ᠬᠤᠰᠢᠭᠤᠨ ᠤ ᠳᠤᠳᠤᠭᠠᠳᠦ ᠶᠢ ᠬᠠᠮᠠᠭᠠᠯᠠᠬᠤ ᠳᠤᠪᠴᠢᠶ᠎ᠠ ᠠᠮᠤᠷ ᠢ ᠬᠠᠮᠠᠭᠠᠯᠠᠬᠤ ᠠᠵᠢᠯ ᠢ ᠰᠠᠶᠢᠳᠤᠷ ᠬᠢᠵᠤ ᠪᠠᠶᠢᠨ᠎ᠠ
ᠨᠡᠶᠢᠲᠡᠯᠡᠭᠰᠡᠨ ᠴᠠᠭ᠄
2024/9/26
    9 ᠰᠠᠷ᠎ᠠ ᠶᠢᠨ 21 ᠤ ᠡᠳᠦᠷ᠂ 2024 ᠤᠨ ᠤ ︽ᠳᠤᠮᠳᠠᠳᠤ ᠤᠯᠤᠰ ᠤᠨ ᠳᠠᠷᠢᠶᠠᠴᠢᠳ ᠤᠨ ᠡᠯᠪᠡᠭ ᠬᠤᠷᠢᠶᠠᠯᠳᠠ ᠶᠢᠨ ᠪᠠᠶᠠᠷ︾   ᠤᠨ ᠦᠪᠤᠷ ᠮᠤᠩᠭᠤᠯ ᠤᠨ ᠭᠤᠤᠯ ᠳᠠᠯᠠᠪᠤᠷ ᠤᠨ ᠠᠵᠢᠯᠯᠠᠭ᠎ᠠ ᠵᠠᠯᠠᠶᠢᠳ ᠬᠤᠰᠢᠭᠤᠨ ᠤ ᠬᠤᠯᠪᠤᠭ᠎ᠠ ᠳᠤᠳᠤᠷᠭ᠎ᠠ ᠳᠠᠷᠢᠬᠤ ᠦᠵᠡᠮᠵᠢ ᠶᠢᠨ ᠤᠷᠤᠨ ᠳᠤ ᠶᠠᠪᠤᠬᠳᠠᠬᠰᠠᠨ ᠪᠠᠶᠢᠨ᠎ᠠ᠃ ᠡᠬᠦᠨ ᠳᠤ᠂ ᠵᠠᠯᠠᠶᠢᠳ ᠬᠤᠰᠢᠭᠤᠨ ᠤ ᠳᠤᠳᠤᠭᠠᠳᠦ ᠶᠢ ᠬᠠᠮᠠᠭᠠᠯᠠᠬᠤ ᠳᠤᠪᠴᠢᠶ᠎ᠠ ᠠᠵᠢᠯᠯᠠᠭ᠎ᠠ ᠶᠢᠨ ᠳᠠᠯᠠᠪᠤᠷ ᠤᠨ ᠠᠮᠤᠷ ᠢ ᠬᠠᠮᠠᠭᠠᠯᠠᠬᠤ ᠠᠵᠢᠯ ᠢ ᠬᠠᠷᠢᠭᠤᠴᠠᠨ᠂ ᠡᠯ᠎ᠠ ᠳᠠᠯ᠎ᠠ ᠶᠢᠨ ᠠᠵᠢᠯ ᠢ ᠡᠷᠴᠢᠮ ᠲᠠᠢ ᠰᠠᠶᠢᠬᠠᠨ ᠲᠦᠯᠦᠪᠵᠢᠬᠦᠯᠤᠨ᠂ ᠲᠤᠰ ᠤᠳᠡᠭᠠᠨ ᠤ ᠠᠵᠢᠯᠯᠠᠭ᠎ᠠ ᠶᠢᠨ ᠠᠮᠵᠢᠯᠳᠠ ᠲᠠᠢ ᠰᠠᠶᠢᠬᠠᠨ ᠶᠠᠪᠤᠬᠳᠠᠬᠤ ᠳᠤ ᠠᠮᠤᠷ ᠲᠦᠪᠰᠢᠨ ᠤ ᠪᠠᠳᠤᠯᠠᠭ᠎ᠠ ᠬᠠᠨᠭ᠍ᠭᠠᠬᠰᠠᠨ ᠪᠠᠶᠢᠯ᠎ᠠ᠃     ᠬᠠᠷᠢᠭᠤᠴᠠᠯᠭ᠎ᠠ ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠪᠠ᠃ ᠵᠠᠯᠠᠶᠢᠳ ᠬᠤᠰᠢᠭᠤᠨ ᠤ ᠳᠤᠳᠤᠭᠠᠳᠦ ᠶᠢ ᠬᠠᠮᠠᠭᠠᠯᠠᠬᠤ ᠳᠤᠪᠴᠢᠶ᠎ᠠ ᠶᠢᠨ ᠨᠠᠮ ᠤᠨ ᠬᠤᠷᠢᠶ᠎ᠠ ᠠᠴᠠ ᠳᠤᠰ ᠤᠳᠠᠭᠠᠨ ᠤ ᠠᠵᠢᠯᠯᠠᠭ᠎ᠠ ᠶᠢ ᠳᠡᠭᠡᠳᠦ ᠭᠡᠮᠵᠢᠶ᠎ᠠ ᠪᠠᠷ ᠴᠢᠬᠤᠯᠠᠴᠢᠯᠡᠨ ᠦᠵᠡᠵᠦ᠂ ᠠᠵᠢᠯᠯᠠᠭ᠎ᠠ ᠶᠢᠨ ᠬᠦᠷᠢᠶ᠎ᠠ ᠭᠡᠪᠴᠢᠶ᠎ᠠ᠂ ᠤᠷᠤᠯᠴᠠᠬᠤ ᠬᠦᠮᠤᠰ ᠵᠡᠷᠭᠡ ᠪᠤᠳᠠᠳᠠᠢ ᠪᠠᠶᠢᠳᠡᠯ ᠢ ᠦᠨᠳᠦᠰᠦᠯᠡᠨ᠂ ᠨᠠᠷᠢᠯᠢᠬ ᠤᠨᠤᠴᠠᠳᠠᠢ ᠠᠮᠤᠷ ᠢ ᠬᠠᠮᠠᠭᠠᠯᠠᠬᠤ ᠲᠦᠰᠦᠪ ᠳᠤᠬᠳᠠᠭᠠᠬᠰᠠᠨ ᠪᠠᠶᠢᠨ᠎ᠠ᠃ ᠤᠷᠢᠳᠴᠢᠯᠡᠨ ᠠᠵᠢᠯᠯᠠᠭᠠᠨ ᠤ ᠳᠤᠬᠠᠢ ᠶᠢᠨ ᠳᠠᠯᠠᠪᠤᠷ ᠵᠢᠴᠢ ᠤᠶᠢᠷ᠎ᠠ ᠬᠠᠪᠢ ᠪᠠᠷ ᠪᠠᠶᠢᠴᠠᠭᠠᠯᠳᠠ ᠬᠢᠵᠦ᠂ ᠠᠮᠤᠷ ᠲᠦᠪᠰᠢᠨ ᠤ ᠭᠡᠮ ᠰᠤᠭᠤᠬ ᠢ ᠠᠷᠢᠯᠭᠠᠨ᠂ ᠡᠯ᠎ᠠ ᠵᠠᠮ ᠱᠤᠭᠤᠮ ᠢᠶᠠᠷ ᠴᠠᠬᠳᠠᠭ᠎ᠠ ᠶᠢᠨ ᠬᠦᠴᠦᠨ ᠢ ᠳᠤᠬᠢᠷᠠᠭᠤᠯᠤᠨ ᠵᠢᠵᠢᠬᠦᠷᠯᠡᠬᠦᠯᠵᠦ᠂ ᠠᠵᠢᠯᠯᠠᠭᠠᠨ ᠤ ᠯᠠᠪᠳᠠᠭᠤᠨ ᠪᠠᠳᠤᠳᠠᠢ ᠶᠠᠪᠤᠬᠳᠠᠬᠤ ᠶᠢ ᠪᠠᠳᠤᠯᠠᠪᠡ᠃     ᠬᠠᠮᠵᠢᠯᠴᠠᠨ ᠠᠵᠢᠯᠯᠠᠵᠦ ᠬᠠᠮᠳᠤᠪᠡᠷ ᠠᠮᠤᠷ ᠲᠦᠪᠰᠢᠨ ᠤ ᠪᠠᠳᠤᠯᠠᠭ᠎ᠠ ᠬᠠᠨᠭ᠍ᠭᠠᠪᠠ᠃ ︽ᠪᠢᠳᠡᠭᠡᠢ ᠰᠢᠬᠠᠯᠳᠤᠭᠠᠷᠠᠢ᠂ ᠦᠳᠡᠯᠦᠭᠡ ᠨᠠᠰᠤᠳᠠᠨ ᠪᠠ ᠨᠢᠯᠬ᠎ᠠ ᠭᠡᠤᠭᠡᠳ ᠢᠶᠠᠨ ᠰᠠᠶᠢᠬᠠᠨ ᠬᠠᠷᠠᠭᠠᠯᠵᠠᠭᠠᠷᠠᠢ︾᠂ ︽ᠮᠠᠰᠢᠨ ᠳᠡᠷᠭᠡ ᠪᠠᠨ ᠳᠤᠬᠳᠠᠬᠰᠠᠨ ᠪᠠᠶᠢᠷᠢᠨ ᠳᠤ ᠵᠤᠬᠰᠤᠭᠠᠬᠤ ᠭᠡᠷᠡᠭᠳᠠᠢ ᠁︾ ᠭᠡᠵᠦ ᠳᠤᠬᠠᠢ ᠶᠢᠨ ᠳᠠᠯᠠᠪᠤᠷ ᠲᠤ ᠴᠠᠬᠳᠠᠭ᠎ᠠ ᠳᠤᠬᠳᠠᠬᠰᠠᠨ ᠴᠡᠭ ᠱᠤᠭᠤᠮ ᠢᠶᠠᠷ ᠵᠢᠵᠢᠬᠦᠷᠯᠡᠨ ᠰᠠᠬᠢᠵᠦ᠂ ᠳᠤᠭᠤᠷᠢᠨ ᠴᠠᠬᠳᠠᠵᠦ ᠶᠠᠪᠤᠨ᠎ᠠ᠃     ᠬᠠᠤᠯᠢ ᠴᠠᠭᠠᠵᠠ ᠶᠢᠨ ᠤᠬᠠᠭᠤᠯᠭ᠎ᠠ ᠶᠢ ᠤᠯᠠᠨ ᠲᠦᠮᠡᠨ ᠳᠤ ᠬᠦᠷᠭᠡᠪᠡ᠃ ᠠᠵᠢᠯᠯᠠᠭᠠᠨ ᠤ ᠳᠤᠬᠠᠢ ᠶᠢᠨ ᠳᠠᠯᠠᠪᠤᠷ ᠲᠤ᠂ ᠮᠡᠭᠡᠯᠡᠯ ᠢ ᠡᠰᠡᠷᠬᠦᠴᠡᠬᠦ ᠴᠠᠬᠳᠠᠭ᠎ᠠ ᠤᠬᠠᠭᠤᠯᠭ᠎ᠠ ᠶᠢᠨ ᠳᠠᠪᠴᠠᠩ ᠭᠠᠷᠭᠠᠵᠦ᠂ ᠤᠯᠠᠨ ᠲᠦᠮᠡᠨ ᠳᠤ ᠡᠯ᠎ᠠ ᠲᠥᠷᠥᠯ ᠤᠨ ᠮᠡᠭᠡᠯᠡᠯ ᠢ ᠡᠰᠡᠷᠬᠦᠴᠡᠬᠦ ᠤᠬᠠᠭᠤᠯᠭ᠎ᠠ ᠶᠢ ᠰᠠᠶᠢᠳᠤᠷ ᠬᠢᠪᠡ᠃ ᠤᠬᠠᠭᠤᠯᠤᠬᠴᠢ ᠴᠠᠬᠳᠠᠭ᠎ᠠ ᠦᠷᠬᠦᠯᠵᠢ ᠳᠤᠬᠢᠶᠠᠯᠳᠤᠳᠠᠬ ᠰᠦᠯᠵᠢᠶᠡᠨ ᠵᠢᠭᠡᠯᠡᠯᠭᠡ᠂ ᠰᠦᠯᠵᠢᠶᠠᠨ ᠳᠡᠭᠡᠷ᠎ᠠ ᠪᠡᠯᠡ ᠤᠷᠤᠭᠤᠯᠬᠤ ᠵᠡᠷᠭᠡ ᠴᠠᠬᠢᠯᠭᠠᠨ ᠬᠤᠯᠪᠤᠭᠠᠨ ᠤ ᠮᠡᠭᠡᠯᠡᠯ ᠤᠨ ᠲᠦᠷᠦᠯ ᠵᠦᠢᠯ ᠤᠨ ᠤᠨᠴᠠᠯᠢᠬ ᠰᠢᠨᠵᠢ ᠶᠢ ᠵᠠᠳᠠᠯᠤᠨ ᠦᠭᠴᠦ᠂ ᠢᠯᠭᠠᠨ ᠳᠤᠳᠤᠯᠠᠬᠤ ᠵᠢᠴᠢ ᠦᠪᠡᠷ ᠢ ᠪᠠᠨ ᠬᠠᠮᠠᠭᠠᠯᠠᠬᠤ ᠠᠷᠭ᠎ᠠ ᠠᠪᠴᠠᠯ ᠢ ᠬᠢᠨᠠᠮᠠᠭᠠᠢ ᠶᠠᠷᠢᠵᠦ ᠳᠠᠶᠢᠯᠪᠤᠷᠢᠯᠠᠪᠠ᠃ ᠡᠬᠦᠨ ᠠᠴᠠ ᠤᠯᠠᠨ ᠲᠦᠮᠡᠨ ᠤ ᠮᠡᠭᠡᠯᠡᠯ ᠢ ᠰᠡᠷᠭᠡᠶᠢᠯᠡᠵᠦ ᠮᠡᠭᠡᠯᠡᠯ ᠠᠴᠠ ᠵᠠᠶᠢᠯᠠᠬᠤ ᠦᠵᠡᠯ ᠤᠬᠠᠮᠰᠠᠷ ᠢ ᠨᠡᠮᠡᠭᠳᠡᠬᠦᠯᠵᠦ᠂ ᠠᠮᠤᠷ ᠠᠮᠤᠭᠤᠯᠠᠩ ᠵᠠᠯᠠᠶᠢᠳ ᠬᠤᠰᠢᠭᠤᠨ ᠤ ᠪᠦᠳᠦᠭᠡᠨ ᠪᠠᠶᠢᠭᠤᠯᠤᠯᠳᠠ ᠳᠤ ᠬᠦᠴᠦᠨ ᠨᠡᠮᠡᠷᠢᠯᠡᠵᠠᠢ᠃                                 ︵ᠼᠦᠢ ᠸᠧᠨ ᠫᠢᠡᠭ︶
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号