ᠵᠠᠯᠠᠶᠢᠳ ᠤᠨ ᠶ᠋‍‌ᠵᠢᠭᠤᠯᠴᠢᠯᠠᠯ — 2024 ᠣᠨ ᠤ ᠬᠢᠩᠭᠠᠨ ᠠᠶᠢᠮᠠᠭ ᠤᠨ ᠨᠠᠭᠠᠳᠤᠮ ᠤᠨ ᠤᠯᠠᠷᠢᠯ ᠤᠨ ᠠᠵᠢᠯᠯᠠᠭ᠎ᠠ ᠲᠡᠭᠦᠰ ᠠᠮᠵᠢᠯᠲᠠᠲᠠᠶ ᠦᠨᠳᠦᠷᠯᠡᠪᠡ
ᠨᠡᠶᠢᠲᠡᠯᠡᠭᠰᠡᠨ ᠴᠠᠭ᠄
2024/8/20
     8 ᠰᠠᠷ᠎ᠠ ᠶᠢᠨ 18 ᠤ ᠡᠳᠦᠷ᠂ 2024 ᠤᠨ ᠤ ᠬᠢᠩᠭᠠᠨ ᠠᠶᠢᠮᠠᠭ ᠤᠨ ᠨᠠᠭᠠᠳᠤᠮ ᠤᠨ ᠤᠯᠠᠷᠢᠯ ᠤᠨ ᠠᠵᠢᠯᠯᠠᠭ᠎ᠠ ᠶᠢᠨ ᠡᠯ᠎ᠡ ᠵᠦᠢᠯ ᠤᠨ ᠤᠷᠤᠯᠳᠤᠭᠠᠨ ᠤ ᠲᠦᠷᠦᠯ ᠵᠦᠢᠯ ᠢ ᠤᠷᠤᠭᠰᠢᠳᠠᠢ ᠶᠠᠪᠤᠭᠳᠠᠭᠤᠯᠤᠨ ᠲᠠᠭᠤᠰᠬᠠᠵᠦ ᠂ ᠪᠦᠯᠬᠦᠮᠳᠡᠯ ᠲᠠᠢ᠂ ᠪᠠᠶᠠᠷ ᠪᠠᠶᠠᠰᠤᠯ ᠲᠠᠢ᠂ ᠦᠯᠵᠡᠢ ᠪᠡᠯᠭᠡ ᠲᠠᠢ ᠠᠭᠤᠷ ᠠᠮᠢᠰᠬᠤᠯ ᠤᠨ ᠲᠤᠮᠳᠠ ᠲᠡᠬᠦᠰ ᠠᠮᠵᠢᠯᠳᠠᠳᠠᠢ ᠦᠨᠳᠦᠷᠯᠡᠭᠦᠯᠵᠦ᠂ ᠲᠤᠪᠤᠶᠢᠮ᠎ᠠ ᠬᠤᠪᠢ ᠨᠡᠮᠡᠷᠢ ᠦᠵᠡᠬᠦᠯᠦᠭᠰᠡᠨ 87 ᠬᠠᠮᠳᠦ ᠨᠡᠶᠢᠳᠡ᠂ 77 ᠬᠤᠪᠢ ᠬᠦᠮᠦᠨ ᠢ ᠬᠦᠬᠢᠬᠦᠯᠦᠨ ᠰᠠᠶᠢᠰᠢᠶᠠᠵᠦ᠂ ᠤᠯᠠᠨ ᠲᠦᠮᠡᠨ ᠢᠶᠠᠨ ᠵᠤᠷᠢᠬᠵᠢᠭᠤᠯᠵᠠᠢ᠃ ᠲᠤᠰ ᠤᠳᠠᠭᠠᠨ ᠤ ᠠᠵᠢᠯᠯᠠᠭ᠎ᠠ ᠶᠢᠨ ᠬᠤᠭᠤᠴᠠᠭᠠᠨ ᠳᠤ 120 ᠲᠦᠮᠡᠨ ︵ᠤᠳᠠᠭ᠎ᠠ︶ ᠵᠢᠭᠤᠯᠴᠢᠯᠠᠬᠴᠢ ᠶᠢ ᠤᠬᠳᠤᠵᠦ᠂ ᠵᠢᠭᠤᠯᠴᠢᠯᠠᠯ ᠤᠨ ᠪᠦᠳᠦᠭᠡᠭᠳᠡᠬᠦᠨ ᠢ ᠮᠠᠰᠢ ᠤᠯᠠᠨ ᠪᠤᠷᠤᠯᠠᠭᠤᠯᠵᠦ᠂ ᠵᠢᠭᠤᠯᠴᠢᠯᠠᠯ ᠤᠨ ᠤᠷᠤᠯᠭ᠎ᠠ ᠶᠢ 12.2 ᠳ᠋ᠦ᠋ᠩᠰᠢᠭᠤᠷ ᠲᠦᠭᠦᠷᠢᠭ ᠡᠭᠦᠳᠴᠦ᠂ 1.3 ᠲᠦᠮᠡ ᠭᠠᠷᠤᠢ ᠬᠦᠮᠦᠨ ᠳᠤ ᠠᠵᠢᠯ ᠤᠯᠭᠤᠨ᠂ ᠨᠠᠭᠠᠳᠤᠮ ᠤᠨ ᠬᠤᠷᠠᠯ ᠢ ᠰᠢᠨ᠎ᠡ ᠲᠦᠪᠰᠢᠨ ᠳᠤ ᠬᠦᠷᠭᠡᠵᠦ᠂ ᠤᠯᠠᠮᠵᠢᠯᠠᠯᠲᠤ ᠰᠤᠶᠤᠯ ᠢᠶᠠᠨ ᠬᠤᠯᠠ ᠤᠶᠢᠷ᠎ᠠ ᠳᠤ ᠠᠯᠳᠠᠷᠰᠢᠭᠤᠯᠪᠡ᠃      ᠪᠢᠯᠢᠭᠪᠡᠭᠠᠳᠤᠷ ᠤᠨ ᠲᠠᠭᠤᠯᠠᠭᠰᠠᠨ ︽ᠮᠠᠭᠲᠠᠭᠠᠯ ᠳᠠᠭᠤᠤ︾᠂ ᠴᠡᠴᠡᠭᠮ᠎ᠠ ᠶᠢᠨ ᠲᠠᠭᠤᠯᠠᠬᠰᠠᠨ ︽ᠮᠠᠯᠴᠢᠨ ᠠᠷᠠᠳ ᠤᠨ ᠵᠣᠯ ᠵᠢᠷᠭᠠᠯᠲᠤ ᠠᠮᠢᠳᠤᠷᠠᠯ︾᠂ ᠴᠢ ᠹᠧᠩ ᠤᠨ ᠳᠠᠭᠤᠯᠠᠭᠰᠠᠨ ︽ᠵᠢᠷᠤᠭ᠎ᠠ ᠮᠣᠷᠢ︾ ᠵᠢᠴᠢ ᠤᠷᠠᠨ᠎ᠠ ᠶᠢᠨ ᠲᠠᠭᠤᠯᠠᠬᠰᠠᠨ ︽ᠲᠦᠯ ᠤᠨ ᠲᠠᠭᠤᠤ︾ ᠵᠡᠷᠭᠡ ᠤᠷᠠᠨ ᠰᠠᠶᠢᠬᠠᠨ ᠤ ᠲᠤᠭᠯᠠᠯᠳᠠ ᠪᠠᠷ ᠲᠤᠰ ᠤᠳᠠᠭᠠᠨ ᠤ ᠨᠠᠭᠠᠳᠤᠮ ᠤᠨ ᠤᠯᠠᠷᠢᠯ ᠢ ᠲᠡᠬᠦᠰᠭᠡᠵᠦ᠂ ᠬᠦᠷᠦᠯᠴᠡᠨ ᠢᠷᠡᠭᠰᠡᠨ ᠬᠦᠮᠦᠨ ᠵᠤᠨ ᠤ ᠪᠠᠨ ᠪᠠᠭ᠋ᠠᠷᠬᠠᠯ ᠢ ᠤᠯᠵᠠᠢ᠃ ᠪᠠᠰᠠ ᠤᠯᠠᠭᠠᠨᠳᠤᠶᠠᠭ᠎ᠠ᠂ ᠠᠭᠤᠳᠠᠮ ᠵᠡᠷᠭᠡ ᠨᠡᠷᠡᠳᠦ ᠳᠠᠭᠤᠴᠢᠨ ᠪᠣᠯᠤᠨ ᠬᠥᠭᠵᠢᠮ ᠤᠨ ᠠᠩᠬᠢ ᠶᠢ ᠤᠷᠢᠵᠦ᠂ ᠬᠦᠷᠦᠯᠴᠡᠨ ᠢᠷᠡᠭᠰᠡᠨ ᠵᠢᠭᠤᠯᠴᠢᠯᠠᠭᠴᠢᠳ ᠲᠤ ᠭᠤᠶᠢᠳᠠ ᠰᠠᠶᠢᠬᠠᠨ ᠲᠠᠭᠤᠤ ᠬᠦᠭᠵᠢᠮ ᠤᠨ ᠬᠦᠷᠳᠡᠭᠡᠯ ᠤᠯᠭᠤᠵᠠᠢ᠃ ᠵᠠᠯᠠᠭᠤ ᠳᠠᠭᠤᠴᠢᠨ ᠠᠭᠤᠳᠠᠮ ᠬᠠᠩᠭᠠᠶ ᠨᠤᠲᠤᠭ ᠤᠯᠠᠭᠠᠨᠮᠤᠳᠤ ᠶᠢᠨ ᠰᠠᠶᠢᠨ ᠰᠠᠶᠢᠬᠠᠨ ᠦᠵᠡᠮᠵᠢ ᠳᠤ ᠲᠠᠳᠠᠭᠳᠠᠬᠤ ᠳᠠᠭᠠᠨ᠄ ︽ᠡ᠊ᠨᠳᠡᠬᠢ ᠠᠭᠤᠯᠠ ᠤᠰᠤ ᠦᠵᠡᠰᠬᠦᠯᠡᠩᠳᠦ ᠰᠠᠶᠢᠬᠠᠨ᠂ ᠡ᠊ᠨᠳᠡᠬᠢ ᠬᠦᠮᠦᠰ ᠤᠨ ᠰᠡᠳᠬᠢᠯ ᠨᠢ ᠨᠡᠩ ᠴᠠᠶᠢᠯᠭᠠᠨ︾ ᠭᠡᠵᠦ ᠳᠠᠬᠢᠨ ᠳᠠᠪᠳᠠᠨ ᠶᠠᠷᠢᠵᠤ ᠪᠠᠶᠢᠯ᠎ᠠ᠃      2024 ᠣᠨ ᠤ ᠬᠢᠩᠭᠠᠨ ᠠᠶᠢᠮᠠᠭ ᠤᠨ ᠨᠠᠭᠠᠳᠤᠮ ᠤᠨ ᠤᠯᠠᠷᠢᠯ ᠤᠨ ᠠᠵᠢᠯᠯᠠᠭ᠎ᠠ ᠨᠡᠶᠢᠲᠡ 33 ᠡᠳᠦᠷ ᠶᠠᠪᠤᠭᠳᠠᠵᠦ᠂ ᠥᠩᠭᠡᠷᠡᠭᠰᠡᠨ ᠤ ᠬᠢ ᠲᠠᠢ ᠪᠠᠨ ᠬᠠᠷᠢᠴᠠᠭᠤᠯᠪᠠᠯ ᠴᠠᠭ ᠢᠶᠠᠷ ᠬᠠᠮᠤᠭ ᠣᠷᠳᠣ᠂ ᠠᠭᠤᠯᠭ᠎ᠠ ᠪᠠᠷ ᠬᠠᠮᠤᠭ ᠪᠠᠶᠠᠯᠢᠭ᠂ ᠨᠦᠯᠦᠭᠡᠯᠡᠬᠦ ᠬᠦᠴᠦᠨ ᠢᠶᠠᠷ ᠬᠠᠮᠤᠭ ᠴᠢᠩᠭ᠎ᠠ ᠨᠢᠭᠡᠨ ᠤᠳᠠᠭᠠᠨ ᠤ ᠲᠡᠯᠭᠡᠷ ᠰᠠᠶᠢᠬᠠᠨ ᠨᠠᠶᠢᠷ ᠪᠤᠯᠤᠬᠰᠠᠨ ᠪᠠᠶᠢᠵᠠᠢ᠃ ᠨᠠᠭᠠᠳᠤᠮ ᠤᠨ ᠤᠯᠠᠷᠢᠯ ᠤᠨ ᠠᠵᠢᠯᠯᠠᠭ᠎ᠠ ᠪᠠᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠦ ᠴᠤᠭᠴᠠᠯᠠᠬᠤ ᠪᠠᠷ ᠭᠤᠣᠯ ᠰᠢᠵᠢᠮ ᠪᠤᠯᠭᠠᠵᠦ᠂ ᠰᠤᠶᠤᠯ ᠢᠶᠠᠷ ᠵᠢᠭᠤᠯᠴᠢᠯᠠᠯ ᠢ ᠬᠦᠭᠵᠢᠬᠦᠯᠵᠦ᠂ ᠵᠢᠭᠤᠯᠴᠢᠯᠠᠯ ᠢᠶᠠᠷ ᠰᠤᠶᠤᠯ ᠢ ᠠᠬᠢᠭᠤᠯᠤᠨ᠂ ᠤᠯᠠᠮᠵᠢᠯᠠᠯᠳᠦ ᠨᠠᠭᠠᠳᠤᠮ ᠢ ᠰᠤᠨᠢᠷᠬᠠᠬᠤ᠂ ᠰᠤᠶᠤᠯ ᠤᠷᠠᠯᠢᠭ ᠢ ᠲᠡᠯᠭᠡᠨ ᠦᠵᠡᠭᠦᠯᠬᠦ᠂ ᠪᠡᠶ᠎ᠡ ᠶᠢᠨ ᠲᠠᠮᠢᠷ ᠤᠨ ᠤᠷᠤᠯᠳᠤᠭᠠᠨ ᠶᠠᠪᠤᠬᠳᠠᠭᠤᠯᠬᠤ᠂ ᠵᠢᠭᠤᠯᠴᠢᠯᠠᠯ ᠢ ᠪᠡᠶᠡᠴᠢᠯᠡᠨ ᠤᠶᠢᠯᠠᠭᠠᠬᠤ ᠵᠡᠷᠭᠡ ᠲᠦᠷᠪᠡᠨ ᠶᠡᠭᠡ ᠲᠦᠷᠦᠯ ᠤᠨ 100 ᠭᠠᠷᠤᠢ ᠵᠦᠢᠯ ᠤᠨ ᠠᠵᠢᠯᠯᠠᠭ᠎ᠠ ᠲᠤᠬᠢᠷᠠᠭᠤᠯᠵᠦ᠂ ᠦᠷᠭᠡᠨ ᠤᠯᠠᠨ ᠵᠢᠭᠤᠯᠴᠢᠯᠠᠭᠴᠢ ᠶᠢᠨ ᠬᠠᠷᠠᠭ᠎ᠠ ᠰᠤᠨᠤᠷ ᠢ ᠪᠠᠶᠠᠰᠬᠠᠵᠦ᠂ ᠲᠡᠳᠡᠨ ᠳᠤ ᠳᠠᠯ᠎ᠠ ᠨᠤᠳᠤᠬ ᠤᠨ ᠭᠤᠶᠤ ᠰᠠᠶᠢᠬᠠᠨ ᠢ ᠪᠡᠶᠡᠴᠢᠯᠡᠨ ᠤᠶᠢᠯᠠᠭᠠᠭᠤᠯᠵᠠᠢ᠃ ᠪᠠᠰᠠ ᠤᠷᠤᠰ᠂ ᠮᠤᠩᠭᠤᠯ ᠵᠡᠷᠬᠡ 12 ᠤᠯᠤᠰ ᠠᠴᠠ ᠢᠷᠡᠭᠰᠡᠨ ᠬᠦᠮᠦᠰ ᠢ ᠨᠠᠭᠠᠳᠤᠮ ᠤᠨ ᠤᠯᠠᠷᠢᠯ ᠤᠨ ᠠᠵᠢᠯᠯᠠᠭ᠎ᠠ ᠳᠠᠭᠠᠨ ᠤᠷᠤᠯᠴᠠᠭᠤᠯᠵᠦ᠂ ᠲᠤᠮᠳᠠᠳᠦ ᠶᠢᠨ ᠰᠤᠶᠤᠯ ᠤᠨ ᠷᠢᠳᠢ ᠰᠢᠳᠢ ᠶᠢ ᠭᠠᠶᠢᠬᠠᠭᠤᠯᠪᠠ᠃      ᠪᠦᠷᠢᠳᠭᠡᠯ ᠢ ᠦᠨᠳᠦᠰᠦᠯᠡᠪᠡᠯ᠂ ᠵᠢᠭᠤᠯᠴᠢᠯᠠᠭᠴᠢ ᠶᠢᠨ ᠲᠤᠭ᠎ᠠ ᠦᠩᠭᠡᠷᠡᠭᠰᠡᠨ ᠵᠢᠯ ᠤᠨ ᠠᠳᠠᠯᠢ ᠬᠠᠷᠢᠴᠠᠭᠤᠯᠪᠠᠯ ᠮᠡᠳᠡᠭᠳᠡᠮ᠎ᠡ ᠨᠡᠮᠡᠭᠳᠡᠵᠦ᠂ ᠪᠦᠬᠦ ᠠᠶᠢᠮᠠᠭ ᠢᠶᠠᠷ ᠢᠶᠠᠨ 200 ᠲᠦᠮᠡᠨ ︵ᠤᠳᠠᠭ᠎ᠠ︶ ᠵᠢᠭᠤᠯᠴᠢᠯᠠᠬᠴᠢ ᠶᠢ ᠬᠦᠯᠢᠶᠡᠨ ᠠᠪᠴᠠᠢ᠃ ᠭᠠᠭᠴᠠᠬᠦ 7 ᠰᠠᠷ᠎ᠠ ᠶᠢᠨ 17 ᠤ ᠡᠳᠦᠷ ᠶᠠᠪᠤᠭᠳᠠᠭᠰᠠᠨ ᠨᠠᠭᠠᠳᠤᠮ ᠤᠨ ᠤᠯᠠᠷᠢᠯ ᠤᠨ ᠠᠵᠢᠯᠯᠠᠭ᠎ᠠ ᠶᠢᠨ ᠡᠬᠢᠯᠡᠯᠳᠡ ᠶᠢᠨ ᠶᠤᠰᠤᠯᠠᠯ ᠪᠠ 8 ᠰᠠᠷ᠎ᠠ ᠶᠢᠨ 8 ᠤ ᠡᠳᠦᠷ ᠶᠠᠪᠤᠭᠳᠠᠭᠰᠠᠨ ᠬᠢᠩᠭᠠᠨ ᠠᠶᠢᠮᠠᠭ ᠤᠨ ᠨᠠᠭᠠᠳᠤᠮ ᠤᠨ ᠡᠬᠢᠯᠡᠯᠳᠡ ᠶᠢᠨ ᠶᠤᠰᠤᠯᠠᠯ ᠲᠡᠭᠡᠷ᠎ᠠ ᠲᠤᠰ ᠪᠦᠷᠢ 12 ᠲᠦᠮᠡᠨ ︵ᠤᠳᠠᠭ᠎ᠠ︶ ᠵᠢᠭᠤᠯᠴᠢᠯᠠᠬᠴᠢ ᠪᠠ 17.8 ᠲᠦᠮᠡᠨ ︵ᠤᠳᠠᠭ᠎ᠠ︶ ᠵᠢᠭᠤᠯᠴᠢᠯᠠᠬᠴᠢ ᠶᠢ ᠬᠦᠯᠢᠶᠡᠨ ᠠᠪᠴᠤ᠂ ᠵᠢᠭᠤᠯᠴᠢᠯᠠᠯ ᠤᠨ ᠤᠷᠤᠯᠭ᠎ᠠ ᠶᠢ ᠲᠤᠰ ᠲᠤᠰ 1.2 ᠳ᠋ᠦᠩᠰᠢᠭᠤᠷ ᠲᠥᠭᠦᠷᠢᠭ ᠪᠠ 1.7 ᠳ᠋ᠦᠩᠰᠢᠭᠤᠷ ᠲᠥᠭᠦᠷᠢᠭ ᠢᠯᠡᠭᠦᠤ ᠡᠭᠦᠳᠴᠦ ᠂ ᠨᠠᠭᠠᠳᠤᠮ ᠤᠨ ᠤᠯᠠᠷᠢᠯ ᠤᠨ ᠠᠵᠢᠯᠯᠠᠭ᠎ᠠ ᠶᠢ ᠨᠢᠭᠡᠨ ᠬᠦᠴᠦᠷᠭᠡᠭ ᠶᠡᠭᠡ ᠲᠠᠳᠠᠬᠤ ᠬᠦᠴᠦᠨ ᠲᠠᠢ᠂ ᠬᠢᠩᠭᠠᠨ ᠠᠶᠢᠮᠠᠭ ᠤᠨ ᠵᠢᠭᠤᠯᠴᠢᠯᠠᠯ ᠢ ᠬᠦᠭᠵᠢᠭᠦᠯᠬᠦ ᠰᠠᠶᠢᠬᠠᠨ ᠦᠢᠯᠡᠰ ᠪᠤᠯᠭᠠᠬᠰᠠᠨ ᠪᠠᠶᠢᠨ᠎ᠠ᠃
     ᠵᠢᠷᠤᠭ ᠲᠤ ᠨᠠᠭᠠᠳᠤᠮ ᠤᠨ ᠤᠯᠠᠷᠢᠯ ᠤᠨ ᠠᠵᠢᠯᠯᠠᠭ᠎ᠠ ᠶᠢᠨ ᠲᠡᠬᠦᠰᠬᠦ ᠶᠤᠰᠤᠯᠠᠯ ᠲᠡᠭᠡᠷ᠎ᠠ ᠲᠤᠪᠤᠶᠢᠮ᠎ᠠ ᠬᠤᠪᠢ ᠨᠡᠮᠡᠷᠢ ᠦᠵᠡᠭᠦᠯᠦᠭᠰᠡᠨ ᠬᠠᠮᠳᠤ ᠨᠡᠶᠢᠳᠡ ᠪᠠ ᠬᠤᠪᠢ ᠬᠦᠮᠦᠨ ᠢ ᠬᠦᠬᠢᠬᠦᠯᠦᠨ ᠰᠠᠶᠢᠶᠠᠰᠢᠵᠦ ᠪᠤᠢ᠃             ᠮᠸᠢ ᠬᠤᠸ᠋ᠨ   ᠤᠷᠠᠠᠲᠤᠳᠢ   ᠱᠤᠸᠠᠩ ᠴᠢᠤᠸᠠᠨ ᠰᠡᠬᠦᠳᠡᠷᠯᠡᠨ ᠮᠡᠳᠡᠭᠡᠯᠡᠪᠡ
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号