ᠵᠠᠯᠠᠶᠢᠳ ᠬᠤᠰᠢᠭᠤᠨ ᠤ ᠲᠡᠮᠡᠭᠡᠴᠢ ᠪᠠᠯᠭᠠᠰᠤ ᠵᠠᠬᠢᠳᠠᠯ ᠰᠤᠷᠪᠤᠯᠵᠢᠯᠠᠯ ᠤᠨ ᠠᠰᠠᠭᠤᠳᠠᠯ ᠢ ᠰᠢᠢᠳᠪᠤᠷᠢᠯᠡᠬᠦ ᠪᠠᠶᠢᠷᠢᠯᠠᠭᠤᠯᠤᠯᠲᠠ ᠶᠢᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2024/9/19
         ᠤᠶᠢᠷ᠎ᠠ ᠳᠤ᠂ ᠵᠠᠯᠠᠶᠢᠳ ᠬᠤᠰᠢᠭᠤᠨ ᠤ ᠲᠡᠮᠡᠭᠡᠴᠢ ᠪᠠᠯᠭᠠᠰᠤ ᠵᠠᠬᠢᠳᠠᠯ ᠰᠤᠷᠪᠤᠯᠵᠢᠯᠠᠯ ᠤᠨ  ︽ᠶᠡᠬᠡᠪᠡᠷ ᠰᠤᠷᠪᠤᠯᠵᠢᠯᠠᠬᠤ᠂ ᠶᠡᠬᠡᠪᠡᠷ ᠵᠢᠭᠰᠠᠭᠠᠨ ᠪᠠᠶᠢᠴᠠᠭᠠᠬᠤ᠂ ᠶᠡᠬᠡᠪᠡᠷ ᠰᠢᠢᠳᠪᠤᠷᠢᠯᠡᠬᠦ︾ ᠲᠤᠰᠬᠠᠶ ᠠᠵᠢᠯᠯᠠᠭ᠎ᠠ ᠶᠢᠨ ᠪᠠᠶᠢᠷᠢᠯᠠᠭᠤᠯᠤᠯᠲᠠ ᠶᠢᠨ ᠬᠤᠷᠠᠯ ᠬᠤᠷᠠᠯᠳᠤᠭᠤᠯᠵᠤ᠂ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠵᠠᠩ ᠳ᠋ᠧ ᠬᠤᠶ ᠡᠷᠭᠢᠯᠡᠨ ᠬᠤᠷᠠᠯᠳᠤᠭᠤᠯᠪᠠ᠃ ᠬᠤᠷᠠᠯ ᠠᠴᠠ ᠵᠠᠯᠠᠶᠢᠳ ᠬᠤᠰᠢᠭᠤᠨ ᠤ ᠵᠠᠬᠢᠳᠠᠯ ᠰᠤᠷᠪᠤᠯᠵᠢᠯᠠᠯ ᠤᠨ ︽ᠶᠡᠬᠡᠪᠡᠷ ᠰᠤᠷᠪᠤᠯᠵᠢᠯᠠᠬᠤ᠂ ᠶᠡᠬᠡᠪᠡᠷ ᠵᠢᠭᠰᠠᠭᠠᠨ ᠪᠠᠶᠢᠴᠠᠭᠠᠬᠤ᠂ ᠶᠡᠬᠡᠪᠡᠷ ᠰᠢᠢᠳᠪᠦᠷᠢᠯᠡᠬᠦ︾ ᠠᠵᠢᠯᠯᠠᠭ᠎ᠠ ᠶᠢᠨ ᠪᠠᠶᠢᠷᠢᠯᠠᠭᠤᠯᠤᠯᠲᠠ ᠶᠢᠨ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠵᠤ᠂ ᠳᠠᠷᠠᠭ᠎ᠠ ᠨᠢ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ᠂ ᠪᠠᠯᠭᠠᠰᠤᠨ ᠤ ᠳᠠᠷᠤᠭ᠎ᠠ ᠳ᠋ᠧᠩ ᠵᠢᠶᠠᠨ ᠮᠢᠨ ︽ᠪᠦᠬᠦ ᠬᠤᠰᠢᠭᠤᠨ ᠤ ᠵᠠᠬᠢᠳᠠᠯ ᠰᠤᠷᠪᠤᠯᠵᠢᠯᠠᠯ ᠤᠨ ︿ᠶᠡᠬᠡᠪᠡᠷ ᠰᠤᠷᠪᠤᠯᠵᠢᠯᠠᠬᠤ᠂ ᠶᠡᠬᠡᠪᠡᠷ ᠵᠢᠭᠰᠠᠭᠠᠨ ᠪᠠᠶᠢᠴᠠᠭᠠᠬᠤ᠂ ᠶᠡᠬᠡᠪᠡᠷ ᠠᠷᠢᠯᠭᠠᠬᠤ﹀ ᠲᠤᠰᠬᠠᠢ ᠠᠵᠢᠯᠯᠠᠭ᠎ᠠ ᠶᠢᠨ ᠲᠥᠰᠦᠯ︾ ᠪᠣᠯᠤᠨ ᠨᠠᠢᠮᠠᠨ ᠰᠠᠷ᠎ᠠ ᠶᠢᠨ ᠲᠡᠷᠭᠡᠯ ᠪᠠᠶᠠᠷ᠂ ᠤᠯᠤᠰ ᠤᠨ ᠪᠠᠶᠠᠷ ᠤᠨ ᠬᠤᠭᠤᠴᠠᠭᠠᠨ ᠳᠠᠬᠢ ᠠᠮᠢᠨ ᠬᠡᠷᠡᠭ ᠢ ᠰᠡᠷᠭᠡᠶᠢᠯᠡᠨ ᠡᠵᠡᠮᠳᠡᠬᠦ ᠠᠵᠢᠯ ᠤᠨ ᠱᠠᠭᠠᠷᠳᠠᠯᠭ᠎ᠠ ᠶᠢ ᠤᠯᠠᠮᠵᠢᠯᠠᠪᠠ᠃      ᠬᠤᠷᠠᠯ ᠠᠴᠠ  ᠂ ᠨᠠᠮ ᠵᠠᠰᠠᠭ ᠤᠨ ᠤᠳᠤᠷᠢᠳᠬᠤ ᠪᠠᠭ᠂ ᠡᠯ᠎ᠡ ᠭᠠᠴᠠᠭ᠎ᠠ ︵ᠨᠡᠶᠢᠭᠡᠮ ᠲᠣᠭᠤᠷᠢᠭ︶ ᠶᠢᠨ ᠱᠦᠵᠢ᠂ ᠬᠤᠯᠪᠣᠭᠳᠠᠯ ᠪᠥᠬᠦᠶ ᠥᠷᠲᠡᠭᠡ ᠠᠯᠪᠠᠨ ᠬᠡᠷ ᠤᠨ ᠬᠠᠷᠢᠭᠤᠴᠠᠯᠭᠠᠲᠠᠨ ᠨᠥᠬᠦᠳ ︽ᠵᠠᠬᠢᠳᠠᠯ ᠰᠤᠷᠪᠤᠯᠵᠢᠯᠠᠯ  ᠤᠨ ᠠᠵᠢᠯ ᠤᠨ ᠲᠦᠷᠢᠮ︾ ᠪᠣᠯᠤᠨ ᠬᠠᠮᠢᠶ᠎ᠠ ᠪᠥᠬᠦᠶ ᠲᠥᠷᠥ ᠶᠢᠨ ᠪᠣᠳᠣᠯᠭ᠎ᠠ ᠶᠢᠨ ᠪᠢᠴᠢᠭ ᠮᠠᠲ᠋ᠧᠷᠢᠶᠠᠯ ᠢ ᠰᠠᠶᠢᠳᠦᠷ ᠰᠤᠷᠤᠯᠴᠠᠵᠤ᠂ ᠤᠯᠤᠰ ᠲᠥᠷᠥ ᠶᠢᠨ ᠵᠣᠭᠰᠣᠴᠠ ᠪᠠᠨ ᠳᠡᠭᠡᠭᠰᠢᠯᠡᠭᠦᠯᠦᠨ᠂ ︽ᠭᠤᠷᠪᠠ ᠶᠢ ᠪᠣᠳᠠᠲᠠᠶᠢᠵᠢᠭᠤᠯᠵᠤ ᠨᠢᠭᠡ ᠶᠢ ᠰᠢᠢᠳᠪᠦᠷᠢᠯᠡᠬᠦ︾ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠬᠤ ᠬᠡᠷᠡᠭᠲᠡᠶ ᠭᠡᠵᠤ ᠱᠠᠭᠠᠷᠳᠠᠵᠠᠢ᠃       ᠬᠤᠷᠠᠯ ᠠᠴᠠ᠂ ᠠᠵᠢᠯ ᠤᠨ ᠬᠠᠷᠢᠭᠤᠴᠠᠯᠭ᠎ᠠ ᠶᠢ ᠴᠢᠩᠭ᠎ᠠ ᠪᠣᠳᠠᠲᠠᠢ ᠨᠠᠶᠢᠳᠠᠪᠤᠷᠢᠵᠢᠭᠤᠯᠵᠤ᠂ ᠵᠠᠬᠢᠳᠠᠯ ᠰᠤᠷᠪᠤᠯᠵᠢᠯᠠᠯ ᠤᠨ ︽ᠶᠡᠬᠡᠪᠡᠷ ᠰᠤᠷᠪᠤᠯᠵᠢᠯᠠᠬᠤ᠂ ᠶᠡᠬᠡᠪᠡᠷ ᠵᠢᠭᠰᠠᠭᠠᠨ ᠪᠠᠶᠢᠴᠠᠭᠠᠬᠤ᠂ ᠶᠡᠬᠡᠪᠡᠷ ᠰᠢᠢᠳᠪᠦᠷᠢᠯᠡᠬᠦ︾ ᠲᠤᠰᠬᠠᠢ ᠠᠵᠢᠯᠯᠠᠭ᠎ᠠ ᠶᠢ ᠯᠠᠪᠳᠠᠭᠤᠨ ᠪᠠᠲᠤᠲᠠᠢ ᠥᠷᠨᠢᠭᠦᠯᠵᠦ᠂ ᠪᠦᠬᠦ ᠲᠠᠯ᠎ᠠ ᠪᠠᠷ ᠰᠤᠷᠪᠤᠯᠵᠢᠯᠠᠬᠤ᠂ ᠡᠴᠦᠰ ᠲᠤᠨᠢ ᠲᠤᠯᠲᠠᠯ᠎ᠠ ᠵᠢᠭᠰᠠᠭᠠᠨ ᠪᠠᠶᠢᠴᠠᠭᠠᠬᠤ᠂ ᠪᠦᠲᠦᠮᠵᠢᠲᠡᠢ ᠰᠢᠢᠳᠪᠦᠷᠢᠯᠡᠬᠦ ᠶᠢ ᠪᠡᠶᠡᠯᠡᠭᠦᠯᠬᠦ ᠬᠡᠷᠡᠭᠲᠡᠢ᠃ ᠲᠣᠰ ᠤᠳᠠᠭᠠᠨ ᠤ ᠲᠤᠰᠬᠠᠶ ᠠᠵᠢᠯᠯᠠᠭ᠎ᠠ ᠪᠠ ᠬᠡᠷ ᠪᠦᠯᠢ ᠶᠢᠨ ᠤᠷᠤᠭ ᠬᠠᠶᠢᠷ᠎ᠠ ᠶᠢᠨ ᠵᠥᠷᠢᠴᠡᠯ ᠵᠢᠭᠤᠷᠠᠯᠳᠤᠭᠠᠨ ᠢ ᠵᠢᠭᠰᠠᠭᠠᠨ ᠪᠠᠶᠢᠴᠠᠭᠠᠬᠤ ᠵᠡᠷᠭᠡ ᠠᠵᠢᠯ ᠢ ᠨᠢᠭᠡ ᠴᠣᠭᠴᠠᠵᠢᠭᠤᠯᠤᠨ ᠵᠡᠷᠭᠡ ᠪᠠᠷ ᠠᠬᠢᠭᠤᠯᠬᠤ ᠬᠡᠷᠡᠭᠲᠡᠶ᠃ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ᠂ ᠲᠣᠭᠲᠠᠭᠠᠯ ᠶᠣᠰᠣᠭᠠᠷ ᠠᠵᠢᠯ ᠶᠠᠪᠤᠳᠠᠯ ᠭᠦᠢᠴᠡᠳᠭᠡᠬᠦ ᠳᠤ ᠠᠩᠬᠠᠷᠤᠯ ᠢᠶᠠᠨ ᠲᠥᠪᠯᠡᠷᠡᠭᠦᠯᠵᠦ᠂ ᠭᠥᠯᠢᠶᠡᠨ ᠠᠪᠴᠤ ᠰᠢᠢᠳᠪᠦᠷᠢᠯᠡᠬᠦ ᠶᠠᠪᠤᠴᠠ ᠶᠢ ᠤᠯᠠᠮ ᠨᠢᠭᠡ ᠠᠯᠬᠤᠮ ᠵᠢᠷᠤᠮᠵᠢᠭᠤᠯᠤᠨ᠂ ᠰᠢᠢᠳᠪᠦᠷᠢᠯᠡᠬᠦ ᠶᠠᠰᠤ ᠴᠢᠨᠠᠷ ᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠵᠥᠷᠢᠴᠡᠯ ᠢ ᠡᠷᠲᠡᠬᠡᠡ ᠢᠯᠡᠷᠡᠭᠦᠯᠵᠦ᠂ ᠪᠠᠭ᠎ᠠ ᠳᠡᠭᠡᠷ᠎ᠡ ᠨᠢ ᠰᠢᠢᠳᠪᠦᠷᠢᠯᠡᠬᠦ ᠬᠡᠷᠡᠭᠲᠡᠢ᠃ ᠡᠯ᠎ᠡ ᠭᠠᠴᠠᠭᠠᠨ ︵ᠨᠡᠶᠢᠭᠡᠮ ᠲᠣᠭᠤᠷᠢᠭ︶ ᠤ ᠱᠦᠵᠢ ᠬᠠᠷᠢᠶ᠎ᠠ ᠣᠷᠣᠨ ᠤ ᠵᠠᠬᠢᠳᠠᠯ ᠰᠤᠷᠪᠤᠯᠵᠢᠯᠠᠯ ᠤᠨ ᠠᠵᠢᠯ ᠤᠨ ︽ᠨᠢᠭᠡᠳᠦᠭᠡᠷ ᠬᠠᠷᠢᠭᠤᠴᠠᠯᠭᠠᠲᠠᠨ︾ ᠪᠣᠯᠤᠭᠰᠠᠨ ᠤ ᠬᠤᠪᠢ ᠳᠤ᠂ ᠠᠵᠢᠯ ᠤᠨ ᠬᠠᠷᠢᠭᠤᠴᠠᠯᠭ᠎ᠠ ᠪᠠᠨ ᠰᠠᠶᠢᠳᠦᠷ ᠭᠦᠢᠴᠡᠳᠭᠡᠵᠦ᠂ ᠲᠣᠰ ᠤᠳᠠᠭᠠᠨ ᠤ ᠲᠤᠰᠬᠠᠶ ᠠᠵᠢᠯᠯᠠᠭ᠎ᠠ ᠪᠠᠷ ᠠᠵᠠ ᠲᠣᠬᠢᠶᠠᠯ ᠪᠣᠯᠭᠠᠨ᠂ ᠲᠡᠮᠡᠭᠡᠴᠢ ᠪᠠᠯᠭᠠᠰᠤᠨ ᠤ ᠵᠠᠬᠢᠳᠠᠯ ᠰᠤᠷᠪᠤᠯᠵᠢᠯᠠᠯ ᠤᠨ ᠠᠵᠢᠯ ᠤᠨ ᠶᠠᠰᠤ ᠴᠢᠨᠠᠷ ᠪᠠ ᠦᠷ᠎ᠡ ᠪᠦᠲᠦᠮᠵᠢ ᠶᠢ ᠳᠠᠬᠢᠨ ᠰᠢᠨ᠎ᠡ ᠳᠡᠭᠲᠡᠷ ᠲᠤ ᠭᠠᠷᠭᠠᠬᠤ ᠶᠢ ᠠᠬᠢᠭᠤᠯᠬᠤ ᠬᠡᠷᠡᠭᠲᠡᠶ ᠭᠡᠵᠤ ᠴᠢᠬᠤᠯᠠᠴᠢᠯᠠᠪᠠ᠃       ᠲᠡᠮᠡᠭᠡᠴᠢ ᠪᠠᠯᠭᠠᠰᠤᠨ ᠤ ᠨᠠᠮ ᠵᠠᠰᠠᠭ ᠤᠨ ᠤᠳᠤᠷᠢᠳᠬᠤ ᠪᠠᠭ ᠤᠨ ᠪᠦᠷᠢᠯᠳᠦᠬᠦᠨ᠂ ᠲᠣᠮᠢᠯᠠᠭᠰᠠᠨ ᠰᠠᠯᠪᠤᠷᠢ ᠂ ᠠᠮᠤᠷ  ᠠᠮᠤᠭᠤᠯᠠᠩ ᠤᠨ ᠠᠯᠪᠠᠨ ᠭᠡᠷ᠂ ᠬᠠᠤᠯᠢ ᠴᠠᠭᠠᠵᠠ ᠶᠢᠨ ᠭᠠᠵᠠᠷ᠂ ᠡᠯ᠎ᠡ ᠭᠠᠴᠠᠭᠠᠨ ︵ᠨᠡᠶᠢᠭᠡᠮ ᠲᠣᠭᠤᠷᠢᠭ ︶ ᠤ ᠱᠦᠵᠢ ᠬᠤᠷᠠᠯ ᠳᠤ ᠣᠷᠣᠯᠴᠠᠪᠠ᠃
 
ᠢᠷᠡᠯᠲᠡ᠄ ᠲᠡᠮᠡᠭᠡᠴᠢ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号