ᠦᠭᠡᠷ ᠤᠨ ᠬᠡᠮ ᠢ ᠲᠠᠨᠢᠬᠤ ᠠᠷᠪᠠᠨ ᠠᠷᠭ᠎ᠠ
ᠨᠡᠶᠢᠲᠡᠯᠡᠭᠰᠡᠨ ᠴᠠᠭ᠄
2025/1/14
     ᠨᠢᠭᠡ᠂ ᠴᠢᠬᠢ ᠶᠢ ᠨᠢ ᠦᠵᠡᠨ᠎ᠡ᠃ ᠡᠷᠡᠭᠦᠯ ᠦᠬᠡᠷ ᠬᠤᠶᠠᠷ ᠴᠢᠬᠢ ᠪᠠᠨ ᠶᠡᠷᠦ ᠨᠢ ᠬᠦᠳᠡᠯᠭᠡᠳᠡᠭ᠃ ᠲᠡᠮᠳᠡᠷᠡᠬᠦ ᠳᠤ ᠪᠦᠯᠢᠶᠡᠨ ᠪᠠᠶᠢᠳᠠᠭ᠃ ᠬᠡᠮ ᠲᠠᠢ ᠦᠭᠡᠷ ᠪᠣᠯ ᠬᠤᠶᠠᠷ ᠴᠢᠬᠢ ᠪᠠᠨ ᠨᠠᠪᠳᠠᠶᠢᠯᠭᠠᠴᠢᠬᠠᠭᠠᠳ ᠶᠡᠷᠦ ᠬᠦᠳᠡᠯᠭᠡᠳᠡᠭ ᠦᠭᠡᠢ᠂ ᠴᠢᠬᠢᠨ ᠤ ᠲᠡᠪᠢᠰᠭᠡᠷ ᠨᠢ ᠬᠠᠯᠠᠭᠤᠨ ᠪᠠᠶᠢᠳᠠᠭ᠃     ᠬᠤᠶᠠᠷ᠂ ᠨᠢᠳᠦ ᠶᠢ ᠨᠢ ᠦᠵᠡᠨ᠎ᠡ᠃ ᠡᠷᠡᠬᠦᠯ ᠦᠭᠡᠷ ᠤᠨ ᠬᠤᠶᠠᠷ ᠨᠢᠳᠤ ᠨᠢ ᠴᠤᠭ ᠲᠠᠢ᠂ ᠬᠡᠷᠡᠯ ᠲᠠᠢ᠂ ᠬᠠᠷᠠᠴᠠ ᠨᠢ ᠬᠤᠷᠴᠠ ᠨᠢ ᠲᠤᠰᠬᠠᠯ ᠨᠢ ᠲᠦᠷᠭᠡᠨ ᠪᠠᠶᠢᠳᠠᠭ᠃ ᠭᠡᠮ ᠲᠠᠢ ᠦᠭᠡᠷ ᠤᠨ ᠬᠤᠶᠠᠷ ᠨᠢᠳᠤ ᠨᠢ ᠳᠤᠷᠤᠭᠰᠢ ᠪᠠᠨ ᠬᠠᠷᠠᠳᠠᠭ ᠪᠠ ᠬᠠᠷᠠᠴᠠ ᠨᠢ ᠰᠤᠯᠠ᠂ ᠪᠢᠳᠠᠭᠤ᠂ ᠲᠤᠰᠬᠠᠯ ᠦᠭᠡᠢ ᠪᠠᠶᠢᠳᠠᠭ᠃     ᠭᠤᠷᠪᠠ᠂ ᠬᠠᠮᠠᠷ ᠢ ᠨᠢ ᠦᠵᠡᠨ᠎ᠡ᠃ ᠡᠷᠡᠭᠦᠯ ᠦᠭᠡᠷ ᠤᠨ ᠬᠠᠮᠠᠷ ᠤᠨ ᠲᠣᠯᠢᠨ ᠳᠤ ᠬᠥᠯᠥᠰᠦ ᠲᠠᠢ᠂ ᠲᠠᠷᠬᠠᠯᠲᠠ ᠨᠢ ᠵᠢᠭᠳᠡ᠂ ᠬᠠᠮᠠᠷ ᠤᠨ ᠦᠵᠦᠭᠦᠷ  ᠨᠢ ᠰᠠᠶᠢᠨ ᠰᠠᠷᠳᠠᠭᠠᠨᠠᠳᠠᠭ᠃     ᠲᠥᠷᠪᠡ᠂ ᠬᠡᠯᠡ ᠶᠢ ᠨᠢ ᠦᠵᠡᠨ᠎ᠡ᠃ ᠡᠷᠡᠭᠦᠯ ᠦᠭᠡᠷ ᠤᠨ ᠬᠡᠯᠡ ᠨᠢ ᠬᠢᠯᠠᠭᠠᠷ᠂ ᠤᠰᠤᠯᠢᠭ ᠤᠯᠠᠭᠠᠨ᠂ ᠬᠡᠯᠡᠨ ᠤ ᠥᠡᠭᠬᠦᠷ ᠨᠢ ᠬᠡᠪ ᠤᠨ ᠪᠠᠶᠢᠳᠠᠯ  ᠲᠠᠢ᠂ ᠠᠭᠰᠢᠵᠦ ᠰᠤᠩᠬᠤ ᠨᠢ ᠬᠦᠴᠦᠲᠡᠢ ᠪᠠᠶᠢᠳᠠᠭ᠃ ᠬᠡᠮ ᠲᠠᠢ ᠦᠭᠡᠷ ᠤᠨ ᠬᠡᠯᠡ ᠨᠢ ᠬᠦᠳᠡᠬᠢ᠂ ᠬᠡᠯᠡᠨ ᠤ ᠥᠡᠭᠬᠦᠷ ᠨᠢ ᠵᠤᠵᠠᠭᠠᠨ᠂ ᠪᠠᠷᠵᠠᠭᠠᠷ᠂ ᠬᠡᠷᠡᠯ ᠦᠭᠡᠢ᠂ ᠣᠯᠠᠩᠬᠢ ᠳᠠᠭᠠᠨ ᠰᠢᠷ᠎ᠠ᠂ ᠴᠠᠭᠠᠪᠳᠤᠷ᠂ ᠬᠦᠷᠡᠩ ᠥᠡᠭᠭᠡ ᠲᠠᠢ ᠪᠠᠶᠢᠳᠠᠭ᠃     ᠲᠠᠪᠤ᠂ ᠠᠮᠠᠨ ᠤ ᠬᠦᠨᠲᠡᠢ ᠶᠢ ᠨᠢ ᠦᠵᠡᠨ᠎ᠡ᠃ ᠡᠷᠡᠬᠦᠯ ᠦᠭᠡᠢ ᠤᠨ ᠠᠮᠠᠨ ᠤ ᠬᠦᠨᠲᠡᠢ ᠶᠢᠨ ᠰᠠᠯᠢᠰᠤ ᠨᠢ ᠤᠯᠠᠭᠠᠪᠳᠣᠷ᠂ ᠬᠠᠯᠠᠭᠤᠨ ᠨᠢ ᠬᠡᠪ ᠤᠨ ᠦᠨᠦᠷ ᠦᠭᠡᠢ᠃ ᠬᠡᠮ ᠲᠠᠢ ᠦᠭᠡᠷ ᠤᠨ ᠠᠮᠠᠨ ᠤ ᠬᠦᠨᠲᠡᠢ ᠨᠢ ᠬᠠᠶᠠ ᠬᠦᠢᠳᠡᠨ᠂ ᠬᠠᠶᠠ ᠬᠠᠯᠠᠭᠤᠨ᠂ ᠰᠠᠯᠢᠰᠤ ᠨᠢ ᠴᠠᠶᠢᠷᠠᠨ ᠭᠤᠭᠤᠵᠢᠬᠤ ᠪᠤᠶᠤ ᠬᠠᠳᠠᠵᠦ ᠤᠯᠠᠶᠢᠭᠠᠳ ᠦᠮᠡᠬᠡᠢ ᠥᠨᠥᠷ ᠭᠠᠷᠳᠠᠭ᠃     ᠵᠢᠷᠭᠤᠭ᠎ᠠ᠂ ᠦᠰᠦᠨ ᠤ ᠥᠡᠭᠭᠡ ᠶᠢ ᠨᠢ ᠦᠵᠡᠨ᠎ᠡ᠃ ᠡᠷᠡᠭᠦᠯ ᠦᠭᠡᠷ ᠤᠨ ᠦᠰᠦᠨ ᠤ ᠥᠡᠭᠭᠡ ᠨᠢ ᠬᠢᠯᠳᠤᠭᠠᠨᠠᠵᠦ᠂ ᠤᠶᠠᠨ ᠬᠠᠳᠠᠨ ᠴᠢᠨᠠᠷ ᠲᠠᠢ ᠪᠠᠶᠢᠳᠠᠭ᠃ ᠬᠡᠮ ᠲᠠᠢ ᠦᠭᠡᠷ ᠤᠨ ᠦᠰᠦ ᠨᠢ ᠪᠣᠷᠵᠠᠶᠢᠭᠠᠳ ᠥᠡᠭᠭᠡ ᠬᠢᠯᠪᠠᠭ᠎ᠠ ᠦᠭᠡᠢ ᠪᠣᠯᠳᠠᠭ᠃     ᠲᠤᠯᠤᠭ᠎ᠠ᠂ ᠡᠪᠡᠷ ᠤᠨ ᠤᠭ ᠢ ᠦᠵᠡᠨ᠎ᠡ᠃ ᠡᠷᠡᠭᠦᠯ ᠦᠬᠡᠷ ᠤᠨ ᠡᠪᠡᠷ ᠤᠨ ᠦᠵᠦᠬᠦᠷ ᠨᠢ ᠬᠦᠢᠳᠡᠨ᠂ ᠤᠭ ᠨᠢ ᠬᠠᠯᠠᠭᠤᠨ ᠪᠠᠶᠢᠳᠠᠭ᠃ ᠬᠡᠮ ᠲᠠᠢ ᠦᠭᠡᠷ ᠤᠨ ᠡᠪᠡᠷ ᠤᠨ ᠤᠭ ᠨᠢ ᠬᠦᠢᠳᠡᠨ ᠪᠢᠰᠢ ᠪᠤᠯ ᠬᠠᠪ ᠬᠠᠯᠠᠭᠤᠨ ᠪᠠᠶᠢᠳᠠᠭ᠃     ᠨᠠᠢᠮᠠ᠂ ᠬᠡᠪᠢᠬᠦ ᠶᠢ ᠨᠢ ᠦᠵᠡᠨ᠎ᠡ᠃ ᠡᠷᠡᠭᠦᠯ ᠦᠬᠡᠷ ᠤᠳᠠᠭ᠎ᠠ ᠪᠦᠷᠢ ᠡᠪᠡᠰᠦ ᠢᠳᠡᠭᠰᠡᠨ ᠤ ᠲᠠᠷᠠᠭ᠎ᠠ ᠬᠠᠭᠠᠰ ᠠᠴᠠ ᠨᠢᠭᠡ ᠴᠠᠭ ᠬᠡᠪᠢᠨ᠎ᠡ᠃ ᠨᠢᠭᠡ ᠬᠤᠨᠤᠭ ᠲᠤ 4 — 8 ᠤᠳᠠᠭ᠎ᠠ ᠬᠡᠪᠢᠳᠡᠭ᠃ ᠬᠡᠮ ᠲᠠᠢ ᠦᠬᠡᠷ ᠬᠡᠪ ᠤᠨ ᠪᠤᠰᠤ ᠬᠡᠪᠢᠬᠦ ᠪᠤᠶᠤ ᠬᠡᠪᠢᠬᠦ ᠦᠬᠡᠢ ᠪᠠᠶᠢᠳᠠᠭ᠃     ᠶᠢᠰᠦ᠂ ᠪᠠᠭᠠᠰᠤ ᠰᠢᠭᠡᠰᠤ ᠶᠢ ᠨᠢ ᠦᠵᠡᠨ᠎ᠡ᠃ ᠡᠷᠡᠭᠦᠯ ᠦᠬᠡᠷ ᠤᠨ ᠪᠠᠭᠠᠰᠤ ᠨᠢ ᠵᠥᠭᠡᠯᠡᠨ ᠪᠣᠯᠪᠠᠴᠦ ᠰᠢᠩᠭᠡᠨ ᠪᠢᠰᠢ᠂ ᠬᠠᠳᠠᠭᠤ ᠪᠣᠯᠪᠠᠴᠦ ᠵᠠᠩᠬᠢᠷᠠᠭ᠎ᠠ ᠦᠭᠡᠢ᠂ ᠮᠠᠭᠤᠬᠠᠢ ᠥᠨᠥᠷ ᠦᠬᠡᠢ᠃ ᠰᠢᠬᠡᠰᠦ ᠨᠢ ᠲᠤᠩᠭᠠᠯᠠᠭ᠂ ᠪᠠᠭᠠᠵᠤ ᠰᠢᠭᠡᠬᠦ ᠨᠢ ᠲᠤᠭᠳᠠᠪᠤᠷᠢᠲᠡᠢ ᠪᠠᠶᠢᠳᠠᠭ᠃ ᠬᠡᠮ ᠲᠠᠢ ᠦᠬᠡᠷ ᠤᠨ ᠪᠠᠭᠠᠵᠦ ᠰᠢᠭᠡᠬᠦ ᠨᠢ ᠲᠤᠭᠳᠠᠪᠤᠷᠢ ᠦᠭᠡᠢ᠃ ᠵᠠᠷᠢᠮ ᠳᠠᠭᠠᠨ ᠰᠢᠩᠬᠡᠨ᠂ ᠵᠠᠷᠢᠮ ᠳᠠᠭᠠᠨ ᠬᠠᠳᠠᠭᠤ ᠪᠠᠶᠢᠵᠦ ᠴᠢᠨᠠᠭᠰᠢᠯᠠᠪᠠᠯ ᠪᠠᠭᠠᠬᠤ ᠪᠠᠨ ᠪᠣᠯᠢᠳᠠᠭ᠃ ᠰᠢᠭᠡᠰᠦ ᠨᠢ ᠰᠢᠷ᠎ᠡ ᠪᠤᠶᠤ ᠴᠢᠰᠦ ᠲᠠᠢ ᠪᠠᠶᠢᠳᠠᠭ᠃     ᠠᠷᠪᠠ᠂ ᠠᠯᠬᠤᠭ᠎ᠠ ᠶᠢ ᠨᠢ ᠦᠵᠡᠨ᠎ᠡ᠃ ᠡᠷᠡᠭᠦᠯ ᠦᠬᠡᠷ ᠤᠨ ᠠᠯᠬᠤᠬᠤ ᠨᠢ ᠴᠤᠭ ᠵᠢᠪᠬᠤᠭ᠎ᠠ ᠲᠠᠢ᠂ ᠯᠠᠪᠳᠠᠭᠤᠨ ᠬᠦᠴᠦᠲᠡᠢ᠃ ᠲᠣᠯᠣᠭᠠᠢ ᠪᠠᠨ ᠰᠠᠵᠢᠯᠠᠭᠤᠯᠵᠤ ᠰᠡᠭᠦᠯ ᠢᠶᠠᠨ ᠬᠦᠳᠡᠯᠭᠡᠳᠡᠭ᠃ ᠬᠡᠮ ᠲᠠᠢ ᠦᠬᠡᠷ ᠤᠨ ᠠᠯᠬᠤᠬᠤ ᠨᠢ ᠬᠦᠴᠦ ᠮᠠᠭᠤᠲᠠᠢ᠂ ᠰᠡᠭᠦᠯ ᠢᠶᠠᠨ ᠬᠦᠳᠠᠯᠭᠡᠬᠦ ᠦᠭᠡᠢ᠂ ᠠᠯᠬᠤᠬᠤ ᠲᠤᠷ᠎ᠠ ᠦᠭᠡᠢ ᠪᠤᠶᠤ ᠬᠡᠪᠳᠡᠴᠢᠭᠡᠭᠡᠳ ᠪᠤᠰᠬᠤ ᠦᠭᠡᠢ ᠪᠠᠶᠢᠳᠠᠭ᠃     ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ   
 
ᠢᠷᠡᠯᠲᠡ᠄ ᠥᠥᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号