᠂ ᠭᠠᠮᠰᠢᠭ ᠠᠴᠠ ᠪᠣᠯᠵᠤ ᠲᠡᠳᠬᠦᠬᠦ ᠴᠢᠬᠤᠯᠠᠲᠠᠶ | ᠬᠥᠮᠦᠨ ᠠᠮᠠ᠂ ᠣᠨᠳᠣᠣ ᠭᠠᠵᠠᠷ ᠨᠡᠭᠦᠯᠭᠡᠵᠦ ᠶᠠᠳᠠᠭᠤ ᠠᠴᠠ ᠠᠩᠭᠢᠵᠢᠷᠠᠭᠤᠯᠤᠭᠰᠠᠨ ᠣᠯᠠᠨ ᠲᠦᠮᠡᠨ ᠵᠡᠷᠭᠡ ᠶᠢ ᠡᠩ | ᠲᠡᠷᠢᠭᠦᠨ ᠳᠤ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠳᠤ ᠤᠷᠤᠭᠤᠯᠵᠦ᠂ ᠭᠡᠷ ᠤᠨ ᠢᠶᠠᠨ ᠡᠭᠦᠳᠡᠨ ᠳᠤ | ᠠᠵᠢᠯ ᠣᠯᠵᠤ ᠣᠷᠣᠯᠭ᠎ᠠ ᠪᠠᠨ ᠨᠡᠮᠡᠭᠳᠡᠭᠦᠯᠬᠦ ᠶᠢ ᠲᠡᠮᠵᠢᠬᠦ ᠪᠤᠯᠤᠨ᠎ᠠ᠃ | ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠠᠴᠠ ᠠᠵᠢᠯ | ᠣᠯᠭᠤᠬᠤ ᠪᠠᠷ ᠲᠡᠳᠬᠦᠮᠵᠢ ᠶᠢ ᠣᠷᠣᠯᠠᠭᠤᠯᠬᠤ ᠲᠥᠷᠥᠯ ᠵᠦᠢᠯ ᠤᠨ ᠠᠵᠢᠯᠴᠢᠨ ᠬᠡᠷᠡᠭᠯᠡᠬᠦ ᠬᠡᠪᠴᠢᠶ᠎ᠡ ᠶᠢ ᠬᠠᠮᠤᠭ ᠤᠨ | ᠶᠡᠭᠡ ᠬᠡᠮᠵᠢᠶ᠎ᠡ ᠪᠠᠷ ᠠᠭᠤᠳᠠᠯᠬᠤ᠂ ᠲᠤᠬᠠᠶ ᠶᠢᠨ ᠭᠠᠵᠠᠷ ᠤᠨ ᠣᠯᠠᠨ ᠲᠦᠮᠡᠨ ᠢ ᠪᠦᠲᠦᠭᠡᠨ ᠪᠠᠶᠢᠭᠤᠯᠤᠯᠲᠠ ᠳᠤ | ᠬᠠᠮᠤᠭ ᠤᠨ ᠶᠡᠭᠡ ᠪᠤᠯᠤᠯᠴᠠᠭ᠎ᠠ ᠪᠠᠷ ᠣᠷᠣᠯᠴᠠᠭᠤᠯᠬᠤ᠂ ᠬᠥᠳᠡᠯᠮᠦᠷᠢ ᠦᠢᠯᠡᠴᠢᠯᠡᠭᠡᠨ ᠤ ᠬᠥᠯᠥᠰᠥ ᠣᠯᠭᠤᠮᠵᠢ ᠶᠢᠨ | ᠡᠵᠡᠯᠡᠬᠦ ᠬᠠᠷᠢᠴᠠᠯ ᠢ ᠬᠠᠮᠤᠭ ᠤᠨ ᠶᠡᠭᠡ ᠬᠡᠮᠵᠢᠶ᠎ᠡ ᠪᠠᠷ ᠳᠡᠭᠡᠭᠰᠢᠯᠡᠭᠦᠯᠬᠦ᠂ ᠣᠯᠠᠨ ᠵᠦᠢᠯ ᠤᠨ ᠠᠷᠭ᠎ᠠ ᠮᠠᠶ᠋ᠢᠭ ᠢᠶᠠᠷ | ᠪᠣᠯᠪᠠᠰᠤᠷᠠᠭᠤᠯᠤᠯ ᠥᠷᠨᠢᠭᠦᠯᠵᠦ ᠣᠯᠠᠨ ᠲᠦᠮᠡᠨ ᠤ ᠠᠵᠢᠯ ᠬᠢᠬᠦ ᠮᠡᠷᠭᠡᠵᠢᠯ ᠴᠢᠳᠠᠪᠤᠷᠢ ᠶᠢ ᠳᠡᠭᠡᠭᠰᠢᠯᠡᠭᠦᠯᠬᠦ ᠶᠢ ᠡᠯ᠎ᠡ | ᠭᠠᠵᠠᠷ ᠤᠷᠤᠨ ᠳᠤ ᠱᠠᠭᠠᠷᠳᠠᠪᠠ᠃ ᠡᠭᠦᠨ ᠤ ᠲᠠᠭᠠᠤ᠂ ᠬᠥᠯᠥᠰᠥᠨ ᠠᠵᠢᠯ ᠬᠢᠵᠦ ᠪᠠᠶᠢᠭ᠎ᠠ ᠣᠯᠠᠨ ᠲᠦᠮᠡᠨ | ᠬᠥᠳᠡᠯᠮᠦᠷᠢ ᠪᠠ ᠮᠡᠷᠭᠡᠵᠢᠯ ᠤᠨ ᠪᠣᠯᠪᠠᠰᠤᠷᠠᠯ ᠳᠤ ᠣᠷᠣᠯᠴᠠᠬᠤ ᠪᠠᠷ ᠳᠠᠮᠵᠢᠨ ︽ᠬᠥᠯᠥᠰᠥ ᠣᠯᠭᠤᠮᠵᠢ ᠤᠯᠬᠤ | ᠮᠦᠷᠳᠡᠭᠡᠨ ᠪᠠᠰᠠ ᠮᠡᠷᠭᠡᠵᠢᠯ ᠴᠢᠳᠠᠪᠤᠷᠢ ᠨᠡᠮᠡᠭᠳᠡᠬᠦᠯᠬᠦ︾ ᠶᠢ ᠲᠡᠮᠵᠢᠵᠦ᠂ ᠣᠯᠠᠨ ᠲᠦᠮᠡᠨ ᠤ ᠠᠵᠢᠯ ᠬᠢᠬᠦ ᠶᠢ | ᠳᠠᠶᠢᠴᠢᠯᠠᠬᠤ ᠪᠠ ᠬᠥᠳᠡᠯᠮᠦᠷᠢ ᠦᠢᠯᠡᠴᠢᠯᠡᠭᠡᠨ ᠤ ᠬᠥᠯᠥᠰᠥ ᠣᠯᠭᠤᠮᠵᠢ ᠶᠢ ᠭᠦᠢᠴᠡᠳ ᠰᠢᠩᠭᠡᠭᠡᠨ ᠠᠪᠬᠤ | ᠮᠥᠷᠲᠡᠭᠡᠨ ᠪᠠᠰᠠ ᠲᠥᠷᠥᠯ ᠵᠦᠢᠯ ᠤᠨ ᠭᠠᠵᠠᠷ ᠣᠷᠣᠨ ᠤ ᠲᠣᠰᠬᠤᠨ ᠤ ᠳᠦᠷᠰᠦ ᠪᠠᠶᠢᠳᠠᠯ ᠪᠠ ᠣᠷᠣᠰᠢᠨ ᠰᠠᠭᠤᠬᠤ | ᠣᠷᠴᠢᠨ ᠲᠣᠭᠤᠷᠢᠨ ᠢ ᠪᠦᠲᠦᠮᠵᠢᠲᠡᠶ ᠰᠠᠶᠢᠵᠢᠷᠠᠭᠤᠯᠵᠤ᠂ ᠬᠥᠳᠡᠭᠡ ᠲᠣᠰᠬᠤᠨ ᠤ ᠠᠵᠤ ᠦᠢᠯᠡᠰ ᠤᠨ | ᠬᠥᠭᠵᠢᠯᠲᠡ ᠶᠢᠨ ᠢᠵᠢ ᠪᠦᠷᠢᠳᠦᠭᠦᠯᠬᠦ ᠰᠠᠭᠤᠷᠢ ᠲᠦᠬᠦᠭᠡᠷᠦᠮᠵᠢ ᠶᠢᠨ ᠨᠥᠬᠦᠴᠡᠯ ᠢ ᠳᠡᠭᠡᠭᠰᠢᠯᠡᠭᠦᠯᠬᠦ ᠪᠤᠯᠤᠨ᠎ᠠ᠃ | ᠤᠶᠢᠯᠠᠭᠠᠬᠰᠠᠨ ᠢᠶᠠᠷ᠂ ᠲᠣᠰ ᠪᠦᠯᠦᠭ ᠤᠨ ᠪᠠᠯᠠ ᠮᠦᠩᠬᠦ ᠪᠠᠷ ᠡᠯ᠎ᠡ ᠭᠠᠵᠠᠷ ᠤᠨ ᠲᠣᠰᠬᠤᠨ ᠳᠤ ᠨᠡᠪᠲᠡᠷᠡᠬᠦ ᠵᠠᠰᠠᠮᠠᠯ | ᠵᠠᠮ᠂ ᠦᠢᠯᠡᠳᠪᠦᠷᠢᠯᠡᠯ ᠤᠨ ᠳᠥᠲᠡ ᠵᠠᠮ᠂ ᠠᠵᠤ ᠦᠢᠯᠡᠰ ᠤᠨ ᠵᠠᠮ ᠵᠡᠷᠭᠡ ᠡᠯ᠎ᠡ ᠲᠥᠷᠥᠯ ᠤᠨ ᠵᠠᠮ ᠢ 167 | ᠺᠢᠯᠣᠮᠧᠲᠷ ᠵᠠᠰᠠᠵᠤ᠂ 85 ᠲᠣᠮᠣ ᠫᠧᠩ ᠰᠠᠷᠠᠪᠴᠢ ᠶᠢ ᠰᠢᠨ᠎ᠠ ᠪᠠᠷ ᠪᠠᠷᠢᠵᠤ᠂ 23.2 ᠺᠢᠯᠣᠮᠧᠲᠷ ᠠᠭᠤᠯᠠᠨ | ᠦᠶᠡᠷ ᠤᠨ ᠭᠤᠤ ᠶᠢ ᠵᠠᠰᠠᠵᠤ᠂ 16.5 ᠺᠢᠯᠣᠮᠧᠲᠷ ᠠᠭᠤᠯᠠᠨ ᠪᠡᠯ ᠢ ᠵᠠᠰᠠᠬᠤ ᠪᠠ ᠬᠠᠮᠠᠭᠠᠯᠠᠬᠤ ᠵᠡᠷᠭᠡ ᠶᠢ | ᠳᠡᠮᠵᠢᠨ᠎ᠡ᠃ |